ᠴᠢᠳᠠᠪᠤᠷᠢᠳᠠᠨ ᠪᠤᠯ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠶᠢᠨ ᠵᠠᠩᠬᠢᠯᠠᠭ᠎ᠠ ᠮᠦᠨ
2021-10-27 10:05:40
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠴᠢᠳᠠᠪᠤᠷᠢᠳᠠᠨ ᠪᠤᠯ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠶᠢᠨ ᠵᠠᠩᠬᠢᠯᠠᠭ᠎ᠠ ᠮᠦᠨ᠃ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠳᠤ  ᠬᠦᠳᠡᠭᠡ ᠠᠵᠤ ᠠᠬᠤᠢ᠎ᠶᠢ ᠦᠢᠯᠡᠭᠠᠳᠠᠭ ᠂ ᠬᠦᠳᠡᠭᠡ ᠲᠤᠰᠬᠤᠨ᠎ᠳᠤ ᠬᠠᠢᠷᠠᠳᠠᠢ ᠂ ᠮᠠᠯᠴᠢᠨ ᠲᠠᠷᠢᠶᠠᠴᠢᠨ ᠲᠠᠢ ᠰᠡᠳᠬᠢᠯ᠎ᠵᠢᠡᠨ ᠤᠯᠤᠯᠴᠠᠳᠠᠭ  ᠴᠢᠳᠠᠪᠤᠷᠢᠳᠠᠨ ᠪᠠᠢᠬᠤ  ᠬᠡᠷᠡᠭᠳᠠᠢ᠃

ᠨᠢᠭᠡ ᠲᠠᠯ᠎ᠠ ᠪᠡᠷ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠶᠢᠨ ᠴᠢᠬᠤᠯᠠ ᠰᠠᠭᠤᠷᠢ ᠪᠤᠯᠬᠤ ᠬᠦᠳᠡᠭᠡ ᠠᠵᠤ ᠠᠬᠤᠢ ᠭᠡᠭᠴᠢ ᠤᠳᠠᠭᠠᠨ ᠵᠢᠯ᠎ᠤᠨ ᠲᠤᠷᠰᠢᠯᠭ᠎ᠠ ᠱᠠᠭᠠᠷᠳᠠᠭᠳᠠᠬᠤ ᠠᠵᠤ ᠦᠢᠯᠡᠰ ᠪᠤᠯᠤᠨ᠎ᠠ᠃ ᠲᠠᠷᠢᠶ᠎ᠠ ᠲᠠᠷᠢᠨ᠎ᠠ ᠭᠡᠬᠦ᠎ᠳᠤ ᠤᠳᠤ ᠬᠡᠳᠦᠢ ᠶᠡᠬᠡ ᠪᠡᠷ ᠮᠠᠰᠢᠨᠴᠢᠯᠠᠭᠰᠠᠨ ᠴᠦ᠍ ᠶᠠᠮᠠᠷ ᠦᠶ᠎ᠠ᠎ᠳᠤ ᠲᠠᠷᠢᠨ᠎ᠠ᠂ ᠶᠠᠮᠠᠷ ᠦᠶᠡᠰ ᠲᠦ᠍ ᠶᠠᠭᠠᠬᠢᠵᠤ ᠠᠷᠠᠴᠢᠯᠠᠨ᠎ᠠ᠂ ᠡᠪᠡᠳᠴᠢᠨ ᠬᠤᠷᠤᠬᠠᠢ᠎ᠶᠢ ᠶᠠᠭᠠᠬᠢᠵᠤ ᠰᠡᠷᠭᠡᠢᠯᠡᠨ᠎ᠠ᠂ ᠭᠠᠩ ᠭᠠᠮᠰᠢᠭ ᠳᠤᠬᠢᠶᠠᠯᠳᠤᠪᠠᠯ ᠬᠡᠷᠬᠢᠨ ᠠᠷᠭᠠᠴᠠᠭᠠᠨ᠎ᠠ᠂ ᠶᠠᠮᠠᠷ ᠦᠶᠡᠰ ᠲᠦ᠍ ᠬᠤᠷᠢᠶᠠᠨ᠎ᠠ ᠭᠡᠬᠦ ᠵᠡᠷᠭᠡ ᠨᠢ ᠪᠦᠷ ᠲᠤᠷᠰᠢᠯᠭ᠎ᠠ ᠱᠠᠭᠠᠷᠳᠠᠨ᠎ᠠ᠃ ᠮᠠᠯ ᠮᠠᠯᠵᠢᠨ᠎ᠠ ᠭᠡᠬᠦ᠎ᠳᠤ ᠠᠳᠠᠯᠢ ᠪᠤᠰᠤ ᠡᠭᠦᠯᠳᠡᠷ᠎ᠤᠨ ᠮᠠᠯ ᠶᠠᠮᠠᠷ ᠶᠠᠩᠵᠤ᠎ᠶᠢᠨ ᠠᠷᠠᠴᠢᠯᠠᠭ᠎ᠠ ᠱᠠᠭᠠᠷᠳᠠᠭᠳᠠᠬᠤ᠂ ᠶᠠᠮᠠᠷ ᠪᠠᠢᠳᠠᠯ ᠨᠢ ᠶᠠᠮᠠᠷ ᠡᠪᠡᠳᠴᠢᠨ ᠭᠡᠮ᠎ᠤᠨ ᠢᠯᠡᠷᠡᠯ᠂ ᠶᠠᠭᠠᠬᠢᠵᠤ ᠠᠷᠭᠠᠴᠠᠭᠠᠪᠠᠯ ᠵᠤᠬᠢᠨ᠎ᠠ᠂ ᠮᠠᠯ ᠪᠡᠯᠴᠢᠭᠡᠷ᠎ᠢ ᠭᠡᠷᠬᠢᠨ ᠲᠠᠡᠭᠴᠡᠬᠦᠷᠢ ᠲᠠᠢ ᠪᠠᠢᠯᠭᠠᠬᠤ᠂ ᠴᠠᠭ ᠠᠭᠤᠷ᠎ᠤᠨ ᠬᠤᠪᠢᠷᠠᠯᠳᠠ᠎ᠳᠤ ᠬᠡᠷᠬᠢᠨ ᠵᠤᠬᠢᠴᠠᠬᠤ ᠭᠡᠬᠦ ᠵᠡᠷᠭᠡ ᠨᠢ ᠪᠦᠷ ᠲᠤᠷᠰᠢᠯᠭ᠎ᠠ ᠱᠠᠭᠠᠷᠳᠠᠨ᠎ᠠ᠃ ᠡᠨᠡ ᠪᠤᠯ ᠬᠠᠮᠤᠭ᠎ᠤᠨ ᠦᠨᠳᠦᠰᠦᠨ ᠵᠦᠢᠯ᠃ ᠡᠭᠦᠨ ᠡᠴᠡ ᠴᠢᠨᠠᠭᠰᠢᠯᠠᠨ ᠮᠠᠯ᠎ᠤᠨ ᠠᠰᠢᠭ ᠰᠢᠮ᠎ᠠ ᠲᠠᠷᠢᠶᠠᠯᠠᠩ᠎ᠤᠨ ᠪᠦᠲᠦᠭᠡᠭᠳᠡᠭᠦᠨ᠎ᠢᠶᠡᠨ ᠡᠳ᠋ᠰᠢᠭᠦᠯᠵᠦ ᠪᠤᠯᠪᠠᠰᠤᠷᠠᠭᠤᠯᠤᠨ ᠲᠦᠷᠦᠯ ᠲᠡᠮᠳᠡᠭ ᠡᠭᠦᠳᠬᠦ᠂ ᠤᠷᠤᠨ ᠨᠤᠳᠤᠭ᠎ᠤᠨ ᠳᠠᠪᠠᠭᠤᠯᠢᠭ ᠠᠵᠤ ᠦᠢᠯᠡᠰ᠎ᠢ ᠬᠦᠭᠵᠢᠬᠦᠯᠬᠦ᠎ᠳᠤ᠂ ᠪᠡᠯᠡ ᠮᠦᠩᠬᠦ᠂ ᠲᠦᠷᠦ᠎ᠶᠢᠨ ᠪᠤᠳᠤᠯᠭ᠎ᠠ᠂ ᠵᠠᠬ᠎ᠠ ᠳᠡᠯᠭᠡᠭᠦᠷ᠎ᠤᠨ ᠬᠡᠷᠡᠭᠴᠡᠭᠡ ᠱᠠᠭᠠᠷᠳᠠᠯᠭ᠎ᠠ᠂ ᠠᠷᠠᠯᠵᠢᠶ᠎ᠠ ᠬᠤᠳᠠᠯᠳᠤᠭᠠᠨ᠎ᠤ ᠤᠬᠠᠭᠠᠨ ᠵᠡᠷᠭᠡ ᠡᠯ᠎ᠠ ᠲᠠᠯ᠎ᠠ᠎ᠶᠢᠨ ᠮᠡᠳᠡᠯᠭᠡ ᠮᠡᠳᠡᠴᠡ ᠬᠡᠷᠡᠭᠰᠡᠨ᠎ᠠ᠃ ᠡᠳᠡᠭᠡᠷ᠎ᠢ ᠪᠦᠷ ᠤᠬᠤᠷᠬᠠᠨ ᠬᠤᠭᠤᠴᠠᠭᠠᠨ᠎ᠳᠤ ᠡᠵᠡᠮᠰᠢᠵᠦ ᠳᠡᠢᠯᠬᠦ ᠪᠢᠰᠢ ᠳ᠋ᠠ! ᠨᠦᠬᠦᠭᠡ ᠲᠠᠯ᠎ᠠ ᠪᠡᠷ᠂ ᠤᠳᠤᠬᠢ ᠳᠡᠯᠡᠬᠡᠢ ᠶᠢᠷᠲᠢᠨᠴᠤ ᠪᠤᠯ ᠤᠷᠢᠳ ᠡᠮᠦᠨ᠎ᠠ ᠪᠠᠢᠭ᠎ᠠ ᠦᠭᠡᠢ ᠨᠢᠭᠳᠠ ᠬᠤᠯᠪᠤᠯᠳᠤᠭᠰᠠᠨ ᠳᠡᠯᠡᠭᠡᠢ ᠶᠢᠷᠲᠢᠨᠴᠦ᠂ ᠶᠢᠷᠲᠢᠨᠴᠤ᠎ᠶᠢᠨ ᠭᠠᠳᠠᠨᠠᠬᠢ ᠲᠤᠭᠤᠷ᠎ᠤᠨ ᠬᠦᠷᠢᠶᠡᠯᠡᠩ᠂ ᠬᠦᠮᠦᠷᠢᠭᠰᠡᠨ ᠲᠤᠭᠤᠭᠠᠨ᠎ᠳᠡᠬᠢ ᠠᠳᠠᠯᠢ ᠠᠮᠢᠳᠤᠷᠠᠯ ᠤᠷᠤᠰᠢᠵᠤ ᠳᠡᠢᠯᠬᠦ ᠪᠡᠨ ᠪᠤᠯᠢᠭᠰᠠᠨ᠂ ᠬᠠᠮᠢᠭ᠎ᠠ ᠭᠠᠵᠠᠷ᠎ᠤᠨ ᠬᠦᠭᠵᠢᠯᠳᠡ ᠪᠤᠯᠤᠭᠰᠠᠨ ᠴᠦ᠍ ᠳᠡᠯᠡᠬᠡᠢ ᠳ᠋ᠠᠬᠢᠨ ᠶᠠᠭᠤ ᠪᠤᠯᠵᠤ ᠪᠠᠢᠬᠤ᠂ ᠴᠠᠭ᠎ᠤᠨ ᠪᠠᠢᠳᠠᠯ ᠶᠠᠮᠠᠷ ᠪᠠᠢᠬᠤ᠂ ᠢᠷᠡᠭᠡᠳᠦᠢ᠎ᠶᠢᠨ ᠬᠠᠨᠳᠤᠰᠢ ᠨᠢ ᠶᠠᠮᠠᠷ ᠪᠠᠢᠬᠤ ᠵᠡᠷᠭᠡ᠎ᠶᠢ ᠪᠦᠷ ᠰᠡᠷᠭᠡᠭ᠎ᠢᠶᠡᠷ ᠠᠵᠢᠨ ᠬᠦᠭᠵᠢᠯᠳᠡ ᠪᠡᠨ ᠲᠦᠰᠦᠪᠯᠡᠨ ᠲᠦᠯᠦᠪᠯᠡᠬᠦ ᠴᠢᠬᠤᠯᠠᠳᠠᠢ ᠪᠤᠯᠵᠠᠢ᠃

ᠲᠡᠭᠡᠬᠦᠯᠠᠷ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠳᠤ᠂ ᠬᠦᠳᠡᠭᠡ ᠨᠤᠳᠤᠭ᠎ᠤᠨ᠎ᠢᠶᠡᠨ ᠪᠠᠢᠳᠠᠯ᠎ᠢ ᠰᠠᠢᠨ ᠤᠢᠯᠠᠭᠠᠳᠠᠭ᠂ ᠬᠦᠳᠡᠭᠡ ᠠᠵᠤ ᠠᠬᠤᠢ᠎ᠶᠢᠨ ᠦᠨᠳᠦᠰᠦᠨ ᠮᠡᠳᠡᠯᠭᠡ᠎ᠶᠢ ᠰᠠᠢᠳᠦᠷ ᠡᠵᠡᠮᠰᠢᠭᠰᠡᠨ ᠨᠤᠳᠤᠭ᠎ᠤᠨ ᠴᠢᠳᠠᠪᠤᠷᠢᠳᠠᠨ ᠪᠠ ᠭᠠᠳᠠᠭᠰᠢ ᠪᠡᠨ ᠶᠠᠪᠤᠵᠤ ᠨᠢᠳᠤ ᠨᠡᠭᠡᠭᠡᠭᠰᠡᠨ᠂ ᠴᠠᠭ᠎ᠤᠨ ᠪᠠᠢᠳᠠᠯ᠎ᠳᠤ ᠰᠡᠷᠭᠡᠭ᠂ ᠰᠢᠨ᠎ᠠ ᠴᠠᠭ ᠦᠶ᠎ᠠ᠎ᠶᠢᠨ ᠮᠡᠷᠭᠡᠵᠢᠯ ᠮᠡᠳᠡᠯᠭᠡ᠎ᠶᠢ ᠪᠤᠯᠪᠠᠰᠤᠷᠠᠩᠭᠤᠢ ᠡᠵᠡᠮᠰᠢᠭᠰᠡᠨ᠂ ᠬᠦᠳᠡᠭᠡ᠎ᠳᠤ ᠠᠮᠢᠳᠤᠷᠠᠬᠤ ᠳᠤᠷᠠᠳᠠᠢ ᠵᠠᠯᠠᠭᠤ ᠴᠢᠳᠠᠪᠤᠷᠢᠳᠠᠨ᠎ᠢ ᠴᠠᠭ ᠲᠤᠬᠠᠢ᠎ᠳᠤᠨᠢ ᠡᠷᠳᠡᠭᠡᠨ ᠶᠡᠬᠡ ᠪᠡᠷ ᠬᠦᠮᠦᠵᠢᠭᠦᠯᠬᠦ ᠴᠢᠬᠤᠯᠠᠳᠠᠢ ᠪᠠᠢᠨ᠎ᠠ᠃ ᠭᠠᠳᠠᠭᠰᠢ ᠭᠠᠷᠴᠤ ᠨᠢᠳᠦ ᠨᠡᠭᠡᠭᠡᠭᠰᠡᠨ ᠴᠢᠳᠠᠪᠤᠷᠢᠳᠠᠨ ᠬᠦᠳᠡᠭᠡ ᠨᠤᠳᠤᠭ᠎ᠤᠨ ᠬᠦᠭᠵᠢᠯᠳᠡ᠎ᠶᠢᠨ ᠬᠠᠷᠠᠭᠠᠰᠦ᠎ᠶᠢ ᠲᠡᠯᠡᠳᠡᠭ ᠪᠤᠯ ᠨᠤᠳᠤᠭ᠎ᠤᠨ ᠴᠢᠳᠠᠪᠤᠷᠢᠳᠠᠨ ᠬᠦᠳᠡᠭᠡ ᠨᠤᠳᠤᠭ᠎ᠤᠨ ᠬᠦᠭᠵᠢᠯᠳᠡ᠎ᠶᠢ ᠰᠠᠭᠤᠷᠢ ᠲᠠᠢ ᠪᠦᠭᠡᠳ ᠭᠦᠨᠴᠡ᠎ᠲᠠᠢ ᠪᠤᠯᠭᠠᠳᠠᠭ᠃

ᠭᠡᠳᠡᠯ᠎ᠠ ᠡᠯ᠎ᠠ ᠵᠦᠢᠯ᠎ᠤᠨ ᠰᠢᠯᠳᠠᠭᠠᠨ ᠡᠴᠡ ᠪᠤᠯᠵᠤ᠂ ᠤᠢᠷ᠎ᠠ᠎ᠶᠢᠨ ᠵᠢᠯ᠎ᠤᠳ ᠲᠦ᠍ ᠮᠠᠨ᠎ᠤ ᠤᠯᠤᠰ᠎ᠤᠨ ᠬᠦᠳᠡᠭᠡ ᠨᠤᠳᠤᠭ᠎ᠢᠶᠡᠷ ᠵᠠᠯᠠᠭᠤᠴᠤᠳ ᠴᠦᠭᠡᠷᠡᠵᠦ᠂ ᠦᠳᠡᠭᠦᠰ ᠨᠠᠰᠤᠳᠠᠢᠴᠤᠳ ᠬᠦᠳᠡᠭᠡ ᠲᠤᠰᠬᠤᠨ᠎ᠢ ᠰᠠᠬᠢᠨ ᠰᠠᠭᠤᠬᠤ ᠭᠤᠤᠯ ᠬᠦᠴᠦᠨ ᠪᠤᠯᠤᠭᠰᠠᠨ ᠨᠢ ᠤᠮᠳᠤᠭᠠᠢᠯᠠᠵᠤ ᠪᠤᠯᠬᠤ ᠦᠭᠡᠢ ᠦᠵᠡᠭᠳᠡᠯ ᠪᠤᠯᠵᠠᠢ᠃ ᠡᠨᠡ ᠲᠤᠬᠠᠢ ᠡᠨᠡ ᠵᠢᠯ᠎ᠤᠨ 2 ᠰᠠᠷ᠎ᠠ᠎ᠳᠤ ᠨᠠᠮ᠎ᠤᠨ ᠲᠦᠪ ᠬᠤᠷᠢᠶᠠᠨ᠎ᠤ ᠠᠯᠪᠠᠨ ᠲᠢᠩᠬᠢᠮ ᠪᠠ ᠲᠦᠷᠦ᠎ᠶᠢᠨ ᠶᠠᠪᠤᠳᠠᠯ᠎ᠤᠨ ᠬᠤᠷᠢᠶᠠᠨ᠎ᠤ ᠠᠯᠪᠠᠨ ᠲᠢᠩᠬᠢᠮ᠎ᠤᠨ ᠬᠠᠮᠳᠤᠷᠠᠨ ᠨᠡᠢᠳᠡᠯᠡᠭᠰᠡᠨ《ᠬᠦᠳᠡᠭᠡ ᠲᠤᠰᠬᠤᠨ᠎ᠤ ᠴᠢᠳᠠᠪᠤᠷᠢᠳᠠᠨ᠎ᠢ ᠬᠦᠭᠵᠢᠭᠦᠯᠦᠨ ᠮᠠᠨᠳᠤᠭᠤᠯᠬᠤ᠎ᠶᠢ ᠲᠦᠷᠭᠡᠳᠭᠡᠨ ᠠᠬᠢᠭᠤᠯᠬᠤ ᠲᠤᠬᠠᠢ ᠰᠠᠨᠠᠯ》ᠤ᠋ᠨ ᠵᠢᠯᠤᠭᠤᠳᠬᠤ ᠦᠵᠡᠯ ᠰᠠᠨᠠᠭ᠎ᠠ᠎ᠳᠤ ᠲᠤᠳᠤᠷᠬᠠᠢ ᠵᠢᠭᠠᠪᠤᠷᠢᠯᠠᠭᠰᠠᠨ ᠪᠠᠢᠳᠠᠭ᠄ ᠨᠤᠳᠤᠭ᠎ᠤᠨ ᠴᠢᠳᠠᠪᠤᠷᠢᠳᠠᠨ᠎ᠢ ᠶᠡᠬᠡ ᠪᠡᠷ ᠬᠦᠭᠵᠢᠭᠦᠯᠵᠦ᠂ ᠬᠤᠳᠠ᠎ᠶᠢᠨ ᠴᠢᠳᠠᠪᠤᠷᠢᠳᠠᠨ᠎ᠢ ᠬᠦᠳᠡᠭᠡ ᠪᠠᠭᠤᠯᠭᠠᠬᠤ᠎ᠶᠢ ᠬᠦᠲᠦᠯᠦᠨ ᠵᠢᠯᠤᠭᠤᠳᠴᠤ᠂ ᠲᠤᠰᠬᠠᠢ ᠮᠡᠷᠭᠡᠵᠢᠯ᠎ᠤᠨ ᠴᠢᠳᠠᠪᠤᠷᠢᠳᠠᠨ ᠬᠦᠳᠡᠭᠡ ᠲᠤᠰᠬᠤᠨ᠎ᠳᠤ ᠦᠢᠯᠡᠴᠢᠯᠡᠬᠦ᠎ᠶᠢ ᠠᠬᠢᠭᠤᠯᠤᠨ᠂ ᠡᠯ᠎ᠠ ᠵᠦᠢᠯ᠎ᠤᠨ ᠴᠢᠳᠠᠪᠤᠷᠢᠳᠠᠨ᠎ᠢ ᠳᠠᠳᠠᠵᠤ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠳᠤᠮᠳᠠ ᠦᠢᠯᠡᠰ ᠪᠤᠰᠬᠠᠨ ᠭᠠᠪᠢᠶ᠎ᠠ ᠵᠢᠳᠭᠦᠯ ᠦᠵᠡᠭᠦᠯᠬᠦ ᠪᠤᠯᠭᠠᠵᠤ᠂ ᠬᠦᠳᠡᠭᠡ ᠠᠵᠤ ᠠᠬᠤᠢ᠎ᠶᠢ ᠤᠢᠯᠠᠭᠠᠬᠤ᠂ ᠬᠦᠳᠡᠭᠡ ᠲᠤᠰᠬᠤᠨ᠎ᠳᠤ ᠬᠠᠢᠷᠠᠳᠠᠢ᠂ ᠮᠠᠯᠴᠢᠨ ᠲᠠᠷᠢᠶᠠᠴᠢᠨ᠎ᠳᠤ ᠬᠠᠢᠷᠠᠳᠠᠢ ᠠᠵᠢᠯᠯᠠᠬᠤ ᠠᠩᠬᠢ᠎ᠶᠢ ᠪᠤᠢᠵᠢᠭᠤᠯᠤᠨ ᠴᠤᠭᠴᠠᠯᠠᠵᠤ᠂ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠶᠢ ᠪᠦᠬᠦ ᠲᠠᠯ᠎ᠠ ᠪᠡᠷ ᠠᠬᠢᠭᠤᠯᠬᠤ᠂ ᠬᠦᠳᠡᠭᠡ ᠠᠵᠤ ᠠᠬᠤᠢ ᠬᠦᠳᠡᠭᠡ ᠲᠤᠰᠬᠤᠨ᠎ᠤ ᠤᠳᠤᠬᠢᠴᠢᠯᠠᠯᠳᠠ᠎ᠶᠢ ᠲᠦᠷᠭᠡᠳᠭᠡᠬᠦ᠎ᠳᠤ ᠡᠷᠴᠢᠮ ᠳᠠᠢ ᠴᠢᠳᠠᠪᠤᠷᠢᠳᠠᠨ᠎ᠤ ᠲᠤᠯᠭᠠᠭᠤᠷᠢᠯᠠᠯ ᠬᠠᠩᠭᠠᠨ᠎ᠠ᠃

ᠲᠦᠷᠦᠭᠦᠬᠡᠨ ᠪᠡᠭᠡᠵᠢᠩ᠎ᠳᠤ ᠬᠤᠷᠠᠯᠳᠤᠭᠰᠠᠨ ᠲᠦᠪ᠎ᠤᠨ ᠴᠢᠳᠠᠪᠤᠷᠢᠳᠠᠨ᠎ᠤ ᠠᠵᠢᠯ᠎ᠤᠨ ᠬᠤᠷᠠᠯ ᠳᠡᠭᠡᠷ᠎ᠠ ᠶᠡᠷᠦᠩᠬᠡᠢ ᠱᠦᠵᠢ ᠰᠢ ᠵᠢᠨ ᠫᠢᠩ ᠪᠠᠰᠠ ᠳᠡᠯᠡᠬᠡᠢ᠎ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠤᠨ ᠬᠤᠰᠢᠭᠤᠴᠢ ᠬᠦᠷᠢᠶᠡᠨ᠎ᠳᠤ ᠬᠠᠨᠳᠤᠭᠤᠯᠤᠨ᠂ ᠠᠵᠤ ᠠᠬᠤᠢ᠎ᠶᠢᠨ ᠭᠤᠤᠯ ᠹᠷᠤᠨᠲ᠎ᠲᠤ ᠬᠠᠨᠳᠤᠭᠤᠯᠤᠨ᠂ ᠤᠯᠤᠰ᠎ᠤᠨ ᠴᠢᠬᠤᠯᠠ ᠶᠡᠬᠡ ᠬᠡᠷᠡᠭᠴᠡᠭᠡ᠎ᠳᠤ ᠬᠠᠨᠳᠤᠭᠤᠯᠤᠨ᠂ ᠠᠷᠠᠳ ᠲᠦᠮᠡᠨ᠎ᠤ ᠠᠮᠢ ᠨᠠᠰᠤ ᠡᠷᠡᠭᠦᠯ ᠮᠡᠨᠳᠤ᠎ᠳᠤ ᠬᠠᠨᠳᠤᠭᠤᠯᠤᠨ᠂ ᠰᠢᠨ᠎ᠠ ᠴᠠᠭ ᠦᠶ᠎ᠠ᠎ᠶᠢᠨ ᠴᠢᠳᠠᠪᠤᠷᠢᠳᠠᠨ᠎ᠢᠶᠡᠷ ᠤᠯᠤᠰ᠎ᠢᠶᠡᠨ ᠬᠦᠴᠦᠷᠭᠡᠭᠵᠢᠭᠦᠯᠬᠦ ᠪᠠᠢᠯᠳᠤᠬᠤ ᠪᠤᠳᠤᠯᠭ᠎ᠠ᠎ᠶᠢ ᠬᠡᠷᠡᠭᠵᠢᠭᠦᠯᠦᠨ᠎ᠠ ᠭᠡᠵᠦ ᠴᠢᠬᠤᠯᠠ ᠵᠢᠭᠠᠪᠤᠷᠢ ᠦᠭᠪᠡ᠃

ᠬᠦᠳᠡᠭᠡ ᠠᠵᠤ ᠠᠬᠤᠢ ᠪᠤᠯ ᠮᠠᠨ᠎ᠤ ᠤᠯᠤᠰ ᠠᠷᠠᠳ᠎ᠤᠨ ᠠᠵᠤ ᠠᠬᠤᠢ᠎ᠶᠢᠨ ᠰᠠᠭᠤᠷᠢ ᠠᠵᠤ ᠦᠢᠯᠡᠰ᠂ ᠲᠦᠭ ᠲᠦᠮᠡᠨ ᠬᠦᠮᠦᠨ᠎ᠤ ᠦᠨᠳᠦᠰᠦᠨ ᠠᠮᠢᠳᠤᠷᠠᠯ᠎ᠳᠤ ᠬᠤᠯᠪᠤᠭᠳᠠᠬᠤ ᠠᠵᠤ ᠦᠢᠯᠡᠰ᠂ ᠬᠡᠵᠢᠶ᠎ᠠ ᠴᠦ᠍ ᠤᠮᠳᠤᠭᠠᠢᠯᠠᠵᠤ ᠪᠤᠯᠤᠰᠢ ᠦᠭᠡᠢ ᠠᠵᠤ ᠦᠢᠯᠡᠰ ᠪᠤᠯᠬᠤ ᠨᠢ ᠢᠯᠡᠭᠡᠨ᠃ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ᠎ᠳᠤ ᠡᠷᠬᠡᠪᠰᠢ ᠤᠯᠠᠨ ᠠᠷᠭ᠎ᠠ ᠵᠠᠮ᠎ᠢᠶᠡᠷ ᠴᠢᠳᠠᠪᠤᠷᠢᠳᠠᠨ᠎ᠢ ᠬᠤᠷᠠᠨ ᠴᠤᠭᠯᠠᠷᠠᠭᠤᠯᠵᠤ᠂ ᠬᠠᠭᠤᠴᠢᠨ ᠬᠡᠪᠰᠢᠯ᠎ᠳᠤ ᠪᠠᠷᠢᠭᠳᠠᠬᠤ ᠦᠭᠡᠢ ᠪᠡᠷ ᠴᠢᠳᠠᠪᠤᠷᠢᠳᠠᠨ᠎ᠢ ᠬᠡᠷᠡᠭᠯᠡᠵᠤ᠂ ᠤᠷᠴᠢᠨ ᠠᠬᠤᠢ ᠪᠡᠨ ᠰᠠᠢᠵᠢᠷᠠᠭᠤᠯᠤᠨ ᠴᠢᠳᠠᠪᠤᠷᠢᠳᠠᠨ᠎ᠢ ᠦᠯᠡᠳᠡᠭᠡᠬᠦ ᠪᠡᠷ ᠴᠢᠷᠮᠠᠢᠨ᠂ ᠮᠡᠳᠡᠯᠭᠡ ᠮᠡᠷᠭᠡᠵᠢᠯ ᠲᠠᠢ᠂ ᠦᠨᠳᠤᠷ ᠬᠡᠪ ᠪᠤᠯᠪᠠᠰᠤᠷᠠᠯ ᠲᠠᠢ ᠬᠦᠳᠡᠭᠡ ᠠᠵᠤ ᠠᠬᠤᠢ ᠬᠦᠳᠡᠭᠡ ᠲᠤᠰᠬᠤᠨ᠎ᠤ ᠴᠢᠳᠠᠪᠤᠷᠢᠳᠠᠨ᠎ᠤ ᠡᠩᠨᠡᠭᠡ᠎ᠶᠢ ᠪᠠᠢᠭᠤᠯᠬᠤ ᠴᠢᠬᠤᠯᠠᠳᠠᠢ ᠠᠵᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号