ᠰᠡᠴᠡᠨᠳᠠᠨ᠎ᠠ᠄ ᠪᠠᠶᠠᠷ ᠲᠤᠷᠠᠰᠭᠠᠯ᠎ᠤᠨ ᠡᠳᠦᠷ ᠪᠤᠯᠪᠠᠯ ᠮᠢᠨᠦ᠍ ᠠᠵᠢᠯ ᠨᠡᠩ ᠶᠠᠭᠠᠷᠠᠤ ᠪᠤᠯᠴᠢᠬᠠᠨ᠎ᠠ
2021-10-05 10:51:47
ᠵᠣᠬᠢᠶᠠᠭ᠍ᠴᠢ᠄
​ ᠨᠠᠮᠤᠭ
ᠣᠩᠱᠢᠭ᠍ᠰᠠᠨ ᠣᠳᠠᠭ᠎ᠠ᠄
★★★☆☆

ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠦᠪᠦᠷ ᠮᠤᠩᠭᠤᠯ᠎ᠤᠨ ᠮᠦᠽᠸᠢ ᠠᠮᠠᠷᠠᠯᠲᠠ᠎ᠶ᠋ᠢᠨ ᠬᠤᠭᠤᠴᠠᠭᠠᠨ᠎ᠳᠠᠬᠢ ᠰᠤᠶᠤᠯ᠎ᠤᠨ ᠠᠮᠢᠳᠤᠷᠠᠯ᠎ᠢ ᠪᠠᠶᠠᠯᠢᠭ᠍ᠵᠢᠭᠤᠯᠬᠤ᠎ᠶ᠋ᠢᠨ ᠬᠠᠮᠲᠤ ᠬᠦᠮᠦᠰ᠎ᠤᠨ ᠲᠤᠭᠤᠷᠢᠨ ᠦᠵᠡᠬᠦ᠌᠎ᠳᠤ ᠳᠦᠭᠦᠮ ᠦᠵᠡᠭᠦᠯᠬᠦ᠌᠎ᠶ᠋ᠢᠨ ᠲᠦᠯᠦᠭᠡ᠂ 《ᠤᠯᠤᠰ᠎ᠤᠨ ᠲᠤᠭ᠎ᠢᠶᠠᠨ ᠬᠠᠮᠲᠤ᠎ᠳᠠᠭᠠᠨ ᠮᠠᠨᠳᠤᠭᠤᠯᠵᠤ᠂ ᠤᠯᠤᠰ᠎ᠤᠨ ᠰᠥᠯᠲᠡ ᠳᠠᠭᠤᠤ᠎ᠪᠠᠨ ᠬᠠᠮᠲᠤ᠎ᠳᠠᠭᠠᠨ ᠳᠠᠭᠤᠯᠠᠶ᠎ᠠ》᠂ 《ᠦᠯᠢᠭᠡᠷ ᠰᠤᠨᠤᠰᠴᠤ᠌ ᠤᠯᠤᠰ᠎ᠤᠨ ᠡᠷᠳᠡᠨᠢ ᠬᠠ ᠵᠢᠬᠤ》᠂ 《ᠮᠦᠽᠸᠢ᠎ᠳᠤ ᠰᠤᠷᠤᠯᠴᠠᠶ᠎ᠠ》 ᠵᠡᠷᠭᠡ ᠡᠯᠪᠡᠭ ᠪᠠᠶᠠᠯᠢᠭ ᠠᠭᠤᠯᠭ᠎ᠠ ᠪᠦᠬᠦᠢ ᠤᠯᠠᠨ ᠵᠦᠢᠯ᠎ᠤᠨ ᠱᠢᠷᠢᠰ ᠠᠵᠢᠯᠯᠠᠭ᠎ᠠ ᠲᠤᠬᠢᠷᠠᠭᠤᠯᠤᠭ᠍ᠰᠠᠨ ᠰᠤᠷᠠᠭ᠎ᠢᠶᠠᠷ ᠰᠤᠷᠪᠤᠯᠵᠢᠯᠠᠭ᠍ᠴᠢ ᠴᠤ᠌ ᠠᠮᠠᠷᠠᠯᠲᠠ᠎ᠶ᠋ᠢᠨ ᠬᠤᠭᠤᠴᠠᠭᠠᠨ᠎ᠳᠤ ᠦᠪᠦᠷ ᠮᠤᠩᠭᠤᠯ᠎ᠤᠨ ᠮᠦᠽᠸᠢ᠎ᠶ᠋ᠢ ᠵᠤᠷᠢᠪᠠ᠃ 

ᠬᠢᠵᠢᠭ᠎ᠤᠨ ᠪᠠ ᠵᠢᠳᠠᠯ᠎ᠢ ᠰᠡᠷᠭᠡ ᠵᠢᠯᠡᠨ ᠡᠵᠡᠮᠳᠡᠬᠦ᠌ ᠠᠵᠢᠯ᠎ᠢ ᠰᠠ ᠵᠢᠲᠤᠷ ᠬᠢᠬᠦ᠌᠎ᠶ᠋ᠢᠨ ᠲᠤᠯᠠ ᠦᠪᠦᠷ ᠮᠤᠩᠭᠤᠯ᠎ᠤᠨ ᠮᠦᠽᠸᠢ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠠᠬᠢ ᠡᠳᠦᠷ ᠪᠦᠷᠢ᠎ᠶ᠋ᠢᠨ ᠵᠢᠭᠤᠯᠴᠢᠯᠠᠭ᠍ᠰᠠᠳ᠎ᠤᠨ ᠲᠤᠭ᠎ᠠ᠎ᠶ᠋ᠢ 5000 ᠎ᠪᠠᠷ ᠬᠢᠵᠠᠭᠠᠷᠯᠠᠵᠤ ᠪᠠ ᠵᠢᠭ᠎ᠠ ᠴᠤ᠌ ᠭᠡᠰᠡᠨ ᠠᠮᠠᠷᠠᠯᠲᠠ᠎ᠳᠤ ᠮᠦᠽᠸᠢ᠎ᠪᠠᠷ ᠲᠤᠭᠤᠷᠢᠨ ᠦᠵᠡᠬᠦ᠌ ᠬᠦᠮᠦᠰ ᠪᠠᠰᠠ ᠯᠡ ᠴᠦᠬᠡᠨ ᠪᠤᠰᠤ ᠪᠠ ᠵᠢᠯ᠎ᠠ᠃ 

《ᠦᠵᠡᠰᠭᠦᠯᠡᠩᠲᠤ ᠦᠪᠦᠷ ᠮᠤᠩᠭᠤᠯ》 ᠲᠢᠩᠬᠢᠮ᠎ᠳᠤ ᠤᠷᠤᠬᠤ᠎ᠳᠤ ᠰᠡᠴᠡᠨᠲᠠᠨ᠎ᠠ ᠡᠶᠡᠯᠳᠡᠭ ᠳᠤᠲᠤᠨᠤ᠎ᠪᠠᠷ ᠵᠢᠭᠤᠯᠴᠢᠯᠠᠭ᠍ᠰᠠᠳ᠎ᠲᠤ ᠮᠠᠨ᠎ᠤ ᠤᠷᠤᠨ᠎ᠤ ᠲᠡᠦᠬᠡ ᠰᠤᠶᠤᠯ᠎ᠤᠨ ᠲᠤᠬᠠᠢ ᠨᠠᠷᠢᠨ ᠬᠢᠨᠠᠮᠠᠭᠠᠢ ᠲᠠ ᠵᠢᠯᠪᠤᠷᠢ ᠬᠢᠵᠤ ᠦᠭ᠌ᠭᠦᠨ᠎ᠡ᠃ ᠰᠡᠴᠡᠨᠲᠠᠨ᠎ᠠ ᠪᠤᠯ ᠱᠢᠯᠢ᠎ᠶ᠋ᠢᠨ ᠭᠤᠤᠯ ᠠ ᠵᠢᠮᠠᠭ᠎ᠤᠨ ᠰᠦᠨᠢᠳ ᠪᠠᠷᠠᠭᠤᠨ ᠬᠤᠱᠢᠭᠤ᠎ᠪᠠᠷ ᠨᠤᠲᠤᠭ᠍ᠲᠠᠢ ᠦᠪᠦᠷ ᠮᠤᠩᠭᠤᠯ᠎ᠤᠨ ᠮᠦᠽᠸᠢ᠎ᠶ᠋ᠢᠨ ᠲᠠ ᠵᠢᠯᠪᠤᠷᠢᠯᠠᠭ᠍ᠴᠢ᠂ ᠲᠡᠷᠡ ᠮᠦᠽᠸᠢ᠎ᠶ᠋ᠢᠨ ᠲᠠ ᠵᠢᠯᠪᠤᠷᠢᠯᠠᠭ᠍ᠴᠢ᠎ᠶ᠋ᠢᠨ ᠠᠵᠢᠯ᠎ᠢ ᠨᠢᠭᠡᠨᠲᠡ 8 ᠵᠢᠯ ᠬᠢᠵᠤ ᠪᠤᠢ᠃ ᠪᠠᠶᠠᠷ ᠳᠤᠷᠠᠰᠭᠠᠯ᠎ᠤᠨ ᠡᠳᠦᠷ᠎ᠢᠶᠠᠷ ᠬᠦᠮᠦᠰ ᠮᠦᠽᠸᠢ᠎ᠪᠠᠷ ᠲᠤᠭᠤᠷᠢᠬᠤ ᠲᠤᠷᠠᠳᠠᠢ ᠪᠤᠯᠬᠤᠷ ᠵᠢᠯ ᠪᠤᠯᠭᠠᠨ᠎ᠤ ᠬᠦᠳᠡᠯᠮᠦᠷᠢᠴᠢᠳ᠎ᠤᠨ ᠪᠠᠶᠠᠷ᠂ ᠤᠯᠤᠰ᠎ᠤᠨ ᠪᠠᠶᠠᠷ᠂ ᠴᠠᠭᠠᠨ ᠰᠠᠷ᠎ᠠ᠎ᠶ᠋ᠢᠨ ᠠᠮᠠᠷᠠᠯᠳᠠ ᠵᠡᠷᠭᠡ ᠠᠮᠠᠷᠠᠯᠲᠠ᠎ᠨᠢ ᠰᠡᠴᠡᠨᠲᠠᠨ᠎ᠠ᠎ᠳᠤ ᠠᠪᠴᠤ᠌ ᠬᠡᠯᠡᠪᠡᠯ ᠪᠡᠶ᠎ᠡ ᠰᠡᠳᠭᠢᠯ᠎ᠢᠶᠠᠨ ᠠᠮᠠᠷᠠᠭᠤᠯᠵᠤ ᠲᠤᠭᠤᠷᠢᠨ ᠵᠢᠭᠤᠯᠴᠢᠯᠠᠬᠤ ᠪᠢᠰᠢ ᠬᠠᠷᠢᠨ ᠠᠵᠢᠯ᠎ᠤᠨ᠎ᠢᠶᠠᠨ ᠪᠠ ᠵᠢᠷᠢ ᠳᠡᠭᠡᠷ᠎ᠡ ᠲᠤᠩ ᠶᠠᠭᠠᠷᠠᠯᠲᠠᠢ ᠦᠩᠭᠡᠷᠡᠭᠦᠯᠳᠡᠭ ᠶᠤᠮ᠃ 

ᠲᠦᠷᠦᠭᠦᠦ ᠬᠤᠶᠠᠷ ᠵᠢᠯ ᠵᠢᠭᠤᠯᠴᠢᠯᠠᠭ᠍ᠰᠠᠳ᠎ᠤᠨ ᠲᠤᠭ᠎ᠠ᠎ᠶ᠋ᠢ ᠬᠢᠵᠠᠭᠠᠷᠯᠠᠵᠤ ᠪᠠ ᠵᠢᠭ᠎ᠠ ᠦᠭᠡᠢ ᠦᠶ᠎ᠡ᠎ᠳᠤ ᠦᠪᠦᠷ ᠮᠤᠩᠭᠤᠯ᠎ᠤᠨ ᠮᠦᠽᠸᠢ ᠬᠠᠮᠤᠭ ᠤᠯᠠᠨ᠎ᠳᠠᠭᠠᠨ ᠡᠳᠦᠷ ᠪᠦᠷᠢ 2 ᠲᠦᠮᠡ ᠭᠠᠷᠤᠢ ᠤᠯᠤᠰ᠎ᠤᠨ ᠳᠤᠲᠤᠭᠠᠳᠤ ᠭᠠᠳᠠᠭᠠᠳᠤ᠎ᠶ᠋ᠢᠨ ᠵᠢᠭᠤᠯᠴᠢᠯᠠᠭ᠍ᠰᠠᠳ᠎ᠢ ᠬᠦᠯᠢᠶᠡᠨ ᠠᠪᠴᠤ᠌ ᠪᠠ ᠵᠢᠬ᠍ᠰᠠᠨ᠃ ᠲᠡᠷᠡ ᠦᠶ᠎ᠡ᠎ᠳᠤ ᠮᠦᠽᠸᠢ᠎ᠶ᠋ᠢᠨ ᠲᠠ ᠵᠢᠯᠪᠦᠷᠢᠯᠠᠭ᠍ᠴᠢᠳ ᠡᠳᠦᠷ ᠲᠤᠮᠳᠠᠴᠢ᠎ᠪᠠᠷ ᠬᠤᠷᠢ ᠭᠠᠷᠤᠢ ᠤᠳᠠᠭᠠᠨ᠎ᠤ ᠲᠠ ᠵᠢᠯᠪᠤᠷᠢ ᠬᠢᠳᠡᠭ ᠪᠠ ᠵᠢᠪᠠ᠃ ᠤᠳᠤ ᠬᠢᠵᠢᠭ᠎ᠤᠨ ᠪᠠ ᠵᠢᠳᠠᠯ᠎ᠢ ᠡᠵᠡᠮᠳᠡᠬᠦ᠌᠎ᠶ᠋ᠢᠨ ᠲᠦᠯᠦᠭᠡ ᠵᠢᠭᠤᠯᠴᠢᠯᠠᠭ᠍ᠰᠠᠳ᠎ᠤᠨ ᠲᠤᠭ᠎ᠠ᠎ᠶ᠋ᠢ ᠵᠤᠬᠢᠬᠤ ᠬᠡᠮᠵᠢᠶᠡᠨ᠎ᠳᠤ ᠬᠢᠵᠠᠭᠠᠷᠯᠠᠵᠦ᠍ ᠪᠠ ᠵᠢᠭ᠎ᠠ ᠪᠤᠯᠪᠠᠴᠤ᠌ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭ᠎ᠠ ᠲᠤᠬᠢᠶᠠᠭ᠍ᠰᠠᠨ ᠪᠤᠯᠬᠤᠷ ᠰᠡᠴᠡᠨᠲᠠᠨ᠎ᠠ ᠦᠷᠯᠦᠭᠡ᠎ᠠᠴᠠ ᠡᠬᠢᠯᠡᠵᠤ ᠪᠦᠲᠦᠨ ᠡᠳᠦᠷ᠎ᠤᠨ ᠠᠵᠢᠯ᠎ᠢᠶᠠᠨ ᠳᠠᠭᠤᠰᠭᠠᠬᠤ ᠪᠤᠯᠲᠠᠯ᠎ᠠ ᠮᠦᠨ ᠯᠡ ᠠᠷᠪᠠᠭᠠᠳ ᠤᠳᠠᠭᠠᠨ᠎ᠤ ᠲᠠ ᠵᠢᠯᠪᠤᠷᠢ ᠬᠢᠳᠡᠭ ᠪᠦᠭᠡᠳ ᠮᠦᠽᠸᠢ᠎ᠶ᠋ᠢᠨ᠎ᠢᠶᠠᠨ ᠤᠯᠤᠰ᠎ᠤᠨ ᠪᠠᠶᠠᠷ᠎ᠤᠨ ᠬᠤᠭᠤᠴᠠᠭᠠᠨ᠎ᠳᠠᠬᠢ ᠪᠤᠰᠤᠳ ᠠᠵᠢᠯᠯᠠᠭ᠎ᠠ᠎ᠳᠤ ᠴᠤ᠌ ᠤᠷᠤᠯᠴᠠᠵᠤ ᠪᠤᠢ᠃ 

— ᠠᠩᠬ᠎ᠠ ᠠᠵᠢᠯ᠎ᠳᠤ ᠤᠷᠤᠬᠤ᠎ᠳᠠᠭᠠᠨ ᠪᠠᠶᠠᠷ ᠳᠤᠷᠠᠰᠭᠠᠯ᠎ᠤᠨ ᠡᠳᠦᠷ᠎ᠤᠳ᠎ᠢᠶᠠᠷ ᠯᠠᠪ ᠠᠵᠢᠯ ᠶᠠᠭᠠᠷᠠᠤ ᠭᠡᠳᠡᠭ᠎ᠢ ᠦᠪᠡᠷ᠎ᠢᠶᠠᠨ ᠮᠡᠳᠡᠵᠤ ᠪᠠ ᠵᠢᠭ᠍ᠰᠠᠨ ᠪᠤᠯᠪᠠᠴᠤ᠌ ᠭᠡᠷ᠎ᠤᠨ ᠬᠦᠮᠦᠰ ᠡᠬᠢᠯᠡᠩᠭᠦᠳᠡ 《ᠬᠦᠮᠦᠨ ᠪᠦᠭᠦᠳᠡ ᠠᠮᠠᠷᠠᠵᠤ ᠪᠠ ᠵᠢᠲᠠᠯ᠎ᠠ ᠲᠠᠨ᠎ᠤ᠎ᠬᠢᠨ ᠶᠠᠭᠠᠬᠢᠭᠠᠳ ᠴᠢᠯᠦᠭᠡ ᠦᠭᠡᠢ ᠠᠵᠢᠯᠯᠠᠭᠠᠳ ᠪᠠ ᠵᠢᠳᠠᠭ ᠶᠤᠮ ᠳ᠋ᠠ ᠁》 ᠭᠡᠵᠤ ᠠᠰᠠᠭᠤᠳᠠᠭ ᠪᠠ ᠵᠢᠭ᠍ᠰᠠᠨ᠎ᠢᠶᠠᠨ ᠰᠡᠭᠦᠯᠳᠡᠵᠤ ᠢᠷᠡᠭᠡᠳ ᠲᠡᠳᠡ ᠴᠤ᠌ ᠮᠢᠨᠤ ᠠᠵᠢᠯ᠎ᠢ ᠤ ᠵᠢᠯᠠᠭᠠᠵᠤ᠂ ᠮᠠᠰᠢ ᠶᠡᠭᠡ ᠳᠡᠮᠵᠢᠯᠭᠡ ᠦᠵᠡᠭᠦᠯᠦᠭ᠌ᠰᠡᠭᠡᠷ ᠢᠷᠡᠭ᠌ᠰᠡᠨ᠃ ᠠᠮᠠᠷᠠᠯᠲᠠ᠎ᠪᠠᠷ ᠭᠡᠷ᠎ᠤᠨ ᠬᠦᠮᠦᠰ᠎ᠲᠠᠢ᠎ᠪᠠᠨ ᠬᠠᠮᠲᠤ ᠪᠠ ᠵᠢᠵᠤ ᠴᠢᠳᠠᠬᠤ ᠦᠭᠡᠢ ᠴᠤ᠌ ᠭᠡᠰᠡᠨ ᠬᠠᠮᠲᠤ ᠠᠵᠢᠯᠯᠠᠭ᠍ᠰᠠᠳ ᠪᠠ ᠳᠦᠷᠪᠡᠨ ᠵᠦᠭ ᠨᠠᠢ᠍ᠮᠠᠨ ᠵᠤᠪᠬᠢᠰ᠎ᠠᠴᠠ ᠮᠦᠽᠸᠢ᠎ᠶ᠋ᠢ ᠵᠤᠷᠢᠵᠤ ᠢᠷᠡᠳᠡᠭ ᠵᠢᠭᠤᠯᠴᠢᠯᠠᠭ᠍ᠰᠠᠳ᠎ᠲᠠᠢ ᠴᠤᠭ ᠦᠩᠭᠡᠷᠡᠭᠦᠯᠳᠡᠭ ᠪᠤᠯᠬᠤᠷ ᠮᠢᠨᠤ ᠬᠤᠪᠢ᠎ᠳᠤ ᠮᠠᠰᠢ ᠬᠠᠨᠤᠮᠵᠢᠳᠠᠢ ᠪᠠᠶᠠᠷᠳᠠᠢ ᠰᠠᠨᠠᠭ᠍ᠳᠠᠳᠠᠭ ᠭᠡᠵᠤ ᠰᠡᠴᠡᠨᠲᠠᠨ᠎ᠠ ᠶᠠᠷᠢᠨ᠎ᠠ᠃ 

ᠮᠦᠽᠸᠢ᠎ᠶ᠋ᠢᠨ ᠲᠠ ᠵᠢᠯᠪᠤᠷᠢᠯᠠᠭ᠍ᠴᠢᠳ ᠭᠡᠵᠤ ᠵᠦᠪᠬᠡᠨ ᠡᠳᠦᠷ ᠲᠤᠲᠤᠮ᠎ᠤᠨ ᠲᠠ ᠵᠢᠯᠪᠦᠷᠢᠯᠠᠬᠤ ᠠᠵᠢᠯ᠎ᠢ ᠯᠡ ᠬᠢᠬᠦ᠌ ᠪᠢᠰᠢ ᠪᠠᠰᠠ ᠮᠦᠽᠸᠢ᠎ᠶ᠋ᠢᠨ ᠠᠬᠤᠢ ᠳᠠᠯᠠᠪᠠᠢ᠎ᠳᠠᠬᠢ ᠡᠯ᠎ᠡ ᠵᠦᠢᠯ᠎ᠤᠨ ᠠᠵᠢᠯᠯᠠᠭ᠎ᠠ᠎ᠶ᠋ᠢ ᠲᠦᠰᠦᠪᠯᠡᠵᠤ ᠵᠤᠬᠢᠶᠠᠨ ᠪᠠ ᠵᠢᠭᠤᠯᠬᠤ ᠵᠢᠴᠢ ᠡᠯ᠎ᠡ ᠠ ᠵᠢᠮᠠᠭ ᠬᠤᠲᠠ᠎ᠪᠠᠷ ᠭᠦᠨᠵᠡᠭᠡ ᠵᠢᠷᠡᠵᠤ ᠦᠪᠦᠷ ᠮᠤᠩᠭᠤᠯ᠎ᠤᠨ ᠮᠦᠽᠸᠢ᠎ᠶ᠋ᠢᠨ ᠲᠡᠦᠬᠡᠨ ᠳᠤᠷᠠᠰᠭᠠᠯᠲᠤ ᠵᠦᠢᠯᠡᠰ᠎ᠢᠶᠠᠨ ᠲᠠᠨᠢᠯᠴᠠᠭᠤᠯᠵᠤ ᠤᠬᠠᠭᠤᠯᠭ᠎ᠠ ᠬᠢᠬᠦ᠂ ᠰᠤᠷᠭᠠᠭᠤᠯᠢ᠎ᠳᠤ ᠭᠦᠨᠵᠡᠭᠡ ᠵᠢᠷᠡᠵᠤ ᠰᠤᠷᠤᠭ᠍ᠴᠢᠳ᠎ᠲᠤ ᠰᠤᠷᠤᠯᠭ᠎ᠠ᠎ᠶ᠋ᠢᠨ ᠬᠤᠭᠤᠴᠠᠭ᠎ᠠ ᠪᠤᠯᠭᠠᠨ᠎ᠳᠤ 20 ᠭᠠᠷᠤᠢ ᠤᠳᠠᠭᠠᠨ᠎ᠤ ᠴᠦᠬᠡᠨ ᠲᠤᠭᠠᠲᠤ ᠦᠨᠳᠦᠰᠦᠲᠡᠨ᠎ᠤ ᠵᠠᠩ ᠠᠷᠠᠨᠱᠢᠨ᠂ ᠡᠷᠲᠡᠨ᠎ᠤ ᠲᠡᠦᠬᠡᠨ ᠦᠪ᠎ᠢ ᠲᠠᠨᠢᠯᠴᠠᠭᠤᠯᠬᠤ ᠬᠢᠴᠢᠶᠡᠯ ᠤᠷᠤᠬᠤ᠂ ᠰᠤᠷᠭᠠᠨ ᠬᠦᠮᠦᠵᠢᠯ᠎ᠤᠨ ᠠᠵᠢᠯᠯᠠᠭ᠎ᠠ᠎ᠶ᠋ᠢᠨ ᠲᠦᠰᠦᠪ ᠲᠦᠯᠦᠪᠯᠡᠭᠡ᠂ ᠰᠦᠯᠵᠢᠶᠡᠨ ᠳᠡᠭᠡᠷᠡᠬᠢ ᠠᠵᠢᠯᠯᠠᠭ᠎ᠠ ᠁ ᠵᠡᠷᠭᠡ ᠮᠠᠰᠢ ᠤᠯᠠᠨ ᠲᠦᠷᠦᠯ᠎ᠤᠨ ᠠᠵᠢᠯ᠎ᠢ ᠬᠢᠳᠡᠭ ᠪᠠ ᠵᠢᠨ᠎ᠠ᠃ 

— ᠮᠠᠨ᠎ᠤ ᠮᠦᠽᠸᠢ᠎ᠶ᠋ᠢᠨ ᠲᠠ ᠵᠢᠯᠪᠦᠷᠢᠯᠠᠭ᠍ᠴᠢᠳ ᠡᠳᠦᠷ ᠪᠦᠷᠢ᠎ᠶ᠋ᠢᠨ 9 ᠎ᠠᠴᠠ 11 ᠴᠠᠭ᠂ 14 ᠎ᠠᠴᠠ 16 ᠴᠠᠭ᠎ᠲᠤ ᠵᠢᠭᠤᠯᠴᠢᠯᠠᠭ᠍ᠰᠠᠳ᠎ᠲᠤ ᠦᠨ᠎ᠡ ᠲᠦᠯᠦᠪᠦᠷᠢ ᠦᠭᠡᠢ᠎ᠪᠠᠷ ᠲᠠ ᠵᠢᠯᠪᠤᠷᠢ ᠬᠢᠵᠤ ᠦᠭ᠌ᠳᠡᠭ᠃ ᠡᠭᠦᠨ᠎ᠠᠴᠠ ᠭᠠᠳᠠᠨ᠎ᠠ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠮᠠᠨ᠎ᠤ ᠮᠦᠽᠸᠢ ᠪᠠᠰᠠ ᠰᠠ᠊ ᠎ᠶ᠋ᠢᠨ ᠳᠤᠷᠠᠴᠤᠳ ᠵᠢᠭᠤᠯᠴᠢᠯᠠᠭ᠍ᠰᠠᠳ᠎ᠲᠤ ᠦᠨ᠎ᠡ ᠲᠦᠯᠦᠪᠦᠷᠢ ᠦᠭᠡᠢ᠎ᠪᠠᠷ ᠲᠠ ᠵᠢᠯᠪᠤᠷᠢ ᠬᠢᠬᠦ᠌ ᠠᠵᠢᠯᠯᠠᠭ᠎ᠠ᠎ᠶ᠋ᠢ ᠴᠤ᠌ ᠲᠤᠬᠢᠷᠠᠭᠤᠯᠤᠭ᠍ᠰᠠᠨ᠃ ᠪᠠᠶᠠᠷ ᠳᠤᠷᠠᠰᠭᠠᠯ᠎ᠤᠨ ᠡᠳᠦᠷ᠎ᠤᠳ᠎ᠢᠶᠠᠷ ᠪᠢᠳᠡ ᠠᠮᠠᠷᠠᠬᠤ ᠦᠭᠡᠢ ᠨᠡᠩ ᠴᠢᠨᠠᠭ᠍ᠰᠢᠯᠠᠭᠠᠳ ᠡᠩ᠎ᠤᠨ ᠦᠶ᠎ᠡ᠎ᠠᠴᠠ᠎ᠪᠠᠨ ᠴᠤ᠌ ᠶᠠᠭᠠᠷᠠᠤ ᠪᠠ ᠵᠢᠳᠠᠭ ᠪᠤᠯᠪᠠᠴᠤ᠌ ᠬᠠᠮᠲᠤ ᠠᠵᠢᠯᠯᠠᠭ᠍ᠰᠠᠳ᠎ᠲᠠᠢ᠎ᠪᠠᠨ ᠬᠠᠷᠢᠯᠴᠠᠨ ᠰᠤᠷᠤᠯᠴᠠᠵᠤ ᠦᠪᠡᠷ᠎ᠢ᠎ᠪᠠᠨ ᠳᠡᠭᠡᠭ᠌ᠰᠢᠯᠡᠭᠦᠯᠬᠦ᠌ ᠨᠠᠨᠳᠢᠨ ᠳᠠᠪᠴᠠᠩ ᠭᠡᠵᠤ ᠪᠤᠳᠤᠳᠠᠭ᠃ ᠬᠠᠮᠤᠭ ᠴᠢᠬᠤᠯᠠ᠎ᠨᠢ ᠦᠪᠦᠷ ᠮᠤᠩᠭᠤᠯ᠎ᠤᠨ ᠮᠦᠽᠸᠢ᠎ᠶ᠋ᠢᠨ ᠨᠢᠭᠡᠨ ᠠᠵᠢᠯᠲᠠᠨ ᠪᠤᠯᠤᠭ᠍ᠰᠠᠨ᠎ᠤ ᠬᠤᠪᠢ᠎ᠳᠤ ᠪᠢᠳᠠ ᠨᠠᠷ᠎ᠲᠤ ᠡᠯ᠎ᠡ ᠦᠨᠳᠦᠰᠦᠲᠡᠨ᠎ᠤ ᠠᠷᠠᠳ ᠲᠦᠮᠡᠨ᠎ᠳᠤ ᠮᠠᠨ᠎ᠤ ᠮᠦᠽᠸᠢ᠎ᠪᠠᠨ ᠨᠡᠩ ᠰᠠ᠊ ᠎ᠶ᠋ᠢᠨ ᠲᠠᠨᠢᠯᠴᠠᠭᠤᠯᠵᠤ ᠤᠬᠠᠭᠤᠯᠬᠤ ᠡᠭᠦᠷᠭᠡ ᠬᠠᠷᠢᠭᠤᠴᠠᠯᠭ᠎ᠠ᠎ᠲᠠᠢ ᠭᠡᠵᠤ ᠦᠪᠦᠷ ᠮᠤᠩᠭᠤᠯ᠎ᠤᠨ ᠮᠦᠽᠸᠢ᠎ᠶ᠋ᠢᠨ ᠰᠤᠷᠭᠠᠨ ᠬᠦᠮᠦᠵᠢᠭᠦᠯᠦᠭ᠌ᠴᠢ᠂ ᠰᠠ᠊ ᠎ᠶ᠋ᠢᠨ ᠳᠤᠷᠠᠴᠤᠳ᠎ᠤᠨ ᠬᠠᠮᠢᠶᠠᠷᠤᠯᠲᠠ᠎ᠶ᠋ᠢᠨ ᠳᠤᠭᠤ ᠵᠢᠯᠠᠩ᠎ᠤᠨ ᠳᠠᠷᠤᠭ᠎ᠠ ᠬᠤᠩᠭᠤᠷ ᠶᠠᠷᠢᠵᠤ ᠪᠠ ᠵᠢᠯ᠎ᠠ᠃ 

ᠠᠮᠠᠷᠠᠯᠲᠠ᠎ᠶ᠋ᠢᠨ ᠡᠳᠦᠷ᠎ᠢᠶᠠᠷ ᠴᠤ᠌ ᠭᠡᠰᠡᠨ ᠤᠯᠠᠨ ᠲᠦᠮᠡᠨ᠎ᠳᠡᠭᠡᠨ ᠦᠢᠯᠡᠴᠢᠯᠡᠳᠡᠭ ᠮᠦᠽᠸᠢ᠎ᠶ᠋ᠢᠨ ᠠᠵᠢᠯᠲᠠᠳ ᠱᠢᠬ ᠦᠢ ᠤᠯᠠᠨ ᠠᠵᠢᠯ᠎ᠤᠨ ᠪᠠ ᠵᠢᠷᠢ᠎ᠳᠠᠭᠠᠨ ᠭᠠᠪᠱᠢᠭᠠ ᠵᠢᠯᠠᠵᠤ ᠪᠤᠢ ᠬᠦᠮᠦᠰ᠎ᠲᠡᠭᠡᠨ ᠬᠦᠨᠳᠤᠳᠭᠡᠯ ᠲᠡᠪᠱᠢᠭᠦᠯᠦᠶ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号