ᠠᠷᠢᠭᠤᠨ᠄ ᠬᠠ ᠵᠢᠷᠠᠳᠤ ᠤᠩᠱᠢᠭ᠍ᠴᠢᠳ᠎ᠲᠠᠭᠠᠨ ᠬᠠᠯᠠᠭᠤᠮᠰᠤᠭ ᠦᠢᠯᠡᠴᠢᠯᠡᠨ᠎ᠡ
2021-10-07 11:11:06
ᠵᠣᠬᠢᠶᠠᠭ᠍ᠴᠢ᠄
ᠨᠠᠪᠴᠢ
ᠣᠩᠱᠢᠭ᠍ᠰᠠᠨ ᠣᠳᠠᠭ᠎ᠠ᠄
★★★☆☆

《ᠡᠵᠢ ᠡ᠂ ᠦᠨᠦᠳᠦᠷ ᠪᠢ 〈ᠲᠤᠯᠤᠭᠠᠨ ᠦᠨᠳᠡᠭᠡ᠎ᠲᠠᠢ ᠱᠠᠭᠠᠵᠠᠭᠠᠢ〉 ᠪᠠ 〈ᠠᠮᠢᠳᠠᠨ᠎ᠤ ᠶᠢᠷᠳᠢᠨᠴᠤ᠌〉 ᠬᠡᠬᠦ᠌ ᠬᠤᠶᠠᠷ ᠵᠢᠷᠤᠭ᠍ᠳᠤ ᠨᠤᠮ᠎ᠢ ᠤᠩᠱᠢᠭ᠍ᠰᠠᠨ ᠶᠤᠮ ᠡ》 ᠬᠡᠵᠦ᠍ ᠬᠠᠨᠳᠢᠪ ᠡᠵᠢ᠎ᠳᠡᠭᠡᠨ ᠡᠷᠬᠡᠯᠡᠨ ᠶᠠᠷᠢᠨ᠎ᠠ᠃ ᠠᠷᠪᠠᠨ ᠰᠠᠷ᠎ᠠ᠎ᠶ᠋ᠢᠨ ᠠᠯᠳᠠᠨ ᠭᠠᠷᠠᠭ᠎ᠤᠨ ᠠᠮᠠᠷᠠᠯᠳᠠ᠎ᠶ᠋ᠢᠨ ᠠᠩᠬᠠᠨ᠎ᠤ ᠡᠳᠦᠷ᠂ ᠬᠠᠨᠳᠢᠪ ᠬᠦᠦ ᠦᠷᠯᠦᠬᠡ ᠡᠷᠳᠡᠯᠡᠨ ᠪᠤᠰᠴᠤ᠌ ᠡᠵᠢ᠎ᠲᠠᠢ᠎ᠪᠠᠨ ᠬᠠᠮᠳᠤ ᠦᠪᠦᠷ ᠮᠤᠩᠭᠤᠯ᠎ᠤᠨ ᠨᠤᠮ᠎ᠤᠨ ᠰᠠᠩ᠎ᠳᠤ ᠢᠷᠡᠵᠦ᠍᠂ ᠤᠯᠤᠰ᠎ᠤᠨ ᠪᠠᠶᠠᠷ᠎ᠤᠨ ᠡᠳᠦᠷ᠎ᠢᠶᠠᠨ ᠨᠤᠮ᠎ᠲᠠᠢ ᠬᠠᠨᠢᠯᠠᠵᠤ ᠦᠩᠬᠡᠷᠡᠬᠡᠭ᠌ᠰᠡᠨ᠎ᠨᠢ ᠡᠨᠡ ᠪᠢᠯᠡ! 

ᠬᠠᠨᠳᠢᠪ᠎ᠤᠨ ᠡᠵᠢ ᠠᠷᠢᠭᠤᠨ ᠪᠤᠯ ᠦᠪᠦᠷ ᠮᠤᠩᠭᠤᠯ᠎ᠤᠨ ᠨᠤᠮ᠎ᠤᠨ ᠰᠠᠩ᠎ᠤᠨ ᠮᠤᠩᠭᠤᠯ ᠬᠡᠯᠡᠨ᠎ᠤ ᠪᠠᠭᠠᠴᠤᠳ ᠬᠡᠦᠬᠡᠳ᠎ᠤᠨ ᠤᠩᠱᠢᠯᠭ᠎ᠠ᠎ᠶ᠋ᠢᠨ ᠦᠷᠦᠬᠡ᠎ᠶ᠋ᠢᠨ ᠬᠠᠮᠢᠶᠠᠷᠤᠭ᠍ᠴᠢ ᠪᠢᠯᠡ᠃ ᠡᠨᠡ ᠵᠢᠯ᠎ᠤᠨ ᠤᠯᠤᠰ᠎ᠤᠨ ᠪᠠᠶᠠᠷ᠎ᠤᠨ ᠠᠮᠠᠷᠠᠯᠳᠠ᠎ᠳᠤ ᠲᠡᠷᠡ 10 ᠰᠠᠷ᠎ᠠ᠎ᠶ᠋ᠢᠨ 1 ᠎ᠤ ᠡᠳᠦᠷ᠎ᠠᠴᠠ 3 ᠎ᠤ ᠡᠳᠦᠷ ᠪᠤᠯᠳᠠᠯ᠎ᠠ ᠵᠢᠵᠢᠬᠦᠷᠯᠡᠵᠤ᠂ ᠬᠦᠦ᠎ᠪᠠᠨ ᠳᠠᠭᠠᠭᠤᠯᠤᠨ ᠪᠠ ᠵᠢᠭᠤᠯᠭ᠎ᠠ᠎ᠳᠠᠭᠠᠨ ᠢᠷᠡᠵᠦ᠍ ᠨᠤᠮ ᠦᠵᠡᠭᠦᠯᠭᠦ᠎ᠶ᠋ᠢᠨ ᠵᠡᠷᠬᠡ᠎ᠪᠠᠷ ᠠᠮᠠᠷᠠᠯᠳᠠ᠎ᠶ᠋ᠢᠨ ᠡᠳᠦᠷ ᠨᠤᠮ᠎ᠤᠨ ᠰᠠᠩ᠎ᠢ ᠵᠤᠷᠢᠵᠤ ᠢᠷᠡᠭ᠌ᠰᠡᠨ ᠪᠢᠴᠢᠬᠠᠨ ᠤᠩᠱᠢᠭ᠍ᠴᠢᠳ᠎ᠲᠠᠭᠠᠨ ᠡᠶᠡᠯᠳᠡᠭ ᠬᠠᠯᠠᠭᠤᠮᠰᠤᠭ᠎ᠢᠶᠠᠷ ᠦᠢᠯᠡᠴᠢᠯᠡᠨ ᠶᠠᠭᠠᠷᠠᠨ᠎ᠠ᠃ 

ᠤᠯᠤᠰ᠎ᠤᠨ ᠪᠠᠶᠠᠷ᠎ᠤᠨ ᠠᠮᠠᠷᠠᠯᠳᠠ᠎ᠶ᠋ᠢᠨ ᠬᠤᠭᠤᠴᠠᠭᠠᠨ᠎ᠳᠤ ᠦᠪᠦᠷ ᠮᠤᠩᠭᠤᠯ᠎ᠤᠨ ᠨᠤᠮ᠎ᠤᠨ ᠰᠠᠩ᠎ᠳᠤ ᠤᠩᠱᠢᠭ᠍ᠴᠢ ᠴᠦᠬᠡᠨ ᠪᠤᠰᠤ ᠪᠠ ᠵᠢᠯ᠎ᠠ᠃ ᠴᠥᠬᠡᠨ ᠪᠤᠰᠤ ᠬᠤᠳᠠ᠎ᠶ᠋ᠢᠨ ᠠᠷᠠᠳ ᠬᠡᠦᠬᠡᠳ᠎ᠢᠶᠠᠨ ᠳᠠᠭᠠᠭᠤᠯᠵᠤ ᠨᠤᠮ᠎ᠤᠨ ᠰᠠᠩ᠎ᠳᠤ ᠢᠷᠡᠵᠦ᠍ ᠬᠠᠮᠳᠤ᠎ᠳᠠᠭᠠᠨ ᠨᠤᠮ ᠦᠵᠡᠵᠡᠭᠡᠨ᠎ᠡ᠃ ᠨᠤᠮ᠎ᠤᠨ ᠰᠠᠩ᠎ᠤᠨ ᠬᠠᠮᠢᠶᠠᠷᠤᠭ᠍ᠴᠢ ᠴᠤ᠌ ᠡᠩ᠎ᠤᠨ ᠡᠳᠦᠷ᠎ᠠᠴᠠ᠎ᠪᠠᠨ ᠶᠠᠭᠠᠷᠠᠯᠳᠠᠢ ᠪᠠ ᠵᠢᠯ᠎ᠠ᠃ 

《ᠭᠠᠷᠠᠭ᠎ᠤᠨ ᠰᠡᠭᠦᠯᠴᠢ᠂ ᠪᠠᠶᠠᠷ ᠳᠤᠷᠠᠰᠭᠠᠯ᠎ᠤᠨ ᠠᠮᠠᠷᠠᠯᠳᠠ ᠪᠤᠯᠬᠤ ᠪᠦᠷᠢ ᠤᠩᠱᠢᠭ᠍ᠴᠢ ᠡᠩ᠎ᠤᠨ ᠦᠶ᠎ᠡ᠎ᠶ᠋ᠢᠨ᠎ᠬᠢ᠎ᠠᠴᠠ᠎ᠪᠠᠨ ᠨᠡᠩ ᠤᠯᠠᠨ ᠪᠤᠯᠳᠠᠭ᠎ᠠᠴᠠ ᠮᠠᠨ᠎ᠤ ᠨᠤᠮ᠎ᠤᠨ ᠰᠠᠩ᠎ᠤᠨ ᠠᠵᠢᠯᠳᠠᠳ ᠴᠦ᠍ ᠨᠡᠩ ᠶᠠᠭᠠᠷᠠᠯᠳᠠᠢ ᠪᠠ ᠵᠢᠳᠠᠭ᠃ ᠠᠮᠠᠷᠠᠯᠳᠠ᠎ᠶ᠋ᠢᠨ ᠬᠤᠭᠤᠴᠠᠭᠠᠨ᠎ᠳᠤ ᠬᠤᠳᠠ᠎ᠶ᠋ᠢᠨ ᠠᠷᠠᠳ᠎ᠤᠨ ᠪᠠᠶᠠᠷ ᠳᠤᠷᠠᠰᠭᠠᠯ᠎ᠤᠨ ᠡᠳᠦᠷ᠎ᠤᠨ ᠰᠤᠶᠤᠯ᠎ᠤᠨ ᠠᠮᠢᠳᠤᠷᠠᠯ᠎ᠢ ᠪᠠᠶᠠᠯᠢᠭ᠍ᠵᠢᠭᠤᠯᠬᠤ᠎ᠶ᠋ᠢᠨ ᠲᠦᠯᠦᠬᠡ᠂ ᠮᠠᠨ᠎ᠤ ᠨᠤᠮ᠎ᠤᠨ ᠰᠠᠩ᠎ᠤᠨ ᠡᠯ᠎ᠠ ᠤᠩᠱᠢᠯᠭ᠎ᠠ᠎ᠶ᠋ᠢᠨ ᠦᠷᠦᠬᠡ᠂ ᠨᠤᠮ ᠵᠢᠬᠡᠯᠡᠬᠦ᠌ ᠭᠠᠵᠠᠷ ᠵᠢᠴᠢ ᠨᠤᠮ ᠵᠢᠬᠡᠯᠡᠬᠦ᠌ ᠦᠨᠡᠮᠯᠡᠯ ᠬᠢᠯᠬᠡᠬᠦ᠌ ᠵᠡᠷᠭᠡ ᠦᠢᠯᠡᠴᠢᠯᠡᠭᠡ᠎ᠪᠠᠨ ᠬᠡᠪ᠎ᠤᠨ ᠶᠤᠰᠤᠭᠠᠷ ᠬᠠᠩᠭᠠᠵᠤ ᠪᠠ ᠵᠢᠳᠠᠭ᠃ ᠪᠢᠳᠡ ᠦᠷᠯᠦᠬᠡ ᠡᠷᠳᠡᠯᠡᠨ ᠢᠷᠡᠮᠡᠭ᠌ᠴᠡ᠂ ᠤᠩᠱᠢᠭ᠍ᠴᠢ᠎ᠶ᠋ᠢᠨ ᠲᠦᠷᠦᠬᠦᠦ ᠡᠳᠦᠷ᠎ᠤᠨ ᠪᠤᠴᠠᠭᠠᠭ᠍ᠰᠠᠨ ᠨᠤᠮ᠎ᠢ ᠤᠩᠱᠢᠯᠭ᠎ᠠ᠎ᠶ᠋ᠢᠨ ᠦᠷᠦᠬᠡᠨ᠎ᠳᠡᠭᠡᠨ ᠠᠪᠠᠴᠢᠵᠤ ᠲᠦᠷᠦᠯ ᠬᠤᠪᠢᠶᠠᠨ ᠨᠤᠮ᠎ᠤᠨ ᠳᠠᠯᠪᠢᠭᠤᠷ ᠳᠡᠬᠡᠷ᠎ᠡ᠎ᠪᠠᠨ ᠭᠠᠷᠭᠠᠨ ᠳᠡᠭ᠌ᠰᠢᠯᠡᠵᠦ᠍ ᠳᠠᠯᠪᠢᠬᠤ᠎ᠪᠠᠷ ᠶᠠᠭᠠᠷᠠᠯᠳᠤᠨ᠎ᠠ᠃ ᠤᠩᠱᠢᠭ᠍ᠴᠢᠳ᠎ᠲᠤ ᠲᠦᠬᠦᠮ ᠦᠵᠡᠬᠦᠯᠬᠦ᠌᠎ᠶ᠋ᠢᠨ ᠲᠦᠯᠦᠬᠡ᠂ ᠵᠢᠵᠢᠬᠦᠷᠯᠡᠵᠦ᠍ ᠪᠠ ᠵᠢᠭ᠎ᠠ ᠠᠵᠢᠯᠳᠡᠳ ᠦᠪᠡᠷ ᠦᠪᠡᠷ᠎ᠤᠨ ᠠᠵᠢᠯ᠎ᠳᠠᠭᠠᠨ ᠤᠯᠠᠮ ᠨᠠᠷᠢᠨ ᠬᠢᠨᠠᠮᠠᠭᠠᠢ ᠬᠠᠨᠳᠤᠨ᠂ ᠤᠩᠱᠢᠭ᠍ᠴᠢᠳ᠎ᠲᠤ ᠨᠡᠩ ᠰᠠ᠊ ᠎ᠶ᠋ᠢᠨ ᠦᠢᠯᠡᠴᠢᠯᠡᠬᠦ᠌᠎ᠪᠠᠷ ᠴᠢᠷᠮᠠ ᠵᠢᠵᠠᠭᠠᠨ᠎ᠠ》 ᠬᠡᠵᠦ᠍ ᠠᠷᠢᠭᠤᠨ ᠨᠤᠮ᠎ᠤᠨ ᠰᠠᠩ᠎ᠤᠨ ᠡᠳᠦᠷ ᠳᠤᠳᠤᠮ᠎ᠤᠨ ᠠᠵᠢᠯ᠎ᠢᠶᠠᠨ ᠳᠠᠨᠢᠯᠴᠠᠭᠤᠯᠵᠤ ᠭᠠᠷᠤᠯ᠎ᠠ᠃ 

ᠠᠷᠢᠭᠤᠨ ᠦᠪᠦᠷ ᠮᠤᠩᠭᠤᠯ᠎ᠤᠨ ᠨᠤᠮ᠎ᠤᠨ ᠰᠠᠩ᠎ᠳᠤ ᠠᠵᠢᠯᠯᠠᠭᠠᠳ 12 ᠵᠢᠯ ᠪᠤᠯᠵᠤ ᠪᠠ ᠵᠢᠭ᠎ᠠ ᠶᠤᠮ᠃ ᠤᠯᠤᠰ᠎ᠤᠨ ᠪᠠᠶᠠᠷ᠎ᠤᠨ ᠠᠯᠳᠠᠨ ᠭᠠᠷᠠᠭ᠎ᠤᠨ ᠠᠮᠠᠷᠠᠯᠳᠠ᠎ᠪᠠᠷ ᠨᠢᠭᠡ ᠪᠦᠯᠦᠭ ᠬᠦᠮᠦᠰ ᠲᠦᠷᠦᠯ ᠰᠠᠳᠤᠨ᠎ᠢᠶᠠᠨ ᠡᠷᠬᠢᠵᠦ᠍ ᠦᠵᠡᠬᠦ᠌ ᠬᠡᠮᠡᠨ ᠬᠡᠷ ᠨᠤᠳᠤᠭ᠎ᠢᠶᠠᠨ ᠵᠤᠷᠢᠬᠤ ᠪᠤᠶᠤ ᠭᠡᠷ ᠬᠤᠲᠠᠯᠠᠭᠠᠷ᠎ᠢᠶᠠᠨ ᠭᠤᠶᠤ ᠰᠠ ᠵᠢᠬᠠᠨ ᠦᠵᠡᠮᠵᠢ᠎ᠶ᠋ᠢᠨ ᠭᠠᠵᠠᠷ᠎ᠢᠶᠠᠷ ᠲᠤᠭᠤᠷᠢᠨ ᠵᠢᠭᠤᠯᠴᠢᠯᠠᠬᠤ᠎ᠪᠠᠷ ᠶᠠᠪᠤᠬᠤ᠎ᠳᠤ᠂ ᠪᠠᠰᠠ ᠨᠢᠬᠡ ᠪᠦᠯᠦᠭ ᠬᠦᠮᠦᠰ ᠠᠮᠠᠷᠠᠯᠳᠠ᠎ᠶ᠋ᠢᠨ ᠬᠤᠭᠤᠴᠠᠭᠠᠨ᠎ᠳᠤ ᠠᠵᠢᠯ᠎ᠤᠨ ᠪᠠ ᠵᠢᠷᠢ᠎ᠪᠠᠨ ᠪᠠᠳᠤ ᠰᠠᠬᠢᠵᠤ᠂ ᠠᠵᠢᠯ ᠦᠢᠯᠡᠰ᠎ᠲᠡᠭᠡᠨ ᠭᠠᠪᠱᠢᠭᠠ ᠵᠢᠯᠠᠨ᠎ᠠ᠃ ᠡᠳᠡᠬᠡᠷ ᠤᠯᠠᠨ ᠬᠦᠮᠦᠰ᠎ᠤᠨ ᠳᠤᠳᠤᠷ᠎ᠠ ᠠᠷᠢᠭᠤᠨ ᠴᠤ᠌ ᠪᠠᠭ᠍ᠳᠠᠭ᠍ᠳᠠᠵᠤ ᠪᠠ ᠵᠢᠭ᠎ᠠ ᠶᠤᠮ᠃ 

ᠨᠤᠮ᠎ᠤᠨ ᠰᠠᠩ᠎ᠤᠨ ᠬᠠᠮᠢᠶᠠᠷᠤᠭ᠍ᠴᠢ ᠬᠡᠵᠦ᠍ ᠡᠳᠦᠷ ᠪᠤᠯᠭᠠᠨ ᠨᠤᠮ ᠰᠤᠳᠤᠷ᠎ᠢᠶᠠᠨ ᠳᠡᠭ᠌ᠰᠢᠯᠡᠵᠦ᠍᠂ ᠨᠤᠮ᠎ᠤᠨ ᠭᠠᠷᠴᠠᠭ ᠬᠠᠳᠠᠬᠤ᠂ ᠨᠤᠮ᠎ᠢᠶᠠᠨ ᠲᠦᠷᠦᠯ ᠬᠤᠪᠢᠶᠠᠨ ᠨᠤᠮ᠎ᠤᠨ ᠳᠠᠯᠪᠢᠭᠤᠷ᠎ᠲᠤ ᠳᠠᠯᠪᠢᠬᠤ ᠬᠡᠳ ᠶᠠᠭᠠᠷᠠᠵᠦ᠍ ᠮᠤᠩᠬᠢᠨᠠᠬᠤ᠎ᠳᠠᠭᠠᠨ ᠠᠷᠢᠭᠤᠨ ᠶᠠᠳᠠᠷᠠᠯ ᠵᠦᠳᠡᠷᠡᠯ᠎ᠠᠴᠠ ᠠᠶᠤᠳᠠᠭ ᠦᠭᠡᠢ᠂ ᠬᠠᠷᠢᠨ ᠬᠦᠮᠦᠰ᠎ᠲᠤ ᠤᠶᠤᠨ᠎ᠤ ᠬᠦᠷᠳᠡᠬᠡᠯ ᠤᠯᠭᠤᠵᠤ ᠶᠠᠪᠤᠳᠠᠭ ᠰᠠ ᠵᠢᠬᠠᠨ ᠦᠢᠯᠡᠰ᠎ᠲᠡᠭᠡᠨ ᠰᠡᠳᠭᠢᠯ ᠲᠦᠭᠦᠷᠡᠩ ᠪᠠ ᠵᠢᠳᠠᠭ᠃ ᠠᠷᠢᠭᠤᠨ ᠦᠪᠡᠷ᠎ᠢᠶᠠᠨ ᠨᠤᠮ ᠤᠩᠱᠢᠬᠤ ᠳᠤᠷ᠎ᠠ ᠪᠠᠭ᠍ᠠᠳᠠᠢ ᠪᠦᠬᠡᠳ ᠦᠪᠡᠷ᠎ᠤᠨ ᠬᠦᠦ ᠦᠬᠢᠨ᠎ᠢᠶᠠᠨ ᠴᠤ᠌ ᠬᠠᠷᠠᠬᠠᠨ ᠪᠠᠭ᠎ᠠ᠎ᠠᠴᠠ᠎ᠨᠢ ᠨᠤᠮ ᠤᠩᠱᠢᠬᠤ ᠳᠠᠳᠭᠠᠯ᠎ᠲᠠᠢ ᠪᠤᠯᠭᠠᠨ ᠬᠦᠮᠦᠵᠢᠬᠦᠯᠬᠦ᠌᠎ᠶ᠋ᠢᠨ ᠲᠦᠯᠦᠬᠡ᠂ ᠪᠠᠶᠠᠷ ᠳᠤᠷᠠᠰᠭᠠᠯ᠎ᠤᠨ ᠡᠳᠦᠷ ᠪᠤᠶᠤ ᠭᠠᠷᠠᠭ᠎ᠤᠨ ᠰᠡᠭᠦᠯᠴᠢ᠎ᠶ᠋ᠢᠨ ᠠᠮᠠᠷᠠᠯᠳᠠ᠎ᠪᠠᠷ ᠦᠷᠬᠦᠯᠵᠢ ᠨᠤᠮ᠎ᠤᠨ ᠰᠠᠩ᠎ᠳᠠᠭᠠᠨ ᠳᠠᠭᠠᠭᠤᠯᠤᠨ ᠠᠪᠠᠴᠢᠵᠤ ᠬᠠᠮᠳᠤ᠎ᠳᠠᠭᠠᠨ ᠨᠤᠮ ᠤᠩᠱᠢᠨ ᠰᠠᠭᠤᠳᠠᠭ᠃ ᠡᠨᠡ ᠵᠢᠯ᠎ᠤᠨ ᠤᠯᠤᠰ᠎ᠤᠨ ᠪᠠᠶᠠᠷ᠎ᠤᠨ ᠠᠮᠠᠷᠠᠯᠳᠠ᠎ᠳᠤ ᠴᠤ᠌ ᠠᠷᠢᠭᠤᠨ ᠬᠦᠦ᠎ᠲᠠᠢ᠎ᠪᠠᠨ ᠬᠤᠶᠠᠭᠤᠯᠠ ᠠᠮᠠᠷᠠᠯᠳᠠ᠎ᠶ᠋ᠢᠨ ᠡᠳᠦᠷ᠎ᠢᠶᠠᠨ ᠤᠴᠢᠷ᠎ᠲᠠᠢ ᠰᠠ ᠵᠢᠬᠠᠨ ᠦᠩᠭᠡᠷᠡᠭᠦᠯᠵᠤ ᠪᠠ ᠵᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号