ᠬᠦᠬᠡᠬᠤᠳᠠ ᠰᠦᠯᠵᠢᠶᠡᠨ᠎ᠤ ᠮᠡᠬᠡᠯᠡᠯ᠎ᠤᠨ ᠡᠳᠡᠬᠡᠳ᠎ᠲᠦ ᠵᠤᠭᠤᠰ ᠮᠦᠩᠬᠦ ᠰᠢᠯᠵᠢᠬᠦᠯᠵᠦ ᠦᠭᠭᠦᠭᠰᠡᠨ ᠡᠪᠰᠡᠯ ᠪᠦᠯᠦᠭ᠎ᠢ ᠰᠦᠢᠷᠡᠬᠦᠯᠵᠡᠢ
2021-10-26 09:57:44
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭ᠍ᠴᠢ ᠬᠥᠬᠡᠬᠣᠲᠠ᠎ᠶ᠋ᠢᠨ ᠢᠦᠢᠴᠢᠤᠸᠠᠨ ᠲᠣᠭᠣᠷᠢᠭ᠎ᠤᠨ ᠳᠣᠲᠣᠭᠠᠳᠤ᠎ᠶ᠋ᠢ ᠬᠠᠮᠠᠭᠠᠯᠠᠬᠤ ᠬᠤᠪᠢᠶᠠᠷᠢ ᠲᠣᠪᠴᠢᠶ᠎ᠠ ᠡᠴᠨ ᠣᠢᠯᠠᠭᠠᠭ᠍ᠰᠠᠨ᠎ᠢᠶᠠᠷ᠂ ᠤᠷᠴᠢᠮᠬᠠᠨ ᠲᠣᠰ ᠲᠣᠪᠴᠢᠶ᠎ᠠ ᠎ᠨᠢ ᠰᠦᠯᠵᠢᠶᠡᠨ᠎ᠦ ᠮᠡᠬᠡᠯᠡᠯ᠎ᠦᠨ ᠡᠲᠡᠭᠡᠳ᠎ᠲᠦ ᠣᠷᠳᠣ ᠬᠤᠭᠤᠴᠠᠭ᠎ᠠ᠎ᠪᠠᠷ ᠬᠡᠷᠡᠭ ᠎ᠲᠦ ᠬᠤᠯᠪᠤᠬᠳᠠᠬᠰᠠᠨ ᠵᠤᠭᠤᠰ ᠮᠦᠩᠬᠦ ᠵᠢ ᠱᠢᠯᠵᠢᠭᠦᠯᠦᠨ ᠥᠭ᠌ᠭᠦᠭ᠌ᠰᠡᠨ ᠨᠢᠭᠡ ᠡᠪᠰᠡᠯ ᠪᠦᠯᠦᠭ᠎ᠢ ᠠᠮᠵᠢᠯᠲᠠ᠎ᠲᠠᠶ ᠰᠦᠶ᠋ᠷᠡᠭᠦᠯᠵᠦ᠍᠂ ᠶᠠᠯ᠎ᠠ ᠬᠢᠭ᠌ᠰᠡᠨ ᠰᠡᠵᠢᠭ᠌ᠯᠡᠯᠲᠡᠶ 21ᠬᠦᠮᠦᠨ᠎ᠢ ᠪᠠᠷᠢᠪᠴᠢᠯᠠᠵᠦ᠂ ᠬᠡᠷᠡᠭ᠎ᠲᠦ ᠬᠣᠯᠪᠣᠭ᠍ᠳᠠᠭ᠍ᠰᠠᠨ ᠵᠣᠭᠣᠰᠤᠨ ᠲᠣᠭ᠎ᠠ 2 ᠳ᠋ᠦᠩᠱᠢᠭᠤᠷ ᠲᠥᠭᠥᠷᠢᠭ᠎ᠲᠦ ᠬᠦᠷᠴᠡᠶ᠃ 

ᠲᠠᠨᠢᠯᠴᠠᠭᠤᠯᠤᠭ᠍ᠰᠠᠨ᠎ᠢᠶᠠᠷ᠂ ᠴᠠᠬᠳᠠᠭᠠᠨ ᠲᠠᠯ᠎ᠠ ᠵᠢᠨ ᠬᠢᠨ ᠬᠣᠯᠪᠣᠭ᠍ᠳᠠᠯ ᠪᠥᠬᠥᠶ ᠰᠦᠪᠡᠭ᠌ᠴᠢ᠎ᠶ᠋ᠢ ᠵᠠᠳᠠᠯᠤᠨ ᠱᠢᠨᠵᠢᠯᠡᠵᠦ᠍ ᠰᠤᠳᠤᠯᠤᠨ ᠮᠠᠭᠠᠳᠯᠠᠬᠤ ᠎ᠪᠠᠷ ᠳᠡᠮᠵᠢᠨ᠂ ᠣᠢᠷ᠎ᠠ᠎ᠳᠤ ᠭᠤᠸᠠᠩᠳᠦ᠋ᠩ ᠨᠤᠲᠤᠭ᠎ᠲᠠᠶ ᠨᠢᠭᠡ ᠪᠦᠯᠦᠭ ᠵᠠᠯᠠᠭᠤᠴᠤᠳ ᠬᠥᠬᠡᠬᠣᠲᠠ᠎ᠳᠤ ᠴᠠᠬᠢᠯᠭᠠᠨ ᠬᠣᠯᠪᠣᠭ᠎ᠠ᠎ᠪᠠᠷ ᠮᠡᠬᠡᠯᠡᠬᠦ᠌ ᠪᠤᠯᠤᠨ ᠵᠣᠭᠣᠰ ᠤᠬᠢᠶᠠᠬᠤ ᠬᠠᠤᠯᠢ ᠡᠴᠨ ᠵᠥᠷᠢᠴᠡᠭ᠌ᠰᠡᠨ ᠶᠠᠯᠠᠲᠤ ᠠᠵᠢᠯᠯᠠᠭ᠎ᠠ ᠬᠢᠵᠦ᠍ ᠪᠠᠢᠬᠤ ᠪᠤᠯᠤᠯᠴᠠᠭ᠎ᠠ ᠲᠠᠢ ᠪᠤᠯᠬᠤ ᠵᠢ ᠣᠯᠵᠤ ᠮᠡᠳᠡᠵᠡᠶ᠃ ᠢᠦᠢᠴᠢᠤᠸᠠᠨ ᠲᠣᠭᠣᠷᠢᠭ᠎ᠤᠨ ᠳᠣᠲᠣᠭᠠᠳᠤ᠎ᠶ᠋ᠢ ᠬᠠᠮᠠᠭᠠᠯᠠᠬᠤ ᠬᠤᠪᠢᠶᠠᠷᠢ ᠲᠤᠪᠴᠢᠶ᠎ᠠ ᠵᠢᠨ ᠬᠢᠨ ᠲᠡᠷᠡ ᠲᠠᠷᠤᠢ᠎ᠳᠤᠨᠢ ᠬᠡᠷᠡᠭ᠎ᠢ ᠲᠠᠩᠨᠠᠨ ᠢᠯᠡᠷᠡᠭᠦᠯᠬᠦ᠌ ᠠᠵᠢᠯ᠎ᠢ ᠪᠦᠬᠦ᠌ ᠬᠦᠴᠦᠨ᠎ᠢᠶᠡᠷ᠎ᠢᠶᠡᠨ ᠥᠷᠨᠢᠭᠦᠯᠵᠦ᠂ ᠲᠤᠰᠭᠠᠶ ᠬᠡᠷᠡᠭ᠎ᠦᠨ ᠳᠤᠭᠤᠢᠯᠠᠩ ᠪᠠᠢᠭᠤᠯᠵᠦ᠂ ᠯᠦᠸᠧ ᠣᠪᠣᠭ᠍ᠲᠤ᠂ ᠬᠤᠸᠠᠩ ᠣᠪᠣᠭ᠍ᠲᠤ᠂ ᠰᠢᠶᠸ ᠣᠪᠣᠭ᠍ᠲᠤ᠎ᠪᠠᠷ ᠭᠤᠤᠯᠯᠠᠭ᠍ᠴᠢ ᠪᠦᠷᠢᠯᠳᠦᠬᠦᠨ ᠪᠤᠯᠭᠠᠬᠰᠠᠨ 20 ᠭᠠᠷᠤᠢ ᠬᠦᠮᠦᠨ᠎ᠤ ᠵᠤᠭᠤᠰ ᠤᠬᠢᠶᠠᠬᠤ ᠶᠠᠯᠠᠳᠤ ᠡᠪᠰᠡᠯ ᠪᠦᠯᠦᠭ ᠪᠤᠯᠤᠬᠰᠠᠨ᠎ᠢ ᠢᠯᠡᠷᠡᠬᠦᠯᠵᠦ᠂ ᠬᠥᠬᠡᠬᠣᠲᠠ᠎ᠶ᠋ᠢᠨ ᠱᠢᠨ᠎ᠡ ᠬᠣᠲᠠ ᠲᠣᠭᠣᠷᠢᠭ᠎ᠤᠨ ᠨᠢᠭᠡᠨ ᠪᠠᠭᠤᠳᠠᠯ ᠡᠴᠡ ᠶᠠᠯ᠎ᠠ ᠵᠢᠨ ᠰᠡᠵᠢᠭ᠌ᠳᠡᠨ 21 ᠬᠥᠮᠦᠨ᠎ᠢ ᠪᠠᠷᠢᠪᠴᠢᠯᠠᠵᠤ ᠂ ᠬᠡᠷᠡᠭ ᠲᠸ᠋ ᠬᠤᠯᠪᠤᠬᠳᠠᠬᠰᠠᠨ 30 ᠭᠠᠷᠤᠶ ᠭᠠᠷ ᠤᠲᠠᠰᠤ ᠪᠠ  130 ᠭᠠᠷᠤᠶ ᠪᠠᠩᠬᠢ᠎ᠶ᠋ᠢᠨ ᠺᠠᠷᠲ ᠎ᠢ ᠪᠠᠢᠴᠠᠭᠠᠨ ᠭᠠᠷᠭᠠᠵᠤ᠂ ᠡᠨᠡ ᠬᠦ᠌ ᠣᠷᠳᠣ ᠬᠤᠭᠤᠴᠠᠭ᠎ᠠ᠎ᠪᠠᠷ ᠰᠦᠯᠵᠢᠶᠡᠨ᠎ᠦ ᠮᠡᠬᠡᠯᠡᠯ᠎ᠤᠨ ᠡᠳᠡᠬᠡᠳ᠎ᠲᠦ ᠵᠤᠭᠤᠰ ᠮᠦᠩᠬᠦ ᠰᠢᠯᠵᠢᠬᠦᠯᠦᠨ ᠦᠭᠭᠦᠭᠰᠡᠨ ᠡᠪᠰᠡᠯ ᠪᠦᠯᠦᠭ᠎ᠢ ᠠᠮᠵᠢᠯᠳᠠ ᠲᠠᠢ ᠰᠦᠢᠷᠡᠬᠦᠯᠪᠡ᠃

ᠪᠠᠢᠴᠠᠭᠠᠭ᠍ᠰᠠᠨ᠎ᠢᠶᠠᠷ᠂ ᠲᠣᠰ ᠡᠪᠰᠡᠯ ᠪᠦᠯᠦᠭ᠎ᠤᠨ ᠪᠦᠷᠢᠯᠳᠦᠬᠦᠨ ᠨᠢ ᠴᠦᠮ ᠳᠤᠬᠳᠠᠬᠰᠠᠨ ᠠᠵᠢᠯ ᠥᠬᠡᠶ᠂ ᠲᠣᠭ᠍ᠲᠠᠪᠤᠷᠢᠲᠠᠶ ᠣᠷᠣᠯᠭ᠎ᠠ ᠥᠬᠡᠶ ᠬᠦᠮᠦᠰ ᠪᠣᠯᠤᠨ᠎ᠠ᠃ ᠲᠣᠰ ᠡᠪᠰᠡᠯ ᠪᠦᠯᠦᠭ ᠨᠢ ᠡᠨᠡ ᠵᠢᠯ᠎ᠦᠨ 9 ᠰᠠᠷ᠎ᠠ᠎ᠶ᠋ᠢᠨ 14 ᠤ᠋ ᠡᠳᠦᠷ᠂ ᠬᠥᠬᠡᠬᠣᠲᠠ᠎ᠳᠤ ᠢᠷᠡᠵᠦ᠍ ᠣᠯᠠᠨ ᠪᠠᠩᠬᠢ᠎ᠶ᠋ᠢᠨ ᠺᠠᠷᠲ ᠬᠢᠯᠭᠡᠵᠦ᠍᠂ ᠳᠠᠷᠠᠭ᠎ᠠ ᠨᠢ ᠭᠤᠸᠠᠩᠳᠦ᠋ᠩ ᠮᠤᠵᠢ ᠳ᠋ᠦ ᠬᠦᠷᠴᠦ᠍ ᠵᠣᠭᠣᠰ ᠤᠬᠢᠶᠠᠬᠤ ᠬᠠᠤᠯᠢ ᠡᠴᠨ ᠵᠥᠷᠢᠴᠡᠭ᠌ᠰᠡᠨ ᠶᠠᠯᠠᠲᠤ ᠠᠵᠢᠯᠯᠠᠭ᠎ᠠ ᠬᠢᠪᠠ᠃ ᠣᠢᠷ᠎ᠠ᠎ᠳᠤ᠂ ᠲᠣᠰ ᠡᠪᠰᠡᠯ ᠪᠦᠯᠦᠭ ᠬᠥᠬᠡᠬᠣᠲᠠ᠎ᠳᠤ ᠳᠠᠬᠢᠨᠲᠠ ᠢᠷᠡᠭ᠌ᠰᠡᠨ ᠤ᠋ ᠭᠤᠤᠯ ᠵᠣᠷᠢᠯᠭ᠎ᠠ ᠨᠢ ᠨᠠᠩ ᠣᠯᠠᠨ ᠪᠠᠩᠬᠢ᠎ᠶ᠋ᠢᠨ ᠺᠠᠷᠲ ᠬᠢᠯᠬᠡᠵᠦ᠂ ᠲᠠᠷᠠᠭᠠᠴᠢ᠎ᠶ᠋ᠢᠨ ᠠᠯᠬᠤᠮ᠎ᠳᠤ ᠵᠣᠭᠣᠰ ᠤᠬᠢᠶᠠᠬᠤ ᠬᠠᠤᠯᠢ ᠡᠴᠨ ᠵᠥᠷᠢᠴᠡᠭ᠌ᠰᠡᠨ ᠶᠠᠯᠠᠲᠤ ᠠᠵᠢᠯᠯᠠᠭ᠎ᠠ ᠬᠢᠬᠦ ᠪᠡᠷ ᠬᠤᠤᠪᠢᠯᠳᠤᠵᠦ ᠪᠠᠢᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号