ᠲᠦᠷᠦ᠍᠎ᠶ᠋ᠢᠨ ᠶᠠᠪᠤᠳᠠᠯ᠎ᠤᠨ ᠬᠣᠷᠢᠶ᠎ᠠ 《2030 ᠣᠨ᠎ᠡᠴᠡ ᠡᠮᠦᠨᠡᠬᠢ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ᠌ ᠠᠵᠢᠯᠯᠠᠭ᠎ᠠ᠎ᠶ᠋ᠢᠨ ᠲᠥᠰᠦᠯ 》 ᠢ᠋ ᠳᠠᠷᠤᠮᠠᠯᠯᠠᠨ ᠲᠠᠷᠬᠠᠭᠠᠵᠠᠢ
2021-10-29 10:03:42
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠱᠢᠨᠬᠤᠸᠠ ᠬᠣᠷᠢᠶᠠᠨ᠎ᠤ ᠪᠡᠭᠡᠵᠢᠩ᠎ᠦᠨ 10 ᠰᠠᠷ᠎ᠠ᠎ᠶ᠋ᠢᠨ 26 ᠤ᠋ ᠴᠠᠬᠢᠯᠭᠠᠨ ᠮᠡᠳᠡᠭᠡ᠎ᠡᠴᠡ  ᠤᠢ᠍ᠢᠷ᠎ᠠ᠎ᠳᠤ᠂ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ 《2030 ᠣᠨ᠎ᠡᠴᠡ ᠡᠮᠦᠨᠡᠬᠢ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯᠯᠠᠭ᠎ᠠ᠎ᠶ᠋ᠢᠨ ᠲᠥᠰᠦᠯ》 (ᠳᠣᠷᠣᠭ᠍ᠰᠢ 《ᠲᠥᠰᠦᠯ》 ᠭᠡᠵᠦ᠍ ᠳᠥᠭᠥᠮᠴᠢᠯᠡᠨ᠎ᠡ) ᠎ᠢ᠋ ᠳᠠᠷᠤᠮᠠᠯᠯᠠᠨ ᠲᠠᠷᠬᠠᠭᠠᠪᠠ᠃ 《ᠲᠥᠰᠦᠯ》ᠨᠢ ᠨᠠᠮ᠎ᠤᠨ ᠲᠥᠪ ᠬᠣᠷᠢᠶ᠎ᠠ᠂ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠨᠡᠭᠦᠷᠡᠰᠦᠲᠥ᠋ᠷᠥᠭ᠌ᠴᠢ᠎ᠶ᠋ᠢ ᠰᠠᠭᠠᠷᠮᠠᠭ᠍ᠵᠢᠭᠤᠯᠬᠤ ᠴᠢᠬᠤᠯᠠ ᠶᠡᠬᠡ ᠪᠠᠢᠯᠳᠤᠬᠤ ᠪᠣᠳᠣᠯᠭ᠎ᠠ᠎ᠶ᠋ᠢᠨ ᠱᠢᠶ᠋ᠳᠪᠦᠷᠢᠲᠦ ᠪᠣᠳᠣᠯᠭ᠎ᠠ᠎ᠶ᠋ᠢ ᠲᠤᠭᠤᠰᠢᠯᠠᠭᠤᠯᠤᠨ ᠨᠠᠢᠳᠠᠪᠤᠷᠢᠵᠢᠭᠤᠯᠬᠤ᠎ᠶ᠋ᠢᠨ ᠲᠣᠭᠣᠷᠢᠨ᠎ᠳᠤ᠂ 《ᠱᠢᠨ᠎ᠡ ᠬᠥᠭ᠌ᠵᠢᠯᠲᠡ᠎ᠶ᠋ᠢᠨ ᠣᠢᠯᠠᠭᠠᠬᠳᠠᠬᠤᠨ᠎ᠢ ᠪᠦᠷᠢᠨ ᠪᠦᠲᠦᠨ ᠵᠦᠪ ᠣᠨᠣᠪᠴᠢᠲᠠᠶ ᠪᠥᠬᠥ᠌ ᠲᠠᠯ᠎ᠠ᠎ᠪᠠᠷ ᠲᠤᠭᠤᠰᠢᠯᠠᠭᠤᠯᠵᠤ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠨᠡᠭᠦᠷᠡᠰᠦᠲᠥ᠋ᠷᠥᠭ᠌ᠴᠢ᠎ᠶ᠋ᠢ ᠰᠠᠭᠠᠷᠮᠠᠭ᠍ᠵᠢᠭᠤᠯᠬᠤ ᠠᠵᠢᠯ᠎ᠢ ᠰᠠᠢᠲᠤᠷ ᠬᠢᠬᠦ᠌ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠰᠠᠨᠠᠯ》 ᠤ᠋ᠨ ᠱᠠᠭᠠᠷᠳᠠᠯᠭ᠎ᠠ ᠶᠣᠰᠣᠭᠠᠷ᠂ 2030 ᠣᠨ᠎ᠡᠴᠡ ᠡᠮᠦᠨᠡᠬᠢ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠬᠠᠷᠠᠯᠲᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯ᠎ᠢ ᠠᠬᠢᠭᠤᠯᠬᠤ ᠲᠤᠬᠠᠶ ᠶᠡᠷᠦᠩᠬᠡᠶ ᠪᠠᠢᠷᠢᠯᠠᠭᠤᠯᠤᠯᠲᠠ ᠬᠢᠪᠠ᠃

《ᠲᠥᠰᠦᠯ》 ᠨᠢ ᠰᠢ᠎ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠦᠵᠡᠯ ᠰᠠᠨᠠᠭ᠎ᠠ ᠪᠡᠷ ᠵᠢᠯᠤᠭᠤᠳᠤᠯᠭ᠎ᠠ ᠪᠤᠯᠭᠠᠵᠤ᠂ ᠨᠠᠮ᠎ᠤᠨ ᠠᠷᠪᠠ ᠶᠢᠰᠦᠳᠦᠭᠡᠷ ᠶᠡᠬᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠣᠷᠢᠶᠠᠨ᠎ᠤ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠪᠦᠬᠦᠳᠠ ᠬᠤᠷᠠᠯ᠎ᠤᠨ ᠵᠣᠷᠢᠭ ᠰᠠᠨᠠᠭ᠎ᠠ ᠵᠢ ᠪᠦᠬᠦ ᠲᠠᠯ᠎ᠠ ᠪᠡᠷ ᠲᠤᠭᠤᠰᠢᠯᠠᠭᠤᠯᠵᠤ᠂ ᠰᠢ᠎ᠵᠢᠨ ᠫᠢᠩ᠎ᠦᠨ ᠠᠮᠢ ᠠᠬᠤᠶ᠎ᠶ᠋ᠢᠨ ᠪᠣᠯᠪᠠᠰᠤᠨ᠎ᠤ ᠦᠵᠡᠯ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠵᠤ᠂ ᠱᠢᠨ᠎ᠡ ᠬᠥᠭ᠌ᠵᠢᠯᠲᠡ᠎ᠶ᠋ᠢᠨ ᠱᠠᠲᠤᠨ᠎ᠳᠤ ᠰᠠᠭᠤᠷᠢᠯᠠᠵᠤ᠂ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠪᠦᠷᠢᠨ ᠪᠦᠳᠤᠨ ᠵᠦᠪ ᠤᠨᠤᠪᠴᠢᠳᠠᠢ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠢ ᠪᠠᠢᠭᠤᠯᠵᠤ᠂ ᠱᠢᠰᠲ᠋ᠧᠮᠳᠦ ᠦᠵᠡᠯᠲᠡ ᠵᠢ ᠪᠠᠷᠢᠮᠲᠠᠯᠠᠵᠤ᠂ ᠬᠥᠭ᠌ᠵᠢᠭᠦᠯᠬᠦ᠌ ᠪᠠ ᠪᠣᠬᠢᠷᠲᠤᠯ ᠭᠠᠳᠠᠭ᠍ᠰᠢᠯᠠᠭᠤᠯᠬᠤ ᠬᠡᠮᠵᠢᠶ᠎ᠡ᠎ᠶ᠋ᠢ ᠪᠠᠭᠠᠰᠭᠠᠬᠤ᠎ᠶ᠋ᠢ ᠰᠠᠢᠲᠤᠷ ᠱᠢᠶ᠋ᠳᠪᠦᠷᠢᠯᠡᠵᠤ᠂ ᠪᠦᠬᠦᠯᠢ ᠴᠣᠭ᠍ᠴᠠ ᠪᠠ ᠬᠡᠰᠡᠭ ᠲᠠᠯ᠎ᠠ᠂ ᠣᠬᠣᠷ ᠬᠤᠭᠤᠴᠠᠭ᠎ᠠ ᠪᠠ ᠳᠤᠮᠳᠠ ᠤᠷᠲᠤ ᠬᠤᠭᠤᠴᠠᠭᠠᠨ᠎ᠤ ᠬᠠᠷᠢᠴᠠᠭ᠎ᠠ᠂ ᠨᠡᠮᠡᠭ᠌ᠳᠡᠯ᠎ᠢ ᠲᠣᠭ᠍ᠲᠠᠪᠤᠷᠢᠵᠢᠭᠤᠯᠬᠤ ᠪᠠ ᠪᠦᠲᠦᠴᠡ᠎ᠶ᠋ᠢ ᠲᠣᠬᠢᠷᠠᠭᠤᠯᠬᠤ᠎ᠶ᠋ᠢ ᠨᠢᠭᠡᠳᠦᠯᠲᠡᠶ ᠲᠥᠯᠥᠪᠯᠠᠵᠤ᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ᠂ ᠨᠡᠭᠦᠷᠡᠰᠦᠲᠥ᠋ᠷᠥᠭ᠌ᠴᠢ᠎ᠵᠢ ᠰᠠᠭᠠᠷᠮᠠᠬᠵᠢᠭᠤᠯᠬᠤ ᠵᠢ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠦᠬᠦ᠌ ᠲᠠᠯ᠎ᠠ᠎ᠳᠤ ᠣᠷᠣᠭᠤᠯᠵᠤ᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯ᠎ᠢ ᠬᠦᠴᠦᠲᠡᠶ ᠡᠮᠬᠢ ᠵᠢᠷᠤᠮ᠎ᠲᠠᠶ ᠪᠦᠲᠦᠮᠵᠢᠲᠡᠶ ᠰᠠᠢᠲᠤᠷ ᠬᠢᠵᠤ᠂ ᠦᠢᠯᠡᠳᠪᠦᠷᠢᠯᠡᠯ ᠠᠮᠢᠳᠤᠷᠠᠯ᠎ᠤᠨ ᠠᠷᠭ᠎ᠠ ᠮᠠᠶᠢᠭ᠎ᠤᠨ ᠪᠣᠬᠢᠷᠲᠤᠯ ᠦᠭᠡᠢ ᠪᠤᠯᠭᠠᠬᠤ ᠬᠤᠪᠢᠰᠤᠯᠲᠠ᠎ᠶ᠋ᠢ ᠲᠦᠷᠭᠡᠪᠴᠢᠯᠡᠨ ᠪᠡᠶᠡᠯᠡᠭᠦᠯᠵᠤ᠂ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢ ᠡᠬᠢ ᠪᠠᠶᠠᠯᠢᠭ᠎ᠢ ᠥᠨᠳᠥᠷ ᠪᠦᠲᠦᠮᠵᠢᠲᠡᠢ ᠠᠱᠢᠭ᠍ᠯᠠᠬᠤ ᠪᠠ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠬᠥᠭ᠌ᠵᠢᠯᠲᠡ᠎ᠶ᠋ᠢᠨ ᠰᠠᠭᠤᠷᠢᠨ ᠳᠡᠭᠡᠷ᠎ᠡ ᠪᠠᠢᠭᠤᠯᠬᠤ᠎ᠶ᠋ᠢ ᠠᠬᠢᠭᠤᠯᠵᠤ᠂ 2030 ᠣᠨ᠎ᠠᠴᠠ ᠡᠮᠦᠨ᠎ᠡ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠬᠠᠷᠠᠯᠲᠠ᠎ᠶ᠋ᠢ ᠬᠤᠭᠤᠴᠠᠭ᠎ᠠ ᠶᠣᠰᠣᠭᠠᠷ ᠪᠡᠶᠡᠯᠡᠭᠦᠯᠬᠦ᠌᠎ᠶ᠋ᠢ ᠦᠨᠡᠨ ᠬᠦ᠌ ᠪᠠᠲᠤᠯᠠᠪᠠ᠃

《ᠲᠥᠰᠦᠯ》 ᠳ᠋ᠤ᠂ 《ᠶᠡᠷᠦᠩᠬᠡᠶ ᠪᠠᠢᠷᠢᠯᠠᠭᠤᠯᠤᠯᠲᠠ ᠬᠢᠬᠦ᠌᠂ ᠲᠥᠷᠥᠯ ᠬᠤᠪᠢᠶᠠᠨ ᠠᠷᠭ᠎ᠠ ᠪᠣᠳᠣᠯᠭ᠎ᠠ ᠬᠡᠷᠡᠭ᠌ᠵᠢᠭᠦᠯᠬᠦ᠌᠂ ᠱᠢᠰᠲ᠋ᠧᠮ᠎ᠲᠡᠶ ᠠᠬᠢᠭᠤᠯᠬᠤ᠂ ᠭᠤᠤᠯᠳᠠᠯᠭ᠎ᠠ᠎ᠲᠠᠶ ᠱᠢᠪᠲᠤᠯᠤᠯᠲᠠ ᠬᠢᠬᠦ᠌᠂ ᠬᠤᠤᠰ ᠬᠦᠷᠳᠦ᠍᠎ᠪᠡᠷ ᠬᠥᠳᠡᠯᠭᠡᠭᠦᠷ ᠪᠣᠯᠭᠠᠬᠤ᠂ ᠬᠣᠶᠠᠷ ᠲᠠᠯ᠎ᠠ᠎ᠪᠠᠷ ᠬᠦᠴᠦᠯᠡᠬᠦ᠌᠂ ᠯᠠᠪᠳᠠᠭᠤᠨ ᠪᠥᠭᠡᠳ ᠡᠮᠬᠢ ᠵᠢᠷᠤᠮ᠎ᠲᠠᠶ᠂ ᠠᠮᠤᠷ ᠲᠦᠪᠱᠢᠨ᠎ᠢᠶᠡᠷ ᠨᠡᠭᠦᠷᠡᠰᠦᠲᠥ᠋ᠷᠥᠭ᠌ᠴᠢ᠎ᠶ᠋ᠢ ᠪᠠᠭᠠᠰᠭᠠᠬᠤ》 ᠠᠵᠢᠯ᠎ᠤᠨ ᠵᠠᠷᠴᠢᠮ᠎ᠢ ᠪᠠᠷᠢᠮᠲᠠᠯᠠᠵᠤ᠂ ᠦᠵᠤ ᠲᠦᠯᠦᠪᠯᠡᠭᠡ ᠪᠠ ᠡᠯ᠎ᠡ ᠲᠠᠯ᠎ᠠ᠎ᠶ᠋ᠢᠨ ᠨᠢᠭᠡᠳᠦᠯᠲᠡᠶ ᠲᠥᠯᠥᠪᠵᠢᠭᠦᠯᠭᠡ᠎ᠶ᠋ᠢ ᠴᠢᠩᠭᠠᠳᠭᠠᠵᠤ᠂ ᠲᠥᠷᠥ᠎ᠶ᠋ᠢᠨ ᠪᠣᠳᠣᠯᠭ᠎ᠠ᠎ᠶ᠋ᠢᠨ ᠱᠢᠰᠲ᠋ᠧᠮᠲᠦ ᠴᠢᠨᠠᠷ᠂ ᠬᠠᠮᠵᠢᠯᠴᠠᠬᠤ ᠴᠢᠨᠠᠷ᠎ᠢ ᠴᠢᠩᠭᠠᠳᠭᠠᠵᠤ᠂ ᠵᠠᠰᠠᠭ᠎ᠤᠨ ᠣᠷᠳᠣᠨ᠎ᠤ ᠦᠶ᠋ᠯᠡᠳᠦᠯ᠎ᠢ ᠨᠠᠩ ᠰᠠᠢᠲᠤᠷ ᠪᠠᠳᠠᠷᠠᠭᠤᠯᠵᠤ᠂ ᠵᠠᠬ᠎ᠠ ᠳᠡᠯᠭᠡᠭᠦᠷ᠎ᠦᠨ ᠲᠣᠭ᠍ᠲᠠᠴᠠ᠎ᠶ᠋ᠢᠨ ᠦᠶ᠋ᠯᠡᠳᠦᠯ᠎ᠢ ᠭᠦᠶ᠋ᠴᠡᠳ ᠪᠠᠳᠠᠷᠠᠭᠤᠯᠵᠤ᠂ ᠤᠷᠢᠳ᠎ᠢᠶᠠᠷ ᠪᠠᠢᠭᠤᠯᠵᠤ ᠳᠠᠷᠠᠭ᠎ᠠ᠎ᠨᠢ ᠡᠪᠳᠡᠬᠦ᠌᠎ᠶ᠋ᠢ ᠪᠠᠷᠢᠮᠲᠠᠯᠠᠵᠤ᠂ ᠤᠯᠤᠰ᠎ᠤᠨ ᠡᠨᠧᠷᠭᠢ᠎ᠶ᠋ᠢᠨ ᠠᠮᠤᠷ ᠲᠦᠪᠱᠢᠨ ᠪᠠ ᠠᠵᠤ ᠠᠬᠤᠶ᠎ᠶ᠋ᠢᠨ ᠬᠥᠭ᠌ᠵᠢᠯᠲᠡ᠎ᠶ᠋ᠢ ᠪᠠᠲᠤᠯᠠᠬᠤ᠎ᠪᠠᠷ ᠬᠣᠷᠢᠭ᠎ᠠ ᠱᠤᠭᠤᠮ ᠪᠣᠯᠭᠠᠵᠤ᠂ ᠡᠨᠧᠷᠭᠢ᠎ᠶ᠋ᠢᠨ ᠨᠡᠭᠦᠷᠡᠰᠦᠲᠥ᠋ᠷᠥᠭ᠌ᠴᠢ ᠪᠠᠭ᠎ᠠ ᠭᠠᠳᠠᠬᠰᠢᠯᠠᠭᠤᠯᠬᠤ ᠬᠡᠯᠪᠡᠷᠢ ᠵᠢ ᠬᠤᠪᠢᠷᠠᠭᠤᠯᠤᠨ ᠲᠣᠭ᠍ᠲᠠᠭᠤᠨ᠎ᠢᠶᠠᠷ ᠱᠢᠯᠵᠢᠬᠦ᠌ ᠵᠢ ᠠᠬᠢᠭᠤᠯᠵᠤ᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠵᠢ ᠲᠣᠭ᠍ᠲᠠᠭᠤᠨ ᠪᠥᠭᠡᠳ ᠡᠮᠬᠢ ᠵᠢᠷᠤᠮ᠎ᠲᠠᠶ᠂ ᠠᠯᠬᠤᠮ ᠳᠠᠷᠠᠭ᠎ᠠ᠎ᠲᠠᠶ᠎ᠪᠠᠷ ᠠᠬᠢᠭᠤᠯᠵᠤ᠂ ᠠᠮᠤᠷ ᠲᠦᠪᠰᠢᠨ ᠵᠢᠡᠷ ᠨᠡᠬᠦᠷᠡᠰᠦᠳᠦ᠋ᠷᠦᠭᠴᠢ ᠵᠢ ᠪᠠᠭᠠᠰᠬᠠᠬᠤ ᠵᠢ ᠦᠨᠡᠨ ᠬᠦ᠌ ᠪᠠᠳᠤᠯᠠᠬᠤ ᠭᠡᠷᠡᠭᠳᠠᠢ ᠭᠡᠵᠤ ᠴᠢᠬᠤᠯᠠᠴᠢᠯᠠᠪᠠ᠃ 《ᠲᠥᠰᠦᠯ》 ᠳ᠋ᠤ ᠴᠢᠯᠠᠭᠤᠵᠢᠮᠠᠯ᠎ᠤᠨ ᠪᠤᠰᠤ ᠡᠨᠧᠷᠭᠢ᠎ᠶ᠋ᠢᠨ ᠬᠡᠷᠡᠭ᠌ᠯᠡᠭᠡᠨ᠎ᠦ ᠬᠤᠪᠢ᠎ᠶ᠋ᠢᠨ ᠵᠢᠩ᠂ ᠡᠨᠧᠷᠭᠢ᠎ᠶ᠋ᠢᠨ ᠠᠱᠢᠭ᠍ᠯᠠᠯᠲᠠ᠎ᠶ᠋ᠢᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌᠂ ᠨᠡᠭᠦᠷᠡᠰᠦᠲᠥ᠋ᠷᠥᠭ᠌ᠴᠢ᠎ᠶ᠋ᠢᠨ ᠳᠠᠪᠬᠤᠷ ᠢᠰᠦᠯ᠎ᠢ ᠭᠠᠳᠠᠭ᠍ᠰᠢᠯᠠᠭᠤᠯᠬᠤ ᠡᠷᠴᠢᠮ᠎ᠢ ᠪᠠᠭᠤᠷᠠᠭᠤᠯᠬᠤ ᠵᠡᠷᠭᠡ ᠭᠤᠤᠯ ᠬᠠᠷᠠᠯᠲᠠ᠎ᠶ᠋ᠢ ᠳᠤᠷᠠᠳᠪᠠ᠃

《ᠲᠥᠰᠦᠯ》 ᠳ᠋ᠤ᠂ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯ᠎ᠢ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠦᠬᠦ᠌ ᠶᠠᠪᠤᠴᠠ ᠪᠠ ᠡᠯ᠎ᠡ ᠲᠠᠯ᠎ᠠ᠎ᠳᠤ ᠲᠤᠭᠤᠱᠢᠯᠠᠭᠤᠯᠵᠤ᠂ ᠡᠨᠧᠷᠭᠢ᠎ᠶ᠋ᠢᠨ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠪᠤᠯᠭᠠᠨ ᠬᠡᠯᠪᠡᠷᠢ᠎ᠶ᠋ᠢ ᠬᠤᠪᠢᠷᠠᠭᠤᠯᠬᠤ ᠠᠵᠢᠯᠯᠠᠭ᠎ᠠ᠂ ᠡᠨᠧᠷᠭᠢ ᠠᠷᠪᠢᠯᠠᠵᠤ ᠨᠡᠭᠦᠷᠡᠰᠦᠲᠥ᠋ᠷᠥᠭ᠌ᠴᠢ᠎ᠶ᠋ᠢ ᠪᠠᠭᠤᠷᠠᠭᠤᠯᠤᠨ ᠦᠷ᠎ᠡ ᠠᠱᠢᠭ᠎ᠢ ᠨᠡᠮᠡᠭ᠌ᠳᠡᠭᠦᠯᠬᠦ᠌ ᠠᠵᠢᠯᠯᠠᠭ᠎ᠠ᠂ ᠠᠵᠤ ᠦᠶ᠋ᠯᠡᠳᠪᠦᠷᠢ᠎ᠶ᠋ᠢᠨ ᠬᠦᠷᠢᠶᠡᠨ᠎ᠳᠡᠬᠢ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯᠯᠠᠭ᠎ᠠ᠂ ᠬᠣᠲᠠ ᠬᠥᠳᠡᠭᠡ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯᠯᠠᠭ᠎ᠠ᠂ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠪᠣᠬᠢᠷᠲᠤᠯ ᠥᠬᠡᠶ ᠨᠡᠭᠦᠷᠡᠰᠦᠲᠥ᠋ᠷᠥᠭ᠌ᠴᠢ ᠪᠠᠭ᠎ᠠ ᠭᠠᠳᠠᠬᠰᠢᠯᠠᠭᠤᠯᠬᠤ ᠠᠵᠢᠯᠯᠠᠭ᠎ᠠ᠂ ᠡᠷᠬᠢᠯᠳᠡᠳᠤ ᠠᠵᠤ ᠠᠬᠤᠶ᠎ᠶ᠋ᠢᠨ ᠨᠡᠭᠦᠷᠡᠰᠦᠲᠥ᠋ᠷᠥᠭ᠌ᠴᠢ᠎ᠶ᠋ᠢ ᠪᠠᠭᠠᠰᠭᠠᠬᠤ᠎ᠳᠤ ᠬᠦᠴᠦᠨ ᠨᠡᠮᠡᠷᠢᠯᠡᠬᠦ ᠠᠵᠢᠯᠯᠠᠭ᠎ᠠ᠂ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌ ᠠᠵᠢᠯᠯᠠᠭ᠎ᠠ᠂ ᠨᠡᠭᠦᠷᠡᠰᠦᠲᠥ᠋ᠷᠥᠭ᠌ᠴᠢ᠎ᠶ᠋ᠢ ᠱᠢᠩᠭᠡᠭᠡᠬᠦ ᠴᠢᠳᠠᠪᠤᠷᠢ᠎ᠶ᠋ᠢ ᠪᠡᠬᠢᠵᠢᠭᠦᠯᠦᠨ ᠳᠡᠭᠡᠭ᠌ᠰᠢᠯᠡᠭᠦᠯᠬᠦ᠌ ᠠᠵᠢᠯᠯᠠᠭ᠎ᠠ᠂ ᠪᠣᠬᠢᠷᠲᠤᠯ ᠦᠭᠡᠢ ᠨᠡᠭᠦᠷᠡᠰᠦᠲᠥ᠋ᠷᠥᠭ᠌ᠴᠢ ᠪᠠᠭ᠎ᠠ ᠭᠠᠳᠠᠭ᠍ᠰᠢᠯᠠᠭᠤᠯᠬᠤ ᠪᠦᠬᠦ᠌ ᠠᠷᠠᠳ᠎ᠤᠨ ᠠᠵᠢᠯᠯᠠᠭ᠎ᠠ᠂ ᠡᠯ᠎ᠡ ᠭᠠᠵᠠᠷ ᠣᠷᠣᠨ᠎ᠤ ᠱᠠᠲᠤᠯᠢᠭ ᠡᠮᠬᠢ ᠵᠢᠷᠤᠮ᠎ᠲᠠᠶ ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠵᠢᠯᠯᠠᠭ᠎ᠠ ᠵᠡᠷᠭᠡ 《ᠨᠡᠭᠦᠷᠡᠰᠦᠲᠥ᠋ᠷᠥᠭ᠌ᠴᠢ ᠵᠢᠨ ᠭᠠᠳᠠᠬᠰᠢᠯᠠᠭᠤᠯᠤᠯᠳᠠ ᠤᠷᠬᠢᠯ ᠬᠡᠮᠵᠢᠭᠳᠡᠯ᠎ᠳᠤ ᠬᠦᠷᠬᠦ ᠠᠷᠪᠠᠨ ᠶᠡᠬᠡ ᠠᠵᠢᠯᠯᠠᠭ᠎ᠠ》 ᠶ᠋ᠢ ᠭᠣᠣᠯᠳᠠᠯᠭ᠎ᠠ᠎ᠲᠠᠶ ᠬᠡᠷᠡᠭ᠌ᠵᠢᠭᠦᠯᠬᠦ ᠵᠢ ᠱᠠᠭᠠᠷᠳᠠᠬᠤ ᠵᠢᠨ ᠬᠠᠮᠳᠦ ᠣᠯᠠᠨ ᠤᠯᠤᠰ᠎ᠤᠨ ᠬᠠᠮᠳᠤᠷᠠᠯᠴᠠᠭ᠎ᠠ ᠦᠷᠨᠢᠬᠦᠯᠬᠦ ᠪᠣᠯᠤᠨ ᠲᠥᠷᠥ᠎ᠶ᠋ᠢᠨ ᠪᠣᠳᠣᠯᠭ᠎ᠠ᠎ᠶ᠋ᠢᠨ ᠪᠠᠲᠤᠯᠠᠭ᠎ᠠ᠎ᠶ᠋ᠢ ᠴᠢᠨᠭᠭᠠᠤᠨᠬᠠᠬᠤ  ᠲᠤᠬᠠᠢ ᠬᠠᠷᠠᠭᠠᠯᠵᠠᠭᠰᠠᠨ  ᠪᠠᠢᠷᠢᠯᠠᠭᠤᠯᠤᠯᠲᠠ ᠬᠢᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠱᠢᠡᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号