ᠪᠠᠯ ᠪᠤᠷᠠᠮ᠎ᠤᠨ ᠦᠨᠦᠷ ᠬᠠᠩᠬᠤᠯᠤᠬ᠍ᠰᠠᠨ ᠦᠬᠠᠢ᠎ᠶ᠋ᠢᠨ ᠨᠠᠮᠤᠷ
2021-10-04 10:37:52
ᠵᠣᠬᠢᠶᠠᠭ᠍ᠴᠢ᠄
ᠱᠢᠤᠢ ᠱᠢᠶᠤᠤ ᠯᠠᠨ ᠵᠠᠩ ᠬᠤᠢ ᠯᠢᠩ ᠬᠤᠤ ᠪᠢᠶᠤᠤ ᠾᠦᠸᠧ ᠱᠢᠶᠤᠤ ᠴᠢᠩ ᠪᠦᠦ ᠬᠤᠩ
ᠣᠩᠱᠢᠭ᠍ᠰᠠᠨ ᠣᠳᠠᠭ᠎ᠠ᠄
★★★☆☆

《ᠬᠡᠨ ᠬᠥᠮᠦᠨ ᠨᠠᠳᠠ᠎ᠠᠴᠠ ᠦᠬᠠᠶ᠎ᠶ᠋ᠢᠨ ᠵᠤᠨ ᠶᠠᠮᠠᠷ ᠠᠮᠳᠠ᠎ᠲᠠᠢ ᠪᠣᠶ ᠭᠡᠵᠦ᠍ ᠠᠰᠠᠭᠤᠪᠠᠯ᠂ ᠪᠢ ᠯᠠᠪᠲᠠᠶ ᠲᠡᠭᠦᠨ᠎ᠳᠤ ᠦᠬᠠᠶ᠎ᠶ᠋ᠢᠨ ᠵᠤᠨ ᠬᠡᠵᠥ᠍ ᠦᠵᠦᠮ᠎ᠤᠨ ᠠᠮᠳᠠ᠎ᠲᠠᠢ ᠭᠡᠵᠦ᠍ ᠬᠠᠷᠢᠭᠤᠯᠤᠨ᠎ᠠ》᠃ ᠤᠮᠠᠷᠠᠲᠤ ᠥᠷᠭᠡᠷᠢᠭ᠎ᠤᠨ 39 ᠭᠷᠠᠳᠦ᠋ᠰ᠎ᠤᠨ 《ᠦᠷᠯᠦᠭᠡ᠎ᠨᠢ ᠠᠷᠠᠰᠤᠨ ᠳᠡᠪᠡᠯ ᠡᠮᠦᠰᠴᠦ᠍ ᠦᠳᠡ᠎ᠳᠤᠨᠢ ᠱᠠ ᠡᠮᠦᠰᠳᠡᠭ》 ᠨᠢᠭᠡᠨ ᠨᠠᠮᠤᠷ᠎ᠤᠨ ᠡᠳᠦᠷ᠎ᠤᠨ ᠦᠳᠡ᠎ᠶ᠋ᠢᠨ ᠬᠤᠢᠨ᠎ᠠ᠂ ᠨᠡᠷᠡᠨ᠎ᠳᠤ ᠡᠭᠡᠭᠡᠵᠦ᠍ ᠵᠤᠭ᠍ᠰᠤᠭ᠍ᠰᠠᠨ ᠸᠠᠩ ᠱᠧᠩ ᠶᠦᠨ᠄ 《ᠵᠦᠪᠬᠡᠨ ᠵᠤᠨ ᠯᠡ ᠪᠢᠰᠢ᠂ ᠦᠬᠠᠶ᠎ᠶ᠋ᠢᠨ ᠨᠠᠮᠤᠷ ᠬᠡᠵᠥ᠍ ᠪᠠᠰᠠ ᠦᠵᠦᠮ᠎ᠤᠨ ᠠᠮᠳᠠ᠎ᠲᠠᠢ ᠱᠢᠦ》 ᠭᠡᠵᠦ᠍ ᠶᠦᠮᠦᠷᠯᠢᠭ ᠶᠠᠷᠢᠨ᠎ᠠ᠃

ᠡᠭᠦᠨ᠎ᠢ ᠸᠠᠩ ᠱᠧᠩ ᠶᠦᠨ ᠠᠮᠠᠨ ᠠᠶ᠎ᠠ᠎ᠪᠠᠷ᠎ᠢᠶᠠᠨ ᠯᠡ ᠬᠡᠯᠡᠭ᠌ᠰᠡᠨ ᠪᠢᠰᠢ᠃ ᠲᠡᠷᠡ ᠪᠣᠯ ᠬᠠᠢᠨᠠᠨ ᠲᠣᠭᠤᠷᠢᠭ᠎ᠤᠨ ᠰᠠᠢᠬᠠᠬᠤᠰᠤ ᠲᠣᠰᠭᠤᠨ᠎ᠤ ᠬᠠᠲᠤᠨ ᠭᠤᠤᠯ᠎ᠤᠨ ᠲᠣᠰᠭᠤᠨ᠎ᠤ ᠠᠷᠠᠳ᠎ᠤᠨ ᠳᠤᠭᠤᠢᠯᠠᠩ᠎ᠤᠨ ᠨᠠᠮ᠎ᠤᠨ ᠭᠡᠱᠢᠭᠦᠨ 《ᠪᠠᠶᠠᠵᠢᠯ᠎ᠤᠨ ᠳᠠᠭᠠᠭᠤᠯᠤᠭ᠍ᠴᠢ》᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠢᠱ᠌ᠢᠶ᠎ᠡ ᠦᠵᠡᠭᠦᠯᠬᠦ᠌ ᠡᠷᠦᠬᠡ᠂ ᠦᠵᠦᠮ ᠳᠠᠷᠢᠬᠤ ᠲᠣᠮᠣ ᠡᠷᠦᠬᠡ ᠪᠣᠯᠤᠨ᠎ᠠ᠃ 30 ᠭᠠᠷᠤᠢ ᠵᠢᠯ ᠦᠵᠦᠮ ᠲᠠᠷᠢᠭ᠍ᠰᠠᠨ ᠲᠡᠷᠡ ᠬᠠᠲᠤᠨ ᠭᠤᠣᠯ᠎ᠤᠨ ᠵᠡᠭᠦᠨ ᠡᠷᠭᠢ᠎ᠳᠤ ᠪᠠᠢᠷᠢᠯᠠᠭ᠎ᠠ ᠡᠨᠡ ᠬᠦ᠌ ᠵᠢᠵᠢᠭ ᠲᠣᠰᠭᠤᠨ᠎ᠨᠢ ᠬᠡᠷᠬᠢᠨ ᠬᠤᠯᠠ ᠤᠢ᠍ᠢᠷ᠎ᠠ᠎ᠳᠠᠭᠠᠨ ᠠᠯᠳᠠᠷᠱᠢᠭ᠍ᠰᠠᠨ 《ᠦᠬᠠᠢ᠎ᠶ᠋ᠢᠨ ᠦᠵᠦᠮ᠎ᠤᠨ ᠨᠢᠭᠡᠳᠦᠭᠡᠷ ᠲᠣᠰᠭᠤᠨ》 ᠪᠣᠯᠤᠭ᠍ᠰᠠᠨ᠎ᠢ ᠪᠡᠶ᠎ᠠ᠎ᠪᠠᠷ᠎ᠢᠶᠠᠨ ᠭᠡᠷᠡᠴᠢᠯᠡᠪᠡ᠃


QQ截图20211003105631.png

             

               ᠸᠠᠩ ᠱᠧᠩ ᠶᠦᠨ ᠡᠯᠪᠡᠭ ᠬᠤᠷᠢᠶᠠᠯᠳᠠ᠎ᠳᠠᠭᠠᠨ ᠪᠠᠶᠠᠰᠤᠨ᠎ᠠ


ᠸᠠᠩ ᠱᠧᠩ ᠶᠦᠨ᠎ᠤ ᠭᠡᠷ᠎ᠤᠨ ᠦᠵᠦᠮ᠎ᠤᠨ ᠲᠠᠷᠢᠶᠠᠨ᠎ᠳᠤ ᠵᠣᠭ᠍ᠰᠣᠬᠤ᠎ᠳᠤ᠂ ᠦᠵᠦᠮ᠎ᠤᠨ ᠣᠷᠢᠶᠠᠩᠭᠤ᠎ᠶ᠋ᠢᠨ ᠳᠣᠣᠷ᠎ᠠ᠎ᠨᠢ 《ᠨᠢᠭᠡ ᠤᠭᠤᠲᠠ ᠤᠭᠤᠳᠠ》 ᠦᠵᠦᠮ ᠰᠠᠭᠤᠭ᠍ᠰᠠᠨ᠎ᠨᠢ ᠬᠤᠯᠠ᠎ᠠᠴᠠ ᠬᠠᠷᠠᠭ᠍ᠳᠠᠨ᠎ᠠ᠃ ᠡᠨᠡ᠎ᠨᠢ ᠦᠵᠦᠮ᠎ᠤᠨ ᠭᠠᠳᠠᠭᠤᠷ᠎ᠨᠢ ᠲᠣᠭᠤᠰᠣ ᠬᠤᠷᠣᠬᠠᠶ ᠰᠠᠭᠤᠬᠤ᠎ᠠᠴᠠ ᠰᠡᠷᠭᠡᠢᠯᠡᠬᠦ᠌ ᠴᠠᠭᠠᠰᠤᠨ ᠤᠭᠤᠲᠠ ᠤᠭ᠍ᠯᠠᠵᠤ᠂ ᠵᠢᠮᠢᠰ᠎ᠤᠨ 《ᠪᠡᠶ᠎ᠡ ᠭᠠᠯᠪᠢᠷ᠎ᠤᠨ  ᠭᠤᠸ᠎ᠠ ᠰᠠᠢᠬᠠᠨ》 ᠪᠠ ᠡᠷᠡᠭᠦᠯ ᠮᠡᠨᠳᠦ᠎ᠶ᠋ᠢ ᠪᠠᠲᠤᠯᠠᠳᠠᠭ ᠪᠠᠢᠨ᠎ᠠ᠃

《1974 ᠣᠨ᠎ᠳᠤ᠂ ᠪᠢ ᠬᠠᠳᠤᠨ ᠭᠤᠣᠯ᠎ᠤᠨ ᠲᠣᠰᠭᠤᠨ᠎ᠳᠤ ᠢᠷᠡᠵᠦ᠍ ᠰᠠᠭᠤᠷᠢᠱᠢᠪᠠ᠃ ᠲᠤᠬᠠᠢ᠎ᠶ᠋ᠢᠨ ᠦᠶ᠎ᠡ᠎ᠳᠤ ᠬᠠᠳᠤᠨ ᠭᠤᠣᠯ᠎ᠤᠨ ᠲᠣᠰᠭᠤᠨ ᠪᠣᠯ ᠣᠷᠣᠨ᠎ᠤ ᠠᠩᠬᠠᠳᠠᠭ᠍ᠴᠢ ᠨᠡᠭᠦᠳᠡᠯ ᠠᠷᠠᠳ᠎ᠤᠨ ᠲᠣᠰᠭᠤᠨ ᠪᠣᠯᠤᠨ᠎ᠠ᠂ ᠨᠠᠮ᠎ᠠ᠎ᠶ᠋ᠢ ᠢᠷᠡᠬᠦ᠌ ᠦᠶ᠎ᠡ᠎ᠳᠤ ᠬᠥᠮᠦᠨ ᠮᠠᠰᠢ ᠴᠥᠭᠡᠨ᠂ ᠠᠵᠤ ᠦᠢᠯᠡᠰ᠎ᠢ ᠬᠥᠭ᠌ᠵᠢᠭᠦᠯᠬᠦ᠌᠎ᠪᠠᠷ ᠳᠠᠮᠵᠢᠨ ᠬᠡᠷᠬᠢᠨ ᠰᠠᠢᠨ ᠰᠠᠢᠬᠠᠨ ᠠᠮᠢᠳᠤᠷᠠᠬᠤ ᠲᠤᠬᠠᠢ ᠰᠡᠳᠭᠢᠮᠵᠢ ᠴᠦ᠍ ᠦᠭᠡᠢ》 ᠭᠡᠵᠦ᠍ ᠰᠠᠶᠢᠬᠠᠨ ᠨᠡᠭᠦᠵᠦ᠍ ᠢᠷᠡᠭ᠌ᠰᠡᠨ ᠦᠶ᠎ᠡ᠎ᠪᠠᠨ ᠡᠷᠭᠢᠴᠡᠭᠦᠯᠦᠨ ᠸᠠᠩ ᠱᠧᠩ ᠶᠦᠨ ᠥᠪᠡᠷ᠎ᠤᠨ ᠡᠷᠬᠡ ᠦᠭᠡᠢ ᠰᠡᠳᠭᠢᠯ ᠬᠥᠳᠡᠯᠪᠡ᠃

《1983 ᠣᠨ᠎ᠳᠤ᠂ ᠠᠩᠬᠠᠳᠤᠭᠠᠷ ᠡᠭᠡᠯᠵᠢ᠎ᠶ᠋ᠢᠨ ᠭᠠᠵᠠᠷ ᠱᠢᠷᠣᠶ᠎ᠶ᠋ᠢᠨ ᠳᠠᠭᠠᠭᠠᠴᠢᠯᠠᠯᠲᠠ ᠡᠬᠢᠯᠡᠭ᠌ᠰᠡᠨ᠎ᠤ ᠳᠠᠷᠠᠭ᠎ᠠ᠂ ᠪᠢᠳᠡ ᠬᠠᠮᠲᠤ᠎ᠶ᠋ᠢᠨ ᠠᠵᠤ ᠠᠬᠤᠶ᠎ᠶ᠋ᠢ ᠡᠬᠢᠯᠡᠨ ᠬᠥᠭ᠌ᠵᠢᠭᠦᠯᠪᠡ᠃

1985 ᠣᠨ᠎ᠳᠤ᠂ ᠬᠠᠢᠨᠠᠨ ᠲᠣᠭᠤᠷᠢᠭ᠎ᠤᠨ ᠲᠠᠷᠢᠶᠠᠯᠠᠩ ᠮᠠᠯ ᠠᠵᠤ ᠠᠬᠤᠢ᠎ᠶ᠋ᠢᠨ  ᠲᠤᠪᠴᠢᠶ᠎ᠠ ᠮᠡᠷᠭᠡᠵᠢᠯᠲᠡᠨ ᠲᠣᠮᠢᠯᠠᠵᠤ᠂ ᠪᠢᠳᠡᠨ᠎ᠢ ᠵᠢᠯᠣᠭᠤᠳᠤᠨ ᠦᠵᠦᠮ ᠲᠠᠷᠢᠭᠤᠯᠵᠠᠢ᠃

ᠲᠡᠷᠡ ᠦᠶ᠎ᠡ᠎ᠳᠤ᠂ ᠪᠢ 3 ᠮᠦ᠍ ᠲᠠᠷᠢᠵᠤ᠂ ᠪᠦᠬᠦ᠌ ᠲᠣᠰᠭᠤᠨ᠎ᠤ ᠲᠠᠷᠢᠮᠠᠯ᠎ᠤᠨ ᠲᠠᠯᠠᠪᠠᠢ ᠪᠠᠷᠤᠭ 300 ᠭᠠᠷᠤᠶ ᠮᠦ᠍ ᠪᠠᠢᠪᠠ》 ᠭᠡᠵᠦ᠍ ᠸᠠᠩ ᠱᠧᠩ ᠶᠦᠨ ᠬᠡᠯᠡᠪᠡ᠃ ᠬᠠᠲᠤᠨ ᠭᠤᠤᠯ᠎ᠤᠨ ᠲᠣᠰᠭᠤᠨ ᠪᠣᠯ ᠢᠯᠡᠷᠬᠡᠶ ᠡᠬᠡ ᠭᠠᠵᠠᠷ᠎ᠤᠨ ᠴᠢᠨᠠᠷᠲᠠᠶ ᠠᠭᠤᠷ ᠠᠮᠢᠰᠭᠤᠯ᠎ᠳᠤ ᠬᠠᠷᠢᠶᠠᠯᠠᠭ᠍ᠳᠠᠵᠤ᠂ ᠨᠡᠷᠡᠨ᠎ᠤ ᠲᠤᠰᠤᠯᠲᠠ᠎ᠶ᠋ᠢᠨ ᠴᠠᠭ ᠣᠷᠳᠣ᠂ ᠨᠡᠷᠡᠨ᠎ᠤ ᠰᠠᠴᠤᠷᠠᠯᠲᠠ ᠴᠢᠩᠭ᠎ᠠ᠂ ᠡᠳᠦᠷ ᠰᠥᠨᠢ᠎ᠶ᠋ᠢᠨ ᠳᠤᠯᠠᠭᠠᠨ᠎ᠤ ᠵᠥᠷᠢᠶ᠎ᠡ ᠶᠡᠭᠡ ᠪᠣᠯᠬᠤᠷ ᠦᠵᠦᠮ ᠳᠠᠷᠢᠬᠤ᠎ᠳᠤ ᠲᠣᠬᠢᠷᠠᠮᠵᠢᠲᠠᠶ ᠪᠠᠢᠳᠠᠭ᠃ ᠲᠡᠷᠡ ᠵᠢᠯ᠎ᠠᠴᠠ ᠡᠬᠢᠯᠡᠨ ᠬᠠᠲᠤᠨ ᠭᠤᠤᠯ᠎ᠤᠨ ᠬᠥᠪᠡᠭᠡᠨ᠎ᠳᠠᠬᠢ ᠡᠨᠡᠬᠦ᠌ ᠵᠢᠵᠢᠭ ᠲᠣᠰᠭᠤᠨ ᠦᠵᠦᠮ ᠳᠠᠷᠢᠵᠤ ᠪᠠᠶᠠᠵᠢᠬᠤ ᠡᠭᠦᠳᠡ᠎ᠪᠠᠨ ᠨᠡᠭᠡᠭᠡᠭ᠌ᠰᠡᠨ ᠶᠤᠮ᠃

2000 ᠣᠨ᠎ᠠᠴᠠ ᠡᠬᠢᠯᠡᠨ᠂ ᠦᠬᠠᠶ ᠬᠤᠲᠠ᠎ᠶ᠋ᠢᠨ ᠲᠠᠷᠢᠶᠠᠯᠠᠩ ᠮᠠᠯ ᠠᠵᠤ ᠠᠬᠤᠶ᠎ᠶ᠋ᠢᠨ ᠲᠣᠪᠴᠢᠶ᠎ᠠ ᠠᠵᠤ  ᠦᠢᠯᠡᠰ᠎ᠢᠶᠠᠷ ᠬᠥᠲᠥᠯᠥᠨ ᠵᠢᠯᠣᠭᠤᠳᠭᠤ᠎ᠶ᠋ᠢ ᠬᠡᠷᠡᠭ᠌ᠵᠢᠭᠦᠯᠵᠦ᠍᠂ ᠦᠵᠦᠮ ᠳᠠᠷᠢᠬᠤ᠎ᠳᠤ ᠮᠥ᠍ ᠪᠦᠷᠢ᠎ᠳᠤ 800 ᠲᠥᠭᠦᠷᠢᠭ᠎ᠤᠨ ᠨᠥᠬᠦᠪᠥᠷᠢ ᠥᠭ᠌ᠴᠦ᠂ ᠸᠠᠩ ᠱᠧᠩ ᠶᠦᠨ ᠳᠠᠷᠢᠬᠤ ᠲᠠᠯᠠᠪᠠᠶ᠎ᠪᠠᠨ ᠠᠷᠪᠠᠨ ᠬᠡᠳᠦᠨ ᠮᠥ᠍ ᠪᠣᠯᠭᠠᠨ ᠥᠷᠭᠡᠳᠭᠡᠵᠦ᠍᠂ ᠲᠥᠷᠥᠯ ᠵᠦᠢᠯ᠎ᠢ᠎ᠨᠢ 3 ᠪᠣᠯᠭᠠᠨ ᠨᠡᠮᠡᠭ᠌ᠳᠡᠭᠦᠯᠪᠡ᠃ 2001 ᠣᠨ᠎ᠳᠤ ᠲᠡᠷᠡ ᠪᠠᠰᠠ 600 ᠲᠥᠭᠦᠷᠢᠭ ᠵᠠᠷᠤᠴᠠᠭᠤᠯᠵᠤ 200 ᠰᠠᠭᠤᠷᠢ ᠤᠯᠠᠭᠠᠨ ᠦᠵᠦᠮ᠎ᠤᠨ ᠴᠢᠬᠢ ᠮᠣᠳᠣ ᠬᠤᠳᠠᠯᠳᠤᠨ ᠠᠪᠴᠤ᠌᠂ ᠲᠤᠰ ᠵᠢᠯ᠎ᠤᠨ ᠴᠡᠪᠡᠷ ᠣᠷᠣᠯᠭ᠎ᠠ᠎ᠨᠢ 7 ᠲᠦᠮᠡᠨ ᠲᠥᠭᠦᠷᠢᠭ᠎ᠲᠤ ᠬᠦᠷᠴᠡᠶ᠃ ᠡᠨᠡ᠎ᠨᠢ ᠲᠡᠭᠦᠨ᠎ᠤ ᠦᠵᠦᠮ ᠲᠠᠷᠢᠵᠤ ᠪᠠᠶᠠᠵᠢᠬᠤ ᠢᠲᠡᠭᠡᠯ ᠵᠣᠷᠢᠭ᠎ᠢ ᠪᠠᠲᠤᠳᠭᠠᠪᠠ᠃

ᠲᠠᠷᠢᠮᠠᠯ᠎ᠤᠨ ᠬᠡᠪᠴᠢᠶ᠎ᠡ᠎ᠶ᠋ᠢ ᠥᠷᠭᠡᠳᠭᠡᠵᠦ᠍᠂ ᠦᠵᠦᠮ᠎ᠤᠨ ᠶᠠᠰᠤ ᠴᠢᠨᠠᠷ᠎ᠢ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ 2014 ᠣᠨ᠎ᠳᠤ᠂ ᠸᠠᠩ ᠱᠧᠩ ᠶᠦᠨ ᠲᠠᠷᠢᠮᠠᠯ᠎ᠤᠨ ᠡᠷᠦᠬᠡ᠎ᠶ᠋ᠢ ᠵᠣᠬᠢᠶᠠᠨ ᠪᠠᠢᠭᠤᠯᠤᠨ 《ᠪᠥᠭᠡᠮᠨᠡᠷᠡᠭᠦᠯᠦᠨ ᠳᠤᠯᠠᠭᠠᠯᠠᠵᠤ》᠂ ᠦᠬᠠᠢ ᠬᠤᠲᠠ᠎ᠶ᠋ᠢᠨ ᠨᠦᠩ ᠶᠢᠦ ᠲᠠᠷᠢᠶᠠᠯᠠᠩ᠎ᠤᠨ ᠲᠤᠰᠭᠠᠢ ᠬᠤᠷᠱᠢᠶ᠎ᠠ᠎ᠶ᠋ᠢ ᠪᠠᠢᠭᠤᠯᠵᠤ᠂ 160 ᠭᠠᠷᠤᠢ ᠭᠡᠱᠢᠭᠦᠨ᠎ᠲᠠᠢ ᠪᠣᠯᠵᠠᠢ᠃ ᠬᠤᠷᠱᠢᠶ᠎ᠠ᠎ᠠᠴᠠ ᠲᠣᠰᠭᠤᠨ᠎ᠤ ᠠᠷᠠᠳ᠎ᠤᠨ ᠦᠵᠦᠮ ᠲᠠᠷᠢᠬᠤ ᠡᠯ᠎ᠡ ᠵᠠᠩᠭᠢᠯᠠᠭ᠎ᠠ᠎ᠳᠤ ᠮᠡᠷᠭᠡᠵᠢᠯ᠎ᠤᠨ ᠵᠢᠯᠣᠭᠤᠳᠤᠯᠭ᠎ᠠ ᠦᠭ᠌ᠬᠦ᠎ᠶ᠋ᠢᠨ ᠬᠠᠮᠲᠤ ᠵᠠᠬ᠎ᠠ ᠳᠡᠯᠭᠡᠭᠦᠷ᠎ᠲᠤ ᠭᠠᠷᠭᠠᠬᠤ ᠤᠯᠠᠷᠢᠯ᠎ᠳᠤ ᠴᠦ᠍ ᠨᠢᠭᠡᠳᠦᠯᠲᠡᠶ ᠪᠣᠷᠣᠯᠠᠭᠤᠯᠤᠨ᠎ᠠ᠃ ᠢᠩᠭᠢᠭ᠌ᠰᠡᠨ᠎ᠢᠶᠠᠷ᠂ ᠬᠠᠲᠤᠨ ᠭᠤᠤᠯ᠎ᠤᠨ ᠲᠣᠰᠭᠤᠨ᠎ᠤ ᠦᠵᠦᠮ᠎ᠤᠨ ᠶᠠᠰᠤ ᠴᠢᠨᠠᠷ ᠤᠯᠠᠮ᠎ᠠᠴᠠ ᠤᠯᠠᠮ ᠰᠠᠢᠵᠢᠷᠠᠵᠤ᠂ ᠠᠭᠠᠵᠢᠮ᠎ᠢᠶᠠᠷ ᠦᠬᠠᠶ ᠬᠤᠲᠠ᠎ᠶ᠋ᠢᠨ ᠠᠷᠠᠳ᠎ᠤᠨ ᠳᠤᠮᠳᠠ ᠰᠠᠢᠨ ᠰᠠᠢᠬᠠᠨ ᠮᠠᠭ᠍ᠲᠠᠭᠠᠯ ᠰᠠᠢᠱᠢᠶᠠᠯ᠎ᠲᠠᠢ ᠪᠤᠯᠵᠤ᠂ ᠨᠠᠮᠤᠷ ᠪᠣᠯᠬᠤ ᠪᠦᠷᠢ᠂ ᠥᠪᠡᠷ᠎ᠢᠶᠠᠨ ᠮᠠᠱᠢᠨ ᠵᠢᠯᠣᠭᠤᠳᠴᠤ᠌ ᠲᠣᠰᠭᠤᠨ᠎ᠳᠤ ᠢᠷᠡᠵᠦ᠍ ᠦᠵᠦᠮ ᠬᠤᠳᠠᠯᠳᠤᠨ ᠠᠪᠬᠤ ᠬᠤᠲᠠ᠎ᠶ᠋ᠢᠨ ᠠᠷᠠᠳ ᠴᠤᠪᠤᠷᠠᠨ ᠬᠠᠷᠠᠭ᠍ᠳᠠᠨ᠎ᠠ᠃

《ᠡᠨᠡ ᠬᠦ᠌ ᠬᠠᠷ᠎ᠠ ᠬᠦᠷᠡᠩ ᠦᠩᠭᠡ᠎ᠲᠠᠢ ᠦᠵᠦᠮ᠎ᠢ 〈ᠴᠥᠮ᠎ᠡ ᠦᠭᠡᠢ ᠬᠦᠷᠡᠩ〉 ᠭᠡᠳᠡᠭ᠂ ᠡᠨᠡ ᠬᠦ᠌ ᠶᠠᠭᠠᠪᠲᠤᠷ ᠦᠩᠭᠡ᠎ᠲᠠᠢ᠎ᠶ᠋ᠢ᠎ᠨᠢ 〈ᠷᠢᠵᠠᠮᠠᠲ〉 ᠭᠡᠳᠡᠭ᠂ ᠪᠦᠬᠦ᠌ ᠬᠠᠢᠨᠠᠨ ᠲᠤᠭᠤᠷᠢᠭ᠎ᠲᠤ ᠵᠥᠪᠬᠡᠨ ᠮᠠᠨ᠎ᠤ ᠠᠳᠡ ᠯᠡ ᠪᠠᠢᠳᠠᠭ》 ᠬᠡᠵᠥ᠍ ᠦᠵᠦᠮ᠎ᠤᠨ ᠲᠦᠷᠦᠯ ᠵᠦᠢᠯ᠎ᠢ ᠣᠷᠣᠭᠤᠯᠤᠨ ᠠᠪᠴᠢᠷᠠᠭ᠍ᠰᠠᠨ ᠲᠤᠬᠠᠢ ᠶᠠᠷᠢᠬᠤ᠎ᠳᠠᠭᠠᠨ ᠸᠠᠩ ᠱᠧᠩ ᠶᠦᠨ ᠮᠠᠰᠢ ᠣᠮᠣᠭ᠍ᠰᠢᠵᠤ ᠪᠠᠢᠯ᠎ᠠ᠃ 2020 ᠣᠨ᠎ᠳᠤ᠂ ᠸᠠᠩ ᠱᠧᠩ ᠶᠦᠨ ᠪᠠᠰᠠ ᠭᠠᠳᠠᠷ ᠣᠷᠣᠨ᠎ᠠᠴᠠ 8 ᠦᠵᠦᠮ᠎ᠤᠨ ᠱᠢᠨ᠎ᠡ ᠲᠦᠷᠦᠯ ᠵᠦᠢᠯ᠎ᠢ ᠣᠷᠣᠭᠤᠯᠤᠨ ᠠᠪᠴᠢᠷᠠᠵᠤ᠂ ᠲᠤᠷᠱᠢᠨ ᠳᠠᠷᠢᠭᠠᠳ ᠠᠮᠵᠢᠯᠲᠠ ᠣᠯᠤᠭ᠍ᠰᠠᠨ᠎ᠤ ᠳᠠᠷᠠᠭ᠎ᠠ ᠳᠠᠬᠢᠨ ᠣᠯᠠᠨ᠎ᠢ ᠳᠠᠢᠴᠢᠯᠠᠨ ᠬᠠᠮᠲᠤ᠎ᠪᠠᠷ ᠳᠠᠷᠢᠬᠤ᠎ᠪᠠᠷ ᠪᠡᠯᠡᠳᠭᠡᠵᠦ᠍ ᠪᠠᠢᠨ᠎ᠠ᠃ 《ᠱᠢᠨ᠎ᠡ ᠲᠥᠷᠥᠯ  ᠵᠦᠢᠯ᠎ᠢ ᠣᠷᠣᠭᠤᠯᠤᠨ ᠠᠪᠴᠢᠷᠠᠵᠤ᠂ ᠰᠠᠢᠨ ᠦᠵᠦᠮ ᠳᠠᠷᠢᠪᠠᠯ ᠰᠠᠶᠢ ᠥᠷᠢᠰᠦᠯᠳᠦᠬᠦ᠌ ᠬᠦᠴᠦᠨ᠎ᠢᠶᠠᠨ ᠳᠡᠭᠡᠭ᠌ᠰᠢᠯᠡᠭᠦᠯᠵᠦ᠍᠂ ᠰᠠᠶᠢ ᠮᠠᠨ᠎ᠤ ᠬᠠᠲᠤᠨ ᠭᠤᠤᠯ᠎ᠤᠨ ᠲᠣᠰᠭᠤᠨ᠎ᠤ ᠦᠵᠦᠮ᠎ᠤᠨ ᠠᠵᠤ ᠦᠢᠯᠡᠰ᠎ᠤᠨ ᠨᠠᠷᠠᠲᠤ ᠲᠡᠮᠳᠡᠭ᠎ᠢ ᠦᠷᠭᠦᠯᠵᠢᠯᠡᠨ ᠡᠭᠦᠳᠴᠦ᠍᠂ ᠲᠣᠰᠭᠤᠨ᠎ᠤ ᠶᠠᠳᠠᠭᠤ ᠬᠦᠴᠢᠷᠳᠡᠯᠲᠡᠶ ᠡᠷᠦᠬᠡ ᠪᠣᠯᠤᠨ ᠪᠤᠰᠤᠳ ᠲᠣᠰᠭᠤᠨ᠎ᠤ ᠠᠷᠠᠳ᠎ᠢ ᠳᠠᠢᠴᠢᠯᠠᠨ ᠣᠷᠣᠯᠭ᠎ᠠ᠎ᠶ᠋ᠢ᠎ᠨᠢ ᠨᠡᠮᠡᠭ᠌ᠳᠡᠭᠦᠯᠦᠨ ᠪᠠᠶᠠᠵᠢᠭᠤᠯᠵᠤ ᠴᠢᠳᠠᠨ᠎ᠠ》 ᠬᠡᠵᠥ᠍ ᠸᠠᠩ ᠱᠧᠩ ᠶᠦᠨ ᠬᠡᠯᠡᠨ᠎ᠠ᠃ ᠲᠡᠷᠡ᠂ ᠣᠳᠣᠬᠠᠨ᠎ᠳᠤ ᠪᠦᠬᠦ᠌ ᠲᠣᠰᠭᠤᠨ᠎ᠳᠤ 100 ᠭᠠᠷᠤᠢ ᠡᠷᠦᠬᠡ ᠰᠠᠭᠤᠭᠠᠯᠢ ᠠᠷᠠᠳ᠎ᠲᠠᠢ᠂ ᠦᠨᠳᠦᠰᠦᠨ᠎ᠳᠡᠭᠡᠨ ᠡᠷᠦᠬᠡ ᠪᠣᠯᠭᠠᠨ ᠦᠵᠦᠮ ᠲᠠᠷᠢᠵᠥ᠍᠂ ᠪᠦᠬᠦ᠌ ᠲᠣᠰᠭᠤᠨ᠎ᠤ ᠬᠠᠭᠠᠰ᠎ᠨᠢ ᠦᠵᠦᠮ ᠲᠠᠷᠢᠵᠥ᠍᠂ ᠣᠷᠣᠯᠭ᠎ᠠ᠎ᠨᠢ 10 ᠲᠦᠮᠡᠨ ᠲᠥᠭᠦᠷᠢᠭ᠎ᠲᠤ ᠬᠦᠷᠴᠦ᠍ ᠪᠠᠢᠨ᠎ᠠ ᠭᠡᠵᠦ᠍ ᠬᠡᠯᠡᠪᠡ᠃

ᠶᠠᠷᠢᠯᠴᠠᠵᠦ᠍ ᠪᠠᠢᠬᠤ ᠵᠠᠭᠤᠷ᠎ᠠ᠂ ᠸᠠᠩ ᠱᠧᠩ ᠶᠦᠨ᠎ᠤ ᠭᠡᠷ᠎ᠲᠤ ᠬᠤᠶᠠᠷ ᠵᠠᠯᠠᠭᠤ ᠡᠮᠡᠭ᠌ᠲᠡᠶ ᠲᠡᠲᠡᠡ᠎ᠤ᠎ᠬᠢ᠎ᠠᠴᠠ ᠦᠵᠦᠮ ᠠᠪᠬᠤ᠎ᠪᠠᠷ ᠤᠷᠤᠵᠦ᠍ ᠢᠷᠡᠪᠡ᠃ 《ᠭᠠᠳᠠᠨ᠎ᠠ ᠳᠡᠯᠭᠡᠠ ᠬᠤᠲᠠᠯᠲᠤᠵᠦ᠍ ᠪᠠᠢᠬᠤ᠎ᠳᠤ᠂ ᠲᠠ ᠭᠡᠷ᠎ᠲᠡᠭᠡᠨ ᠰᠠᠭᠤᠭᠠᠳ ᠵᠣᠭᠤᠰ ᠬᠤᠷᠢᠶᠠᠨ᠎ᠠ》᠃ ᠲᠣᠰᠭᠤᠨ᠎ᠳᠤ ᠰᠠᠭᠤᠭ᠎ᠠ ᠠᠵᠢᠯᠯᠠᠬᠤ ᠠᠩᠭᠢ᠎ᠶ᠋ᠢᠨ ᠯᠢᠦ ᠵᠠᠨ ᠯᠢᠨ ᠠᠮᠠᠨ ᠠᠶ᠎ᠠ᠎ᠪᠠᠷ ᠶᠠᠷᠢᠭ᠍ᠰᠠᠠ ᠦᠭᠡ᠎ᠨᠢ᠂ ᠸᠠᠩ ᠱᠧᠩ ᠶᠦᠨ᠎ᠤ ᠣᠳᠣ᠎ᠶ᠋ᠢᠨ ᠪᠣᠷᠣᠯᠠᠭᠤᠯᠭ᠎ᠠ᠎ᠶ᠋ᠢᠨ ᠬᠡᠯᠪᠡᠷᠢ ᠵᠠᠭ᠍ᠪᠤᠷ᠎ᠶ᠋ᠢ ᠬᠠᠷᠠᠭᠤᠯᠪᠠ᠃ ᠤᠤᠯ᠎ᠨᠢ᠂ ᠸᠠᠩ ᠱᠧᠩ ᠶᠦᠨ ᠦᠵᠦᠮ᠎ᠢᠶᠠᠨ ᠰᠠᠢᠨ ᠲᠠᠷᠢᠭ᠍ᠰᠠᠨ᠎ᠢᠶᠠᠷ  ᠪᠠᠷᠠᠬᠤ ᠦᠭᠡᠢ ᠪᠠᠰᠠ ᠮᠡᠳᠡᠭᠡ ᠵᠠᠩᠭᠢ ᠪᠠ ᠰᠦᠯᠵᠢᠶᠡᠨ᠎ᠤ ᠡᠬᠢ ᠪᠠᠶᠠᠯᠢᠭ᠎ᠢ ᠠᠱᠢᠠᠠᠯᠠᠬᠤ᠎ᠳᠠᠭᠠᠨ ᠮᠠᠰᠢ ᠴᠢᠳᠠᠮᠠᠭᠠᠶ ᠪᠠᠢᠵᠠᠶ᠃ 《ᠸᠢᠴᠠᠲ᠎ᠢ ᠠᠩᠬ᠎ᠠ ᠬᠡᠷᠡᠭ᠌ᠯᠡᠬᠦ᠌ ᠦᠶ᠎ᠡ᠎ᠳᠤ᠂ ᠲᠡᠷᠡ ᠥᠪᠡᠷ᠎ᠤᠨ ᠬᠡᠷ᠎ᠤᠨ᠎ᠢᠶᠠᠨ ᠦᠵᠦᠮ᠎ᠤᠨ ᠬᠡᠷᠡᠯ ᠵᠢᠷᠤᠭ᠎ᠢ ᠨᠠᠢᠵᠠ᠎ᠶ᠋ᠢᠨ ᠲᠣᠭᠤᠷᠢᠭ᠎ᠲᠤ ᠨᠡᠢᠲᠡᠯᠡᠪᠡ᠃ ᠲᠡᠷᠡ ᠮᠥᠷᠲᠡᠭᠡᠨ ᠦᠵᠦᠮ ᠬᠤᠳᠠᠯᠳᠤᠨ ᠠᠪᠬᠤ ᠬᠥᠮᠦᠰ ᠨᠠᠢᠵᠠ᠎ᠶ᠋ᠢᠨ ᠲᠣᠭᠤᠷᠢᠭ᠎ᠲᠠᠭᠠᠨ ᠬᠠᠮᠢᠶ᠎ᠠ ᠪᠥᠬᠦᠶ ᠮᠡᠳᠡᠭᠡ ᠵᠠᠩᠭᠢ᠎ᠶ᠋ᠢ᠎ᠨᠢ ᠳᠠᠮᠵᠢᠭᠤᠯᠵᠦ᠍ ᠦᠭ᠌ᠪᠠᠯ᠂ ᠨᠢᠭᠡ ᠬᠠᠢᠷᠴᠠᠭ ᠦᠵᠦᠮ ᠪᠡᠯᠡᠭ᠌ᠯᠡᠲᠡᠭ ᠪᠠᠢᠵᠠᠢ᠃ ᠠᠮᠲᠠᠲᠠᠶ ᠪᠦᠭᠡᠳ ᠴᠢᠨᠠᠷ ᠰᠠᠢᠲᠠᠶ ᠦᠬᠠᠶ᠎ᠶ᠋ᠢᠨ ᠦᠵᠦᠮ᠎ᠢ ᠬᠥᠮᠦᠰ ᠲᠠᠮ ᠲᠠᠮ᠎ᠢᠶᠠᠷ ᠲᠠᠮᠵᠢᠭᠤᠯᠵᠦ᠍᠂ ᠣᠲᠣ ᠲᠡᠷᠡ ᠵᠠᠬ᠎ᠠ ᠳᠡᠯᠭᠡᠭᠦᠷ᠎ᠢ ᠡᠷᠢᠬᠦ᠌ ᠬᠡᠷᠡᠭ ᠥᠬᠡᠶ ᠪᠤᠯᠵᠦ᠍᠂ ᠬᠡᠷ᠎ᠲᠡᠭᠡᠨ ᠰᠠᠭᠤᠵᠦ᠍ ᠪᠠᠢᠭᠠᠳ  ᠵᠠᠬᠢᠶᠠᠯᠠᠭ᠎ᠠ᠎ᠶ᠋ᠢᠨ ᠬᠠᠭᠤᠳᠠᠰᠤ》 ᠎ᠪᠠᠨ ᠮᠡᠲᠡᠴᠢᠭᠡᠲᠡᠭ ᠭᠡᠵᠦ᠍ ᠯᠢᠦ ᠵᠠᠨ ᠯᠢᠨ ᠬᠡᠯᠡᠪᠡ᠃

《2020 ᠣᠨ᠎ᠳᠤ᠂ ᠪᠢᠳᠡ ᠥᠪᠡᠷ᠎ᠤᠨ ᠲᠠᠸᠠᠷ᠎ᠤᠨ ᠲᠡᠮᠳᠡᠭ᠎ᠢᠶᠠᠨ ᠳᠠᠩᠰᠠᠯᠠᠭᠤᠯᠪᠠ᠃ ᠡᠨᠡ ᠵᠢᠯ᠂ ᠦᠬᠠᠶ᠎ᠶ᠋ᠢᠨ ᠦᠵᠦᠮ᠎ᠨᠢ ᠪᠡᠶ᠎ᠡ᠎ᠶ᠋ᠢᠨ ᠦᠨᠡᠮᠯᠡᠯ᠎ᠲᠠᠢ ᠪᠣᠯᠵᠣ᠂ ᠬᠤᠲᠠ᠎ᠶ᠋ᠢᠨ ᠲᠠᠷᠢᠶᠠᠯᠠᠩ ᠮᠠᠯ ᠠᠵᠤ ᠠᠬᠤᠶ᠎ᠶ᠋ᠢᠨ ᠲᠣᠪᠴᠢᠶ᠎ᠠ᠎ᠶ᠋ᠢᠨ ᠠᠵᠤ ᠦᠢᠯᠡᠰ᠎ᠤᠨ ᠰᠠᠯᠠᠭ᠎ᠠ᠎ᠨᠢ ᠦᠵᠦᠮ ᠪᠣᠯᠭᠠᠨ᠎ᠳᠤ ᠦᠬᠠᠶ᠎ᠶ᠋ᠢᠨ ᠦᠵᠦᠮ᠎ᠤᠨ ᠭᠠᠵᠠᠷ ᠵᠦᠶ᠎ᠶ᠋ᠢᠨ ᠢᠯᠡᠳᠭᠡᠮᠵᠢ ᠲᠡᠮᠳᠡᠭ ᠵᠡᠭᠦᠯᠭᠡᠪᠡ᠃ ᠤᠳᠤ᠂ ᠪᠢᠳᠡᠨ ᠦᠵᠦᠮ᠎ᠤᠨ ᠠᠵᠤ  ᠦᠢᠯᠡᠰ ᠬᠢᠬᠦ᠌᠎ᠳᠤ ᠨᠠᠩ ᠢᠲᠡᠭᠡᠯ᠎ᠲᠠᠢ ᠪᠣᠯᠵᠠᠶ》᠃ ᠸᠠᠩ ᠱᠧᠩ ᠶᠦᠨ᠂ 《ᠦᠬᠠᠶ᠎ᠶ᠋ᠢᠨ ᠦᠵᠦᠮ᠎ᠢ ᠪᠥᠬᠦ᠌ ᠤᠯᠤᠰ᠎ᠲᠤ ᠬᠦᠷᠭᠡᠬᠦ᠌᠎ᠶ᠋ᠢᠨ ᠲᠥᠯᠥᠭᠡ᠂ ᠪᠢᠳᠡ ᠡᠨᠡ ᠵᠢᠯ ᠪᠠᠰᠠ  ᠬᠦᠢᠲᠡᠨ᠎ᠢᠶᠠᠷ ᠵᠦᠭᠡᠭᠡᠪᠦᠷᠢᠯᠡᠬᠦ᠌ ᠪᠠᠷᠠᠭᠠᠨ᠎ᠤ  ᠭᠦᠢᠯᠭᠡᠭᠡ᠎ᠶ᠋ᠢᠨ ᠪᠥᠲᠥᠭᠡᠨ ᠪᠠᠢᠭᠤᠯᠤᠯᠲᠠ ᠬᠢᠪᠠ᠂ ᠪᠡᠭᠡᠵᠢᠩ᠂ ᠲᠢᠶᠠᠨᠵᠢᠨ᠎ᠤ ᠬᠥᠮᠦᠰ ᠪᠠᠰᠠ ᠲᠤᠰ ᠡᠳᠦᠷ᠎ᠤᠨ ᠲᠡᠭᠦᠭ᠌ᠰᠡᠨ ᠱᠢᠨ᠎ᠡ ᠰᠣᠷᠭᠤᠭ ᠦᠬᠠᠶ᠎ᠶ᠋ᠢᠨ ᠦᠵᠦᠮ᠎ᠢ ᠣᠯᠵᠤ ᠢᠳᠡᠬᠦ᠌ ᠪᠣᠯᠵᠠᠢ》 ᠭᠡᠵᠦ᠍ ᠬᠡᠯᠡᠪᠡ᠃

ᠣᠳᠣᠬᠠᠨ᠎ᠳᠤ᠂ ᠬᠤᠷᠱᠢᠶᠠᠵᠢᠯ ᠨᠡᠢᠲᠡ 260 ᠭᠠᠷᠤᠶ ᠮᠥ᠍ 20 ᠭᠠᠷᠤᠶ ᠲᠦᠷᠦᠯ ᠵᠦᠢᠯ᠎ᠤᠨ ᠦᠵᠦᠮ ᠳᠠᠷᠢᠵᠤ᠂ ᠪᠠᠰᠠ ᠤᠯᠠᠷᠢᠯ᠎ᠤᠨ ᠴᠢᠨᠠᠷᠲᠠᠶ ᠠᠵᠢᠯᠴᠢᠨ ᠬᠡᠷᠡᠭ᠌ᠯᠡᠬᠦ᠌᠎ᠶ᠋ᠢ ᠳᠠᠢᠴᠢᠯᠠᠵᠤ᠂ ᠡᠳᠦᠷ ᠪᠦᠷᠢ 40 ᠭᠠᠷᠤᠶ ᠬᠥᠮᠦᠨ ᠤᠳᠠᠭ᠎ᠠ ᠬᠡᠷᠡᠭ᠌ᠯᠡᠵᠦ᠍ ᠪᠠᠢᠨ᠎ᠠ᠃ ᠬᠤᠷᠱᠢᠶᠠᠵᠢᠯ᠎ᠳᠤ ᠴᠢᠬᠢ ᠮᠣᠳᠣ ᠪᠤᠢᠵᠢᠭᠤᠯᠬᠤ ᠰᠠᠭᠤᠷᠢᠨ᠎ᠲᠠᠢ᠂ ᠪᠠᠰᠠ ᠥᠪᠡᠷ᠎ᠤᠨ ᠰᠡᠷᠢᠭᠦᠨ ᠭᠠᠵᠠᠷ᠎ᠲᠤ ᠱᠢᠨ᠎ᠠ ᠰᠣᠷᠭᠤᠭ᠎ᠢᠶᠠᠷ ᠬᠠᠲᠠᠭᠠᠯᠠᠬᠤ ᠬᠥᠮᠥᠷᠭᠡ᠎ᠲᠠᠢ᠂ ᠤᠯᠠᠷᠢᠯ᠎ᠤᠨ ᠪᠤᠰᠤ ᠦᠵᠦᠮ᠎ᠢᠶᠠᠨ ᠴᠦ᠍ ᠨᠡᠯᠢᠶᠡᠳ ᠰᠠᠢᠨ ᠬᠤᠳᠠᠯᠳᠤᠵᠤ ᠪᠠᠢᠨ᠎ᠠ᠃ 《ᠮᠢᠨᠦ᠍ ᠦᠵᠡᠬᠦ᠌᠎ᠪᠠᠷ᠂ ᠮᠠᠨ᠎ᠤ ᠠᠳᠡ ᠵᠢᠯ᠎ᠤᠨ ᠳᠥᠷᠪᠡᠨ ᠤᠯᠠᠷᠢᠯ᠎ᠳᠤ ᠴᠥᠮ ᠦᠵᠦᠮ ᠤᠯᠵᠦ᠍ ᠢᠲᠡᠵᠦ᠍ ᠪᠤᠯᠤᠨ᠎ᠠ》 ᠭᠡᠵᠦ᠍ ᠸᠠᠩ ᠱᠧᠩ ᠶᠦᠨ ᠢᠨᠢᠶᠡᠮᠰᠦᠭ᠌ᠯᠡᠨ ᠬᠡᠯᠡᠨ᠎ᠠ᠃

ᠪᠥᠬᠦ᠌ ᠲᠣᠰᠭᠤᠨ᠎ᠳᠤ ᠬᠠᠮᠤᠭ ᠠᠩᠬᠠᠨ᠎ᠤ 300 ᠮᠥ᠍ ᠦᠵᠦᠮ ᠪᠠᠢᠭ᠍ᠰᠠᠨ᠎ᠠᠴᠠ᠎ᠪᠠᠨ ᠣᠲᠣ 1000 ᠮᠥ᠍ ᠪᠤᠯᠤᠨ ᠬᠥᠭ᠌ᠵᠢᠵᠥ᠍᠂ ᠡᠭᠦᠯᠳᠡᠷ᠎ᠨᠢ ᠬᠠᠮᠤᠭ ᠠᠩᠬᠠᠨ᠎ᠤ 3 ᠲᠦᠷᠦᠯ  ᠵᠦᠢᠯ ᠪᠠᠢᠭ᠍ᠰᠠᠨ᠎ᠠᠴᠠ᠎ᠪᠠᠨ ᠨᠡᠮᠡᠭ᠌ᠳᠡᠭᠡᠳ ᠣᠲᠣ 20 ᠭᠠᠷᠤᠶ ᠲᠦᠷᠦᠯ  ᠵᠦᠢᠯ ᠪᠣᠯᠵᠣ᠂ ᠵᠢᠯ᠎ᠤᠨ ᠤᠨᠠᠯᠲᠠ᠎ᠨᠢ 130 ᠲᠦᠮᠡᠨ ᠵᠢᠩ᠎ᠳᠤ ᠬᠦᠷᠴᠦ᠍᠂ ᠲᠠᠷᠢᠶᠠᠴᠢᠳ᠎ᠤᠨ ᠬᠡᠷ ᠪᠦᠯᠢ᠎ᠶ᠋ᠢᠨ ᠵᠢᠯ᠎ᠤᠨ ᠣᠷᠣᠯᠭ᠎ᠠ᠎ᠨᠢ 5.3 ᠲᠦᠮᠡᠨ ᠲᠥᠭᠦᠷᠢᠭ᠎ᠠᠴᠠ ᠳᠡᠭᠡᠭ᠌ᠰᠢ ᠪᠣᠯᠵᠠᠶ᠃ ᠬᠠᠲᠤᠨ ᠭᠤᠤᠯ ᠲᠣᠰᠭᠤᠨ᠎ᠤ ᠦᠵᠦᠮ᠎ᠤᠨ ᠠᠵᠤ  ᠦᠢᠯᠡᠰ ᠯᠠᠪᠳᠠᠭᠤᠨ᠎ᠢᠶᠠᠷ ᠬᠦᠭ᠌ᠵᠢᠵᠦ᠍᠂ 1991 ᠣᠨ᠎ᠳᠤ ᠲᠠᠷᠢᠶᠠᠯᠠᠩ᠎ᠤᠨ ᠶᠠᠮᠤᠨ᠎ᠤ ᠣᠨᠴᠠ ᠱᠢᠯᠢᠳᠡᠭ  ᠦᠢᠯᠡᠳᠭᠦᠨ᠎ᠤ ᠱᠠᠩᠨᠠᠯ᠎ᠢ ᠭᠥᠷᠳᠡᠵᠦ᠍᠂ 1995 ᠣᠨ᠎ᠳᠤ ᠤᠯᠤᠰ᠎ᠤᠨ ᠴᠢᠨᠠᠷ ᠰᠠᠢᠲᠠᠶ ᠲᠠᠷᠢᠶᠠᠯᠠᠩ᠎ᠤᠨ ᠪᠦᠲᠦᠭᠡᠭ᠌ᠳᠡᠬᠦᠨ᠎ᠤ ᠠᠯᠲᠠᠨ ᠱᠠᠩᠨᠠᠯ᠎ᠢ ᠭᠥᠷᠳᠡᠵᠦ᠍᠂ 2006 ᠣᠨ᠎ᠳᠤ ᠪᠡᠭᠡᠵᠢᠩ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠠᠮᠤᠷ ᠲᠦᠪᠱᠢᠨ ᠴᠢᠨᠠᠷ ᠰᠠᠢᠲᠠᠶ ᠦᠵᠦᠮ᠎ᠢᠶᠠᠷ ᠲᠠᠨᠢᠯᠴᠠᠭᠤᠯᠤᠭ᠍ᠳᠠᠵᠤ᠂ 2008 ᠣᠨ᠎ᠳᠤ᠂ 《ᠦᠬᠠᠶ᠎ᠶ᠋ᠢᠨ ᠦᠵᠦᠮ》 ᠎ᠤᠨ ᠲᠠᠷᠢᠶᠠᠯᠠᠩ᠎ᠤᠨ ᠪᠦᠲᠦᠭᠡᠭ᠌ᠳᠡᠬᠦᠨ᠎ᠤ ᠭᠠᠵᠠᠷ ᠵᠦᠶ᠎ᠶ᠋ᠢᠨ ᠲᠡᠮᠳᠡᠭ᠎ᠢ ᠳᠡᠩᠰᠡᠯᠡᠵᠦ᠍ ᠬᠠᠮᠠᠭᠠᠯᠠᠬᠤ᠎ᠶ᠋ᠢ ᠵᠥᠪᠱᠢᠶᠡᠷᠡᠵᠦ᠍᠂ ᠬᠠᠲᠤᠨ ᠭᠤᠤᠯ ᠲᠣᠰᠭᠤᠨ᠎ᠤ ᠦᠵᠦᠮ᠎ᠨᠢ ᠬᠠᠮᠠᠭᠠᠯᠠᠯᠲᠠ᠎ᠶ᠋ᠢᠨ ᠣᠷᠣᠨ ᠪᠦᠰᠡ᠎ᠶ᠋ᠢᠨ ᠬᠡᠪᠴᠢᠶᠡᠨ᠎ᠳᠤ ᠤᠷᠤᠪᠠ᠃ ᠡᠳᠦᠭᠡ᠂ ᠶᠠᠭ ᠲᠥᠯᠥᠪᠵᠢᠭᠦᠯᠵᠦ᠍ ᠪᠠᠢᠭ᠎ᠠ ᠲᠦᠷᠭᠡᠨ᠎ᠤ ᠲᠡᠮᠦᠷ ᠵᠠᠮ᠎ᠤᠨ ᠡᠮᠦᠨ᠎ᠡ ᠦᠷᠳᠡᠭᠡ ᠤᠳᠠᠯ ᠦᠭᠡᠢ ᠨᠡᠪᠲᠡᠷᠡᠬᠦ᠌᠎ᠪᠠᠷ ᠪᠤᠢ᠂ ᠡᠨᠡ᠎ᠨᠢ 《ᠦᠬᠠᠢ᠎ᠶ᠋ᠢᠨ ᠦᠵᠦᠮ᠎ᠤᠨ ᠨᠢᠭᠡᠳᠦᠭᠡᠷ ᠲᠣᠰᠭᠤᠨ》 ᠎ᠳᠤ ᠨᠡᠩ ᠤᠯᠠᠨ ᠵᠣᠯ ᠵᠢᠷᠭᠠᠯ ᠡᠳ᠋ᠯᠡᠭᠦᠯᠬᠦ᠌ ᠪᠤᠯᠤᠮᠵᠢ᠎ᠲᠠᠢ ᠪᠤᠯᠭᠠᠵᠠᠢ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号