2021 ᠳᠤᠮᠳᠠᠳᠤ ᠤᠯᠤᠰ (ᠡᠵᠡᠨ᠎ᠡ) ᠎ᠤᠨ ᠪᠣᠭᠤᠮᠲᠠ᠎ᠶ᠋ᠢᠨ ᠣᠯᠠᠨ ᠤᠯᠤᠰ᠎ᠤᠨ ᠲᠠᠸᠠᠷ᠎ᠤᠨ ᠦᠵᠡᠰᠭᠦᠯᠡᠩ ᠡᠬᠢᠯᠡᠪᠡ
2021-10-08 10:16:17
ᠵᠣᠬᠢᠶᠠᠭ᠍ᠴᠢ᠄
ᠭᠤᠤ ᠬᠤᠨᠭ᠌ ᠯᠢᠶᠠᠨ
ᠣᠩᠱᠢᠭ᠍ᠰᠠᠨ ᠣᠳᠠᠭ᠎ᠠ᠄
★★★☆☆

ᠤᠢ᠍ᠢᠷ᠎ᠠ᠎ᠶ᠋ᠢᠨ ᠡᠳᠦᠷ᠂ ᠳᠤᠮᠳᠠᠳᠤ ᠤᠯᠤᠰ᠎ᠤᠨ ᠣᠯᠠᠨ ᠤᠯᠤᠰ᠎ᠤᠨ ᠬᠤᠳᠠᠯᠳᠤᠭᠠᠴᠢᠳ᠎ᠤᠨ ᠡᠪᠯᠡᠯ᠎ᠠᠴᠠ ᠭᠤᠤᠯᠯᠠᠨ ᠡᠷᠭᠢᠯᠡᠵᠦ᠍᠂ ᠠᠯᠠᠱᠠ ᠠᠢᠮᠠᠭ᠎ᠤᠨ ᠵᠠᠬᠢᠷᠭ᠎ᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠯᠵᠢᠶ᠎ᠠ᠎ᠶ᠋ᠢ ᠠᠬᠢᠭᠤᠯᠬᠤ ᠡᠪᠯᠡᠯ᠎ᠠᠴᠠ ᠳᠠᠭᠠᠭᠠᠴᠢᠯᠠᠨ ᠡᠷᠭᠢᠯᠡᠭ᠌ᠰᠡᠨ 《2021 ᠳᠤᠮᠳᠠᠳᠤ ᠤᠯᠤᠰ (ᠡᠵᠡᠨ᠎ᠡ) ᠎ᠤᠨ ᠪᠣᠭᠤᠮᠲᠠ᠎ᠶ᠋ᠢᠨ ᠣᠯᠠᠨ ᠤᠯᠤᠰ᠎ᠤᠨ ᠲᠠᠸᠠᠷ᠎ᠤᠨ ᠦᠵᠡᠰᠭᠦᠯᠡᠩ》 ᠡᠵᠡᠨ᠎ᠡ ᠬᠤᠱᠢᠭᠤᠨ᠎ᠤ ᠵᠢᠤᠢ ᠶᠠᠨ ᠰᠣᠶᠣᠯ᠎ᠤᠨ ᠬᠤᠲᠠ᠎ᠳᠤ ᠡᠬᠢᠯᠡᠪᠡ᠃

ᠲᠣᠰ ᠤᠳᠠᠭᠠᠨ᠎ᠤ ᠦᠵᠡᠰᠭᠦᠯᠡᠩ᠎ᠳᠤ ᠮᠣᠩᠭᠤᠯ᠂ ᠫᠠᠺᠢᠰᠲ᠋ᠠᠨ᠂ ᠮᠤᠷᠤᠺᠺᠤ᠂ ᠮᠤᠯᠳᠤᠸᠠ ᠵᠡᠷᠭᠡ ᠠᠷᠪᠠ ᠭᠠᠷᠤᠶ ᠤᠯᠤᠰ᠎ᠠᠴᠠ ᠢᠷᠡᠭ᠌ᠰᠡᠨ 400 ᠭᠠᠷᠤᠶ ᠠᠷᠠᠯᠵᠢᠶᠠᠴᠢᠨ᠎ᠢ ᠲᠠᠲᠠᠵᠤ᠂  ᠨᠠᠢ᠍ᠮᠠᠨ ᠶᠡᠭᠡ ᠭᠤᠤᠯ ᠰᠡᠳᠦᠪᠲᠦ ᠦᠵᠡᠭᠦᠯᠭᠡ᠎ᠶ᠋ᠢᠨ ᠲᠣᠭᠤᠷᠢᠭ᠎ᠲᠤ ᠨᠡᠢᠲᠡ 20 ᠭᠠᠷᠤᠶ ᠬᠠᠰ᠂ ᠮᠥᠩᠭᠦᠨ ᠡᠳ᠋ᠯᠡᠯ᠂ ᠭᠠᠷ ᠤᠷᠠᠯᠠᠯ᠎ᠤᠨ ᠪᠦᠲᠦᠭᠡᠭ᠌ᠳᠡᠬᠦᠨ᠂ ᠬᠤᠪᠴᠠᠰᠤ ᠵᠠᠰᠠᠯ᠂ ᠢᠳᠡᠭᠡᠨ ᠤᠮᠳᠠᠭᠠᠨ᠂ ᠠᠷᠢᠬᠢ ᠵᠡᠷᠭᠡ 20 ᠭᠠᠷᠤᠶ ᠲᠣᠮᠣ ᠲᠥᠷᠥᠯ 5000 ᠭᠠᠷᠤᠶ  ᠵᠦᠢᠯ᠎ᠤᠨ ᠤᠷᠠᠯᠢᠭ᠎ᠤᠨ ᠪᠦᠲᠦᠭᠡᠭ᠌ᠳᠡᠬᠦᠨ᠂ ᠲᠠᠸᠠᠷ᠎ᠢ ᠳᠡᠯᠭᠡᠨ ᠦᠵᠡᠭᠦᠯᠵᠡᠶ᠃ ᠦᠵᠡᠰᠭᠦᠯᠡᠩ᠎ᠤᠨ ᠴᠤᠭ᠍ᠯᠠᠭᠠᠨ᠎ᠤ ᠬᠤᠭᠤᠴᠠᠭᠠᠨ᠎ᠳᠤ ᠱᠠᠩᠬᠠᠶ᠎ᠶ᠋ᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶ᠋ᠢᠨ ᠤᠯᠤᠰ᠎ᠤᠨ ᠣᠨᠴᠠᠯᠢᠭ᠍ᠲᠤ ᠲᠠᠸᠠᠷ᠎ᠤᠨ ᠦᠵᠡᠭᠦᠯᠭᠡ᠂ ᠨᠠᠷᠠᠲᠤ ᠱᠢᠯᠢᠳᠡᠭ ᠣᠯᠠᠨ ᠤᠯᠤᠰ᠎ᠤᠨ ᠲᠠᠸᠠᠷ᠎ᠤᠨ ᠣᠨᠴᠠ ᠤᠷᠢᠯᠭ᠎ᠠ᠎ᠶ᠋ᠢᠨ ᠦᠵᠡᠭᠦᠯᠭᠡ᠂ ᠳᠤᠮᠳᠠᠳᠤ ᠮᠣᠩᠭᠤᠯ (ᠣᠯᠠᠨ ᠤᠯᠤᠰ) ᠎ᠤᠨ ᠬᠠᠴᠢᠨ ᠴᠢᠯᠠᠭᠤ ᠬᠠᠰ ᠴᠢᠯᠠᠭᠤᠨ᠎ᠤ ᠰᠣᠶᠣᠯ ᠵᠢᠭᠤᠯᠴᠢᠯᠠᠯ᠎ᠤᠨ ᠨᠠᠢᠷ᠂ ᠬᠠᠴᠢᠨ ᠴᠢᠯᠠᠭᠤ᠂ ᠬᠠᠰ᠎ᠤᠨ ᠦᠵᠡᠭᠦᠯᠭᠡ ᠵᠢᠴᠢ ᠠᠮᠲᠠᠲᠤ ᠢᠳᠡᠭᠡᠨ᠎ᠤ ᠨᠠᠢᠷ ᠵᠡᠷᠭᠡ ᠣᠯᠠᠨ ᠵᠦᠢᠯ᠎ᠤᠨ ᠠᠵᠢᠯᠯᠠᠭ᠎ᠠ᠎ᠶ᠋ᠢ ᠡᠷᠭᠢᠯᠡᠵᠤ ᠪᠣᠶ᠂ ᠥᠵᠡᠰᠭᠦᠯᠡᠩ᠎ᠨᠢ 10 ᠰᠠᠷ᠎ᠠ᠎ᠶ᠋ᠢᠨ 15 ᠎ᠤ ᠡᠳᠦᠷ ᠪᠣᠯᠲᠠᠯ᠎ᠠ ᠦᠷᠭᠦᠯᠵᠢᠯᠡᠨ᠎ᠡ᠃

ᠲᠣᠰ ᠦᠵᠡᠰᠭᠦᠯᠡᠩ᠎ᠨᠢ 7 ᠵᠢᠯ᠎ᠤᠨ ᠲᠤᠷᠰᠢ 《ᠨᠢᠭᠡ ᠪᠦᠰᠡ ᠨᠢᠭᠡ ᠵᠠᠮ》 ᠳᠠᠭᠠᠤ᠎ᠶ᠋ᠢᠨ 16 ᠤᠯᠤᠰ ᠪᠠ ᠭᠠᠵᠠᠷ ᠣᠷᠣᠨ᠎ᠤ 1500 ᠭᠠᠷᠤᠶ ᠠᠵᠤ ᠠᠬᠤᠢᠯᠠᠯ᠎ᠳᠤ ᠳᠡᠯᠭᠡᠨ ᠦᠵᠡᠭᠦᠯᠬᠦ᠂ ᠳᠡᠯᠭᠡᠨ ᠪᠣᠷᠣᠯᠠᠭᠤᠯᠬᠤ ᠵᠢᠴᠢ ᠰᠣᠯᠢᠯᠴᠠᠭᠠᠨ᠎ᠤ ᠲᠠᠪᠴᠠᠩ ᠬᠠᠩᠭᠠᠵᠤ᠂ ᠲᠣᠭᠤᠷᠢᠨ ᠦᠵᠡᠭ᠌ᠰᠡᠨ ᠬᠥᠮᠦᠨ᠎ᠤ ᠲᠤᠭ᠎ᠠ 52.5 ᠲᠦᠮᠡᠨ ᠬᠥᠮᠦᠨ ᠤᠳᠠᠭ᠎ᠠ᠎ᠳᠤ ᠬᠦᠷᠴᠦ᠍᠂ ᠲᠤᠬᠠᠶ᠎ᠶ᠋ᠢᠨ ᠲᠠᠯᠠᠪᠠᠶ᠎ᠶ᠋ᠢᠨ ᠠᠷᠠᠯᠵᠢᠶ᠎ᠠ ᠪᠦᠲᠦᠭ᠌ᠰᠡᠨ ᠲᠤᠭ᠎ᠠ 8000 ᠭᠠᠷᠤᠶ ᠲᠦᠮᠡᠨ ᠲᠥᠭᠦᠷᠢᠭ᠎ᠲᠤ ᠬᠦᠷᠴᠦ᠍᠂ ᠭᠡᠷ᠎ᠡ ᠲᠣᠭ᠍ᠲᠠᠭ᠍ᠰᠠᠨ ᠵᠣᠭᠤᠰ᠎ᠤᠨ ᠲᠤᠭ᠎ᠠ 5000 ᠲᠦᠮᠡᠨ ᠲᠥᠭᠦᠷᠢᠭ᠎ᠲᠤ ᠬᠦᠷᠴᠡᠢ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号