10 ᠰᠠᠷ᠎ᠠ᠎ᠶ᠋ᠢᠨ 25 ᠤ ᠡᠳᠦᠷ᠎ᠦᠨ ᠦᠳᠡ᠎ᠶ᠋ᠢᠨ ᠬᠣᠢᠨ᠎ᠠ᠂ ᠪᠥᠬᠥ᠌ ᠤᠯᠤᠰ᠎ᠤᠨ
ᠠᠷᠪᠠᠨ ᠨᠢᠭᠡᠳᠦᠭᠡᠷ ᠬᠤᠭᠤᠴᠠᠭᠠᠨ᠎ᠤ ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠵᠢᠴᠢ
ᠨᠠᠶ᠋ᠮᠠᠳᠤᠭᠠᠷ ᠬᠤᠭᠤᠴᠠᠭᠠᠨ᠎ᠤ ᠣᠨᠴᠠᠭᠠᠶ ᠣᠯᠢᠮᠫᠢᠺ᠎ᠤᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠤ
ᠬᠦᠨᠳᠦ ᠬᠥᠩᠭᠡᠨ ᠲᠠᠮᠢᠷ᠎ᠤᠨ ᠤᠷᠤᠯᠳᠤᠭᠠᠨ᠎ᠤ ᠲᠠᠯᠠᠪᠠᠶ᠎ᠳᠤ᠂ ᠡᠮᠡᠭ᠌ᠲᠡᠶ᠎ᠶ᠋ᠢᠨ ᠵᠡᠭᠡᠷᠡᠩᠬᠡᠶ ᠰᠢᠳᠡᠬᠦ F41 ᠲᠠᠰ᠎ᠤᠨ ᠱᠢᠶ᠋ᠳᠪᠦᠷᠢᠲᠦ ᠤᠷᠤᠯᠳᠤᠭᠠᠨ ᠡᠬᠢᠯᠡᠵᠦ᠍ ᠂ ᠥᠪᠥᠷ ᠮᠣᠩᠭᠣᠯ ᠤᠨ
ᠲᠠᠮᠢᠷᠴᠢᠨ ᠮᠥᠩᠭᠦᠨᠵᠢᠮᠢᠰ ᠤᠷᠤᠯᠳᠤᠭᠠᠨ᠎ᠳᠤ ᠣᠷᠣᠯᠴᠠᠪᠠ᠃

ᠨᠢᠭᠡᠳᠦᠭᠡᠷ ᠱᠢᠳᠠᠯᠳᠡᠳᠤ᠂ ᠮᠥᠩᠭᠦᠨᠵᠢᠮᠢᠰ
29.77 ᠮᠧᠲ᠋ᠷ᠎ᠦᠨ ᠬᠢᠷᠢ ᠪᠦᠲᠦᠮᠵᠢ ᠤᠯᠵᠦ᠂ ᠪᠦᠬᠦ᠌ ᠤᠯᠤᠰ᠎ᠤᠨ ᠲᠡᠮᠳᠡᠭ᠌ᠯᠡᠯ᠎ᠢ ᠡᠭᠦᠳᠪᠡ᠃ ᠲᠡᠭᠦᠨ᠎ᠦ
ᠳᠠᠷᠠᠭᠠᠬᠢ ᠬᠡᠲᠦ ᠤᠳᠠᠭᠠᠨ᠎ᠤ ᠱᠢᠳᠡᠯᠲᠡᠳᠦ᠂ ᠮᠥᠩᠭᠦᠨᠵᠢᠮᠢᠰ ᠢᠮᠠᠭ᠍ᠲᠠ ᠥᠨᠳᠥᠷ ᠬᠢᠷᠢ ᠲᠦᠪᠱᠢᠨ᠎ᠢᠶᠡᠨ
ᠪᠠᠲᠤᠯᠠᠵᠤ ᠂ ᠤᠳᠠᠭ᠎ᠠ ᠪᠦᠷᠢ᠎ᠶ᠋ᠢᠨ ᠬᠢᠷᠢ ᠪᠦᠲᠦᠮᠵᠢ ᠨᠢ ᠴᠥᠮ 29 ᠮᠧᠲ᠋ᠷ ᠣᠷᠴᠢᠮ ᠪᠠᠢᠪᠠ᠃ ᠡᠴᠦᠰ᠎ᠲᠦ ᠂
ᠮᠥᠩᠭᠦᠨᠵᠢᠮᠢᠰ 29. 77 ᠮᠧᠲ᠋ᠷ᠎ᠦᠨ ᠬᠢᠷᠢ ᠪᠦᠲᠦᠮᠵᠢ᠎ᠪᠡᠷ ᠠᠯᠲᠠᠨ ᠮᠧᠳᠠᠯ ᠭᠠᠷᠳᠠᠪᠠ᠃

ᠡᠨᠡ ᠵᠢᠯ 30 ᠨᠠᠰᠤᠲᠠᠶ ᠮᠦᠩᠭᠦᠨᠵᠢᠮᠢᠰ ᠣᠷᠳᠣᠰ ᠬᠣᠲᠠ᠎ᠶ᠋ᠢᠨ ᠦᠦᠱᠢᠨ ᠬᠣᠱᠢᠭᠤᠨ᠎ᠤ ᠰᠦᠯᠳᠡ
ᠰᠤᠮᠤ᠎ᠶ᠋ᠢᠨ ᠮᠠᠯᠴᠢᠨ ᠠᠢᠯ᠎ᠳᠦ ᠵᠠᠶᠠᠭᠠᠵᠦ᠂ ᠲᠥᠷᠥᠯᠬᠢ ᠥᠰᠥᠯᠲᠡ᠎ᠶ᠋ᠢᠨ ᠬᠣᠷᠮᠣᠨ ᠳᠤᠲᠠᠮᠠᠭ ᠭᠡᠮ᠎ᠲᠡᠶ ᠂
ᠪᠡᠶ᠎ᠡ᠎ᠶ᠋ᠢᠨ ᠥᠨᠳᠥᠷ ᠨᠢ ᠵᠥᠪᠬᠡᠨ 1.36 ᠮᠧᠲ᠋ᠷ ᠪᠠᠢᠯ᠎ᠠ᠃ ᠭᠡᠪᠡᠴᠦ᠍ ᠲᠡᠷᠡ ᠢᠮᠠᠭ᠍ᠲᠠ ᠮᠡᠷᠡᠢ᠌ᠨ ᠴᠢᠷᠮᠠᠢᠵᠤ᠂ ᠪᠡᠭᠡᠵᠢᠩ᠎ᠦᠨ ᠵᠡᠮᠳᠡᠭ᠌ᠴᠦᠳ᠎ᠦᠨ
ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠵᠡᠭᠡᠷᠡᠩᠬᠡᠶᠶ᠋ᠢᠨ ᠠᠯᠲᠠᠨ ᠮᠧᠳᠠᠯ ᠤᠯᠤᠭᠰᠠᠨ ᠪᠠᠢᠳᠠᠭ᠃ ᠲᠡᠷᠡᠪᠡᠷ
2019 ᠣᠨ ᠤ᠋ ᠲᠢᠶᠠᠨᠵᠢᠨ᠎ᠳᠤ ᠶᠠᠪᠤᠭ᠍ᠳᠠᠭ᠍ᠰᠠᠨ ᠪᠥᠬᠥ᠌ ᠤᠯᠤᠰ᠎ᠤᠨ ᠠᠷᠪᠠᠳᠤᠭᠠᠷ ᠬᠤᠭᠤᠴᠠᠭᠠᠨ᠎ᠤ
ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ ᠳᠡᠭᠡᠷ᠎ᠡ᠂ ᠵᠡᠭᠡᠷᠡᠩᠬᠡᠶ᠂ ᠲᠤᠭᠤᠯᠭᠠᠨ
ᠪᠥᠮᠪᠥᠭᠡ᠎ᠶ᠋ᠢᠨ ᠤᠷᠤᠯᠳᠤᠭᠠᠨ ᠤ᠋ ᠠᠯᠲᠠᠨ ᠮᠧᠳᠠᠯ᠎ᠢ ᠲᠡᠮᠡᠴᠡᠨ ᠣᠯᠤᠭ᠍ᠰᠠᠨ ᠪᠥᠭᠡᠳ ᠠᠽᠢᠶ᠎ᠠ ᠲᠢᠪ᠎ᠦᠨ
ᠲᠡᠮᠳᠡᠭ᠌ᠯᠡᠯ᠎ᠢ ᠡᠭᠦᠳᠪᠡ᠃
10 ᠰᠠᠷ᠎ᠠ᠎ᠶ᠋ᠢᠨ 24 ᠦ ᠡᠳᠦᠷ᠎ᠦᠨ
ᠦᠳᠡ᠎ᠶ᠋ᠢᠨ ᠡᠮᠦᠨ᠎ᠡ ᠶᠠᠪᠤᠭ᠍ᠳᠠᠭ᠍ᠰᠠᠨ ᠡᠮᠡᠭ᠌ᠲᠡᠶ᠎ᠶ᠋ᠢᠨ ᠲᠤᠭᠤᠯᠭᠠᠨ ᠪᠥᠮᠪᠥᠭᠡᠰᠢᠳᠡᠬᠦ F41 ᠲᠡᠰ ᠤᠨ ᠤᠷᠤᠯᠳᠤᠭᠠᠨ
ᠳᠤ ᠮᠥᠩᠭᠦᠨᠵᠢᠮᠢᠰ ᠪᠠᠰᠠ ᠠᠯᠲᠠᠨ ᠮᠧᠳᠠᠯ ᠣᠯᠵᠤ᠂ ᠵᠡᠭᠡᠷᠡᠩᠬᠡᠶ᠂ ᠳᠤᠭᠤᠯᠭᠠᠨ ᠪᠥᠮᠪᠥᠭᠡ᠎ᠶ᠋ᠢᠨ
ᠬᠣᠶᠠᠷ ᠲᠥᠷᠥᠯ ᠵᠦᠢᠯ ᠳᠡᠭᠡᠷ᠎ᠡ ᠲᠠᠬᠢᠨᠳᠡ ᠮᠠᠩᠯᠠᠢᠯᠠᠪᠡ ᠃