《ᠲᠠ ᠠᠰᠠᠷ᠎ᠠᠴᠠ ᠪᠠᠭᠤᠵᠤ ᠲᠡᠷᠭᠡᠨ ᠥᠷᠲᠡᠭᠡᠨ᠎ᠤ ᠲᠠᠯᠠᠪᠠᠢ᠎ᠶ᠋ᠢᠨ ᠪᠠᠷᠠᠭᠤᠨ ᠳᠠᠯ᠎ᠠ᠎ᠪᠠᠷ ᠶᠠᠪᠤᠪᠠᠯ ᠵᠣᠷᠯᠣᠩ᠎ᠢ ᠣᠯᠵᠤ ᠬᠠᠷᠠᠨ᠎ᠠ》᠃ ᠤᠯᠠᠭᠠᠨᠬᠠᠳᠠ ᠬᠤᠲᠠ᠎ᠶ᠋ᠢᠨ ᠯᠢᠨᠰᠢ ᠲᠡᠷᠭᠡᠨ ᠥᠷᠲᠡᠭᠡᠨ᠎ᠤ ᠬᠥᠮᠦᠰ᠎ᠤᠨ ᠤᠷᠤᠰᠭᠠᠯ ᠳᠤᠮᠳᠠ᠂ ᠵᠠᠯᠠᠭᠤ ᠴᠠᠭ᠍ᠳᠠᠭ᠎ᠠ ᠫᠠᠩ ᠰᠥᠩ ᠵᠢᠭᠤᠯᠴᠢᠯᠠᠭ᠍ᠴᠢᠳ᠎ᠤᠨ ᠠᠰᠠᠭᠤᠯᠲᠠ᠎ᠶ᠋ᠢ ᠬᠦᠯᠢᠴᠡᠩᠭᠦᠢ ᠬᠠᠷᠢᠭᠤᠯᠤᠨ᠎ᠠ᠃
ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ ᠠᠶᠠᠨᠴᠢᠳ ᠤᠯᠠᠱᠢᠷᠡᠪᠠ᠃ ᠠᠶᠠᠨᠴᠢᠳ᠎ᠤᠨ ᠠᠮᠤᠷ ᠲᠦᠪᠱᠢᠨ ᠰᠠᠭᠠᠳ ᠥᠬᠡᠶ ᠠᠶᠠᠯᠠᠬᠤ᠎ᠶ᠋ᠢ ᠪᠠᠲᠤᠯᠠᠬᠤ᠎ᠶ᠋ᠢᠨ ᠲᠥᠯᠥᠭᠡ᠂ ᠱᠢᠯᠢᠩᠬᠤᠲᠠ᠎ᠶ᠋ᠢᠨ ᠲᠡᠮᠦᠷ ᠵᠠᠮ᠎ᠤᠨ ᠳᠣᠲᠣᠭᠠᠳᠤ᠎ᠶ᠋ᠢ ᠬᠠᠮᠠᠭᠠᠯᠠᠬᠤ ᠭᠠᠵᠠᠷ᠎ᠤᠨ ᠯᠢᠨᠰᠢ ᠲᠡᠷᠭᠡᠨ ᠥᠷᠲᠡᠭᠡᠨ᠎ᠤ ᠲᠣᠮᠢᠯᠠᠭ᠍ᠰᠠᠨ ᠰᠠᠯᠪᠤᠷᠢ ᠵᠢᠵᠢᠭᠦᠷᠯᠡᠨ ᠴᠠᠭ᠍ᠳᠠᠬᠤ ᠡᠷᠴᠢᠮ᠎ᠢᠶᠠᠨ ᠴᠢᠩᠭᠠᠷᠠᠭᠤᠯᠵᠠᠢ᠃ ᠫᠠᠩ ᠰᠦᠩ ᠪᠣᠯ ᠡᠨᠡ ᠵᠢᠯ ᠱᠢᠨ᠎ᠡ᠎ᠪᠠᠷ ᠲᠤᠱᠢᠶᠠᠯ᠎ᠳᠤ ᠭᠠᠷᠤᠭ᠍ᠰᠠᠨ ᠠᠷᠠᠳ᠎ᠤᠨ ᠴᠠᠭ᠍ᠳᠠᠭ᠎ᠠ ᠮᠦᠨ᠂ ᠡᠨᠡ ᠪᠤᠯ ᠲᠡᠷᠡ ᠤᠯᠤᠰ᠎ᠤᠨ ᠪᠠᠶᠠᠷ᠎ᠤᠨ ᠠᠮᠠᠷᠠᠯᠳᠠ᠎ᠶ᠋ᠢᠨ ᠬᠤᠭᠤᠴᠠᠭᠠᠠ᠎ᠳᠤ ᠠᠩᠬ᠎ᠠ ᠤᠲᠠᠭ᠎ᠠ ᠵᠢᠵᠢᠭᠦᠷᠯᠡᠵᠦ᠍ ᠪᠠᠢᠭ᠎ᠠ ᠶᠠᠪᠤᠲᠠᠯ ᠪᠣᠯᠤᠨ᠎ᠠ᠃ ᠴᠠᠭ᠍ᠳᠠᠭᠠᠨ᠎ᠤ ᠰᠤᠷᠭᠠᠭᠤᠯᠢ᠎ᠶ᠋ᠢᠨ ᠰᠤᠷᠤᠭ᠍ᠴᠢ᠎ᠠᠴᠠ ᠰᠠᠯᠪᠤᠷᠢ ᠠᠩᠭᠢ᠎ᠶ᠋ᠢᠨ ᠴᠠᠭ᠍ᠳᠠᠭ᠎ᠠ ᠪᠤᠯᠳᠠᠯ᠎ᠠ᠂ ᠲᠡᠷᠡ ᠮᠠᠰᠢ ᠭᠦᠨ ᠲᠥᠷᠥᠭ᠌ᠳᠡᠯ᠎ᠲᠠᠢ ᠪᠠᠢᠯ᠎ᠠ᠂ 《ᠥᠩᠭᠡᠷᠡᠭ᠌ᠰᠡᠨ᠎ᠤ ᠤᠯᠤᠰ᠎ᠤᠨ ᠪᠠᠶᠠᠷ᠎ᠤᠨ ᠠᠮᠠᠷᠠᠯᠲᠠ᠎ᠳᠤ᠂ ᠪᠢ ᠴᠢᠨᠢ ᠭᠠᠳᠠᠭ᠍ᠰᠢ ᠭᠠᠷᠤᠭ᠍ᠰᠠᠨ ᠰᠤᠷᠤᠭ᠍ᠴᠢ ᠪᠠᠢᠭ᠍ᠰᠠᠠ᠂ ᠡᠨᠡ ᠵᠢᠯ ᠬᠠᠷᠢᠨ ᠯᠢᠨᠰᠢ ᠲᠡᠷᠭᠡᠡ ᠥᠷᠲᠡᠭᠡᠨ᠎ᠳᠤ ᠵᠢᠵᠢᠬᠦᠷ ᠴᠠᠭ᠍ᠳᠠᠭ᠎ᠠ ᠪᠤᠯᠴᠢᠬᠠᠪᠠ᠃ ᠨᠤᠲᠤᠭ᠎ᠤᠨ᠎ᠢᠶᠠᠨ ᠠᠷᠠᠳ ᠲᠦᠮᠡᠨ᠎ᠢ ᠰᠠᠬᠢᠨ ᠬᠠᠮᠠᠭᠠᠯᠠᠬᠤ ᠴᠠᠭ᠍ᠳᠠᠭ᠎ᠠ ᠪᠣᠯᠤᠭ᠍ᠰᠠᠨ᠎ᠳᠠᠭᠠᠨ ᠪᠢ ᠮᠠᠰᠢ ᠴᠢᠩᠭ᠎ᠠ ᠬᠠᠷᠢᠭᠤᠴᠠᠯᠭᠠᠲᠤ ᠰᠡᠳᠭᠢᠯᠭᠡ ᠪᠠ ᠡᠭᠦᠷᠭᠡᠲᠦ ᠪᠤᠳᠤᠯ᠎ᠲᠠᠢ ᠪᠣᠯᠤᠯ᠎ᠠ》 ᠭᠡᠵᠦ᠍ ᠲᠡᠷᠡ ᠬᠡᠯᠡᠨ᠎ᠠ᠃
ᠤᠯᠤᠰ᠎ᠤᠨ ᠪᠠᠶᠠᠷ᠎ᠤᠨ ᠬᠤᠭᠤᠴᠠᠭᠠᠨ᠎ᠳᠤ ᠯᠢᠨᠰᠢ ᠲᠡᠷᠭᠡᠨ ᠥᠷᠲᠡᠭᠡᠨ᠎ᠤ ᠠᠶᠠᠨᠴᠢᠳ᠎ᠤᠨ ᠲᠤᠭ᠎ᠠ ᠡᠩ᠎ᠤᠨ ᠴᠠᠭᠤᠨᠬᠢᠠᠴᠠ ᠳᠥᠷᠪᠡ ᠲᠠᠪᠤᠨ ᠳᠠᠬᠢᠨ᠎ᠢᠶᠠᠷ ᠨᠡᠮᠡᠭ᠌ᠳᠡᠵᠡᠢ᠃ ᠡᠨᠡ᠎ᠨᠢ ᠫᠠᠩ ᠰᠦᠩ ᠦᠩᠬᠡᠷᠡᠭ᠌ᠰᠡᠨ᠎ᠳᠤ ᠵᠢᠵᠢᠭᠦᠷᠯᠡᠬᠦ᠌᠎ᠳᠡᠭᠡᠨ ᠲᠠᠭᠠᠷᠠᠯᠳᠤᠵᠤ ᠦᠩᠭᠡᠷᠡᠭ᠌ᠰᠡᠨ ᠦᠭᠡᠢ ᠪᠠᠢᠳᠠᠯ ᠮᠦᠨ᠃ 《ᠥᠷᠲᠡᠭᠡᠨ᠎ᠳᠤ ᠬᠦᠷᠭᠡᠵᠦ᠍ ᠪᠣᠯᠤᠨ᠎ᠠ ᠦᠦ?》᠂ 《ᠰᠫᠢᠷᠲ᠎ᠲᠠᠢ ᠨᠦᠢᠲᠠᠨ ᠠᠯᠴᠢᠭᠤᠷᠢ ᠲᠡᠷᠭᠡᠨ᠎ᠳᠤ ᠠᠪᠴᠤ᠌ ᠭᠠᠷᠴᠤ᠌ ᠪᠣᠯᠤᠨ᠎ᠠ ᠦᠦ?》᠂ 《ᠬᠥᠬᠡᠬᠤᠲᠠ᠎ᠳᠤ ᠬᠦᠷᠬᠦ᠌ ᠲᠡᠷᠭᠡ ᠪᠦᠷ ᠬᠡᠳᠦᠨ ᠴᠠᠭ᠎ᠤᠨ᠎ᠬᠢ ᠪᠠᠢᠳᠠᠭ ᠪᠣᠶ?》 ᠭᠡᠬᠦ᠌ ᠡᠯ᠎ᠡ ᠵᠦᠢᠯ᠎ᠤᠨ ᠠᠰᠠᠭᠤᠯᠲᠠ᠎ᠳᠤ ᠲᠡᠷᠡ ᠪᠦᠷ ᠬᠦᠯᠢᠴᠡᠩᠭᠦᠢ ᠬᠠᠨᠳᠤᠨ ᠨᠠᠷᠢᠨ ᠨᠢᠮᠪᠠᠢ ᠬᠠᠷᠢᠭᠤᠯᠲᠠ ᠥᠭ᠌ᠴᠦ᠂ ᠠᠶᠠᠨᠴᠢᠳ᠎ᠤᠨ ᠮᠠᠭ᠍ᠲᠠᠭᠠᠯ ᠰᠠᠢᠱᠢᠶᠠᠯ᠎ᠢ ᠣᠯᠵᠠᠢ᠃ 《ᠪᠠᠶᠠᠷᠯᠠᠯ᠎ᠠ᠂ ᠵᠠᠯᠠᠭᠤ!》᠂ 《ᠪᠠᠶᠠᠷᠯᠠᠯ᠎ᠠ᠂ ᠴᠠᠭ᠍ᠳᠠᠭ᠎ᠠ ᠠᠪᠠᠭ᠎ᠠ》᠃ ᠫᠠᠩ ᠰᠦᠩ᠄ ᠵᠢᠵᠢᠭ ᠰᠠᠵᠢᠭ ᠶᠠᠪᠤᠳᠠᠯ᠎ᠳᠤ ᠴᠦ᠍ ᠰᠠᠢᠲᠤᠷ ᠦᠢᠯᠡᠴᠢᠯᠡᠵᠦ᠍᠂ ᠵᠢᠵᠢᠭ ᠰᠠᠵᠢᠭ ᠵᠦᠢᠯ᠎ᠳᠤ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠦᠢᠯᠡᠳᠦᠯᠭᠡᠵᠢᠭᠦᠯᠵᠦ᠍᠂ ᠪᠠᠭ᠎ᠠ ᠶᠠᠪᠤᠳᠠᠯ ᠪᠠᠭ᠎ᠠ ᠪᠤᠰᠤ ᠬᠡᠮᠡᠨ ᠬᠦᠨ ᠲᠦᠷᠦᠭ᠌ᠳᠡᠯ᠎ᠲᠠᠢ ᠶᠠᠷᠢᠨ᠎ᠠ᠃
《ᠠᠶᠠᠨᠴᠢᠳ ᠨᠠᠮᠠᠶ᠋ᠢ 〈ᠴᠠᠭ᠍ᠳᠠᠭ᠎ᠠ ᠠᠪᠠᠭ᠎ᠠ〉 ᠭᠡᠵᠦ᠍ ᠳᠠᠭᠤᠳᠠᠬᠤ᠎ᠳᠤ ᠪᠢ ᠬᠠᠰᠢ ᠯᠠ ᠳᠠᠳᠭᠤ ᠦᠭᠡᠢ᠂ ᠭᠡᠪᠡᠴᠦ᠍ ᠲᠡᠷᠡ ᠪᠣᠯ ᠨᠠᠮᠠᠶ᠋ᠢ ᠢᠳᠡᠭᠡᠵᠦ᠍ ᠪᠠᠢᠭ᠎ᠠ᠎ᠶ᠋ᠢᠨ ᠢᠯᠡᠷᠡᠯ ᠮᠦᠨ》᠃ 95 ᠤᠨ᠎ᠠᠴᠠ ᠰᠡᠭᠦᠯᠡᠷ ᠲᠦᠷᠦᠭ᠌ᠰᠡᠨ ᠫᠠᠩ ᠰᠦᠩ᠎ᠤᠨ ᠬᠠᠷᠢᠭᠤᠴᠠᠯᠭᠠᠲᠤ ᠰᠡᠳᠭᠢᠯᠭᠡ ᠮᠠᠰᠢ ᠴᠢᠩᠭ᠎ᠠ ᠪᠠᠢᠵᠤ᠂ ᠠᠶᠠᠨᠴᠢᠳ᠎ᠤᠨ ᠵᠥᠭᠡᠭᠡᠪᠦᠷᠢ᠎ᠶ᠋ᠢᠨ ᠡᠭᠦᠷᠭᠡ ᠭᠦᠢᠴᠡᠳᠭᠡᠬᠦ᠌ ᠶᠠᠪᠤᠴᠠ᠎ᠳᠤ ᠬᠠᠪᠰᠤᠷᠤᠯᠭ᠎ᠠ ᠬᠡᠷᠡᠭ᠌ᠰᠡᠬᠦ᠌ ᠠᠶᠠᠨᠴᠢᠳ᠎ᠲᠠᠢ ᠲᠠᠭᠠᠷᠠᠯᠳᠤᠪᠠᠯ ᠲᠡᠷᠡ ᠡᠴᠦᠰ᠎ᠲᠤᠨᠢ ᠲᠤᠯᠲᠠᠯ᠎ᠠ ᠬᠠᠷᠢᠭᠤᠴᠠᠳᠠᠭ᠃ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠬᠤᠭᠤᠴᠠᠭᠠᠨ᠎ᠳᠤ᠂ ᠰᠤᠷᠤᠭ᠍ᠴᠢ ᠪᠤᠯ ᠠᠶᠠᠨᠴᠢᠳ᠎ᠤᠨ ᠭᠤᠣᠯ ᠴᠣᠭ᠍ᠴᠠ᠎ᠶ᠋ᠢᠨ ᠨᠢᠭᠡ ᠪᠣᠯᠤᠨ᠎ᠠ᠂ ᠪᠠᠰᠠ ᠴᠤ᠌ ᠶᠠᠭᠤᠮ᠎ᠠ ᠬᠡᠬᠡᠭ᠌ᠰᠡᠨ ᠬᠡᠷᠡᠭ ᠠᠷᠪᠢᠨ ᠭᠠᠷᠬᠤ ᠬᠥᠮᠦᠰ ᠪᠣᠯᠤᠨ᠎ᠠ᠃ ᠡᠮᠦᠨ᠎ᠡ ᠬᠤᠶᠠᠷ ᠡᠳᠦᠷ ᠫᠠᠩ ᠰᠦᠩ᠂ ᠠᠮᠤᠷ ᠲᠦᠪᠱᠢᠨ᠎ᠤ ᠪᠠᠢᠴᠠᠭᠠᠯᠲᠠ᠎ᠶ᠋ᠢᠨ ᠭᠠᠵᠠᠷ ᠨᠢᠭᠡ ᠵᠣᠭᠤᠰᠣᠨ ᠪᠣᠭ᠍ᠴᠣ ᠤᠯᠵᠦ᠍ ᠠᠪᠴᠠᠢ᠃ ᠲᠡᠷᠡ ᠭᠡᠭᠡᠭ᠌ᠰᠡᠨ ᠡᠵᠡᠨ ᠰᠤᠷᠤᠭ᠍ᠴᠢ ᠶᠠᠩ ᠤᠪᠤᠭ᠍ᠳᠦᠶ᠋ᠢ ᠡᠷᠢᠵᠦ᠍ ᠣᠯᠬᠤ ᠪᠣᠯᠲᠠᠯ᠎ᠠ᠂ ᠰᠤᠷᠤᠭ᠍ᠴᠢ ᠶᠠᠩ ᠤᠪᠤᠭ᠍ᠳᠦ ᠵᠣᠭᠤᠰᠣᠨ ᠪᠣᠭ᠍ᠴᠣ᠎ᠪᠠᠨ ᠭᠡᠭᠡᠭ᠌ᠰᠡᠨ᠎ᠢᠶᠠᠨ ᠴᠦ᠍ ᠮᠡᠳᠡᠬᠦ᠌ ᠥᠬᠡᠶ ᠪᠠᠢᠪᠠ᠃
ᠤᠳᠠᠭ᠎ᠠ ᠪᠦᠷᠢ᠎ᠶ᠋ᠢᠨ ᠭᠠᠯᠲᠤ ᠲᠡᠷᠭᠡ᠎ᠶ᠋ᠢ ᠲᠤᠰᠴᠤ᠌ ᠶᠠᠪᠤᠭᠤᠯᠬᠤ ᠦᠶᠡᠰ᠂ ᠫᠠᠩ ᠰᠦᠩ ᠪᠦᠷ ᠠᠮᠤᠷ ᠲᠦᠪᠱᠢᠨ᠎ᠤ ᠪᠠᠢᠴᠠᠭᠠᠯᠲᠠ᠎ᠶ᠋ᠢᠨ ᠬᠡᠮᠵᠢᠭᠦᠷᠯᠢᠭ᠎ᠤᠨ ᠭᠠᠷᠬᠤ ᠡᠭᠦᠳᠡ᠂ ᠲᠡᠷᠭᠡ ᠬᠦᠯᠢᠶᠡᠬᠦ᠌ ᠲᠠᠰᠤᠭ᠎ᠤᠨ ᠰᠠᠨᠳᠠᠯᠢ᠎ᠶ᠋ᠢᠨ ᠳᠤᠤᠷ᠎ᠠ ᠵᠡᠷᠭᠡ ᠠᠮᠠᠷᠬᠠᠨ ᠶᠠᠭᠤᠮ᠎ᠠ ᠭᠡᠭᠡᠳᠡᠭ ᠭᠠᠵᠠᠷ᠎ᠲᠤ ᠨᠢᠭᠡ ᠤᠳᠠᠭ᠎ᠠ ᠲᠣᠭᠤᠷᠢᠨ ᠪᠠᠢᠴᠠᠭᠠᠳᠠᠭ᠃ ᠤᠯᠤᠰ᠎ᠤᠨ ᠪᠠᠶᠠᠷ᠎ᠤᠨ ᠠᠮᠠᠷᠠᠯᠲᠠ᠎ᠶ᠋ᠢᠨ ᠡᠨᠡ ᠬᠡᠳᠦᠨ ᠡᠳᠦᠷ᠂ ᠲᠡᠷᠡ ᠨᠢᠭᠡᠨᠲᠡ ᠠᠶᠠᠨᠴᠢᠳ᠎ᠢ ᠬᠠᠪᠰᠤᠷᠤᠨ 7 ᠭᠡᠭᠡᠭ᠌ᠰᠡᠨ ᠪᠣᠳᠠᠰ᠎ᠢ᠎ᠨᠢ ᠡᠷᠢᠵᠦ᠍ ᠣᠯᠪᠠ᠃
ᠨᠠᠰᠤᠲᠠᠢᠴᠤᠳ ᠪᠣᠯ ᠫᠠᠩ ᠰᠥᠩ᠎ᠤᠨ ᠭᠤᠤᠯᠳᠠᠯᠭ᠎ᠠ᠎ᠲᠠᠢ ᠠᠩᠬᠠᠷᠬᠤ ᠡᠲᠡᠭᠡᠳ ᠪᠣᠯᠤᠨ᠎ᠠ᠃ ᠲᠡᠷᠡ᠄ 《ᠣᠲᠣ ᠲᠡᠷᠭᠡᠨ ᠥᠷᠲᠡᠭᠡᠨ᠎ᠳᠤ ᠭᠡᠷᠡᠴᠢ ᠱᠢᠯᠭᠠᠬᠤ᠂ ᠪᠢᠯᠧᠲ ᠱᠢᠯᠭᠠᠬᠤ᠎ᠶ᠋ᠢ ᠴᠥᠮ ᠮᠠᠱᠢᠨ᠎ᠢᠶᠠᠷ ᠠᠵᠢᠯᠯᠠᠭᠤᠯᠵᠤ ᠪᠠᠢᠨ᠎ᠡ᠂ ᠨᠠᠰᠤᠲᠠᠢᠴᠤᠳ ᠡᠭᠦᠨ᠎ᠳᠤ ᠳᠠᠳᠮᠠᠭᠠᠢ ᠪᠤᠰᠤ ᠲᠤᠯᠠ ᠪᠢ ᠴᠢᠳᠠᠯ᠎ᠤᠨ ᠬᠢᠷᠢ᠎ᠪᠠᠷ᠎ᠢᠶᠠᠨ ᠲᠡᠳᠡᠨ᠎ᠢ ᠬᠠᠪᠰᠤᠷᠤᠨ ᠠᠰᠠᠭᠤᠳᠠᠯ᠎ᠢ᠎ᠨᠢ ᠱᠢᠢᠳᠪᠦᠷᠢᠯᠡᠵᠦ᠍ ᠥᠭ᠌ᠳᠡᠭ》᠃ ᠫᠠᠩ ᠰᠥᠩ ᠪᠠᠢᠰᠭᠢᠭᠡᠳ ᠪᠢᠯᠧᠲ ᠱᠢᠯᠭᠠᠬᠤ ᠭᠠᠵᠠᠷ᠎ᠲᠤ ᠬᠦᠷᠴᠦ᠍᠂ ᠨᠠᠰᠤᠲᠠᠨ᠎ᠳᠤ ᠬᠠᠪᠰᠤᠷᠤᠨ ᠭᠡᠷᠡᠴᠢ ᠱᠢᠯᠭᠠᠵᠤ᠂ ᠪᠠᠢᠰᠭᠢᠭᠡᠳ ᠥᠷᠲᠡᠭᠡᠨ ᠲᠠᠪᠴᠠᠩ᠎ᠳᠤ ᠭᠠᠷᠴᠤ᠌᠂ ᠨᠠᠰᠤᠲᠠᠨ᠎ᠳᠤ ᠬᠠᠪᠰᠤᠷᠤᠨ ᠣᠷᠣ ᠳᠡᠪᠢᠰᠭᠡᠷ᠎ᠢ᠎ᠨᠢ ᠡᠷᠭᠦᠵᠦ᠍᠂ ᠪᠠᠢᠰᠭᠢᠭᠡᠳ ᠥᠷᠲᠡᠭᠡᠨ᠎ᠠᠴᠠ ᠭᠠᠷᠬᠤ ᠡᠭᠦᠳᠡᠨ᠎ᠳᠤ ᠬᠦᠷᠴᠦ᠍ ᠡᠷᠡᠭᠦᠯ ᠮᠡᠨᠳᠦ᠎ᠶ᠋ᠢᠨ ᠺᠣᠳ᠋᠎ᠢ᠎ᠨᠢ ᠭᠠᠷᠭᠠᠨ ᠦᠵᠡᠭᠦᠯᠤᠨ᠎ᠡ᠃ 《ᠨᠠᠰᠤᠲᠠᠨ᠎ᠤ ᠰᠠᠨᠠᠭᠠᠱᠢᠷᠠᠵᠤ ᠪᠠᠢᠭ᠎ᠠ᠎ᠨᠢ ᠯᠠᠪᠲᠠᠢ ᠲᠡᠳᠡᠨ᠎ᠤ ᠡᠳᠦᠷ ᠰᠥᠨᠢ ᠦᠭᠡᠢ ᠪᠤᠳᠤᠳᠠᠭ ᠦᠷ᠎ᠡ ᠬᠡᠦᠬᠡᠳ᠎ᠨᠢ ᠪᠣᠯᠤᠨ᠎ᠠ᠂ ᠪᠢ ᠳᠤᠷᠠᠲᠠᠶ᠎ᠠ ᠲᠡᠳᠡᠨ᠎ᠤ ᠡᠨᠡ ᠬᠡᠰᠡᠭ ᠠᠶᠠᠯᠠᠯ᠎ᠢ ᠨᠡᠩ ᠬᠠᠯᠠᠭᠤᠨ ᠳᠤᠯᠠᠭᠠᠨ ᠪᠣᠯᠭᠠᠨ᠎ᠠ᠃ ᠡᠨᠡ ᠬᠡᠳᠦᠨ ᠡᠳᠦᠷ ᠬᠤᠵᠢᠮ ᠭᠠᠯᠲᠤ ᠲᠡᠷᠭᠡᠨ᠎ᠳᠤ ᠰᠠᠭᠤᠪᠡᠯ ᠴᠢᠮ᠎ᠠ᠎ᠲᠠᠢ ᠬᠠᠷᠢᠯᠴᠠᠨᠡ ᠱᠢᠤ ᠭᠡᠵᠦ᠍ ᠭᠡᠳᠦᠨ ᠠᠨᠢᠶ᠎ᠠ ᠤᠳᠠᠰᠦ᠎ᠶ᠋ᠢ ᠦᠯᠡᠳᠡᠭᠡᠵᠦ᠍ ᠠᠪᠴᠠᠢ!》 ᠭᠡᠵᠤ ᠫᠠᠩ ᠰᠦᠩ ᠢᠨᠢᠶᠡᠮᠰᠦᠭ᠌ᠯᠡᠨ ᠬᠡᠯᠡᠨ᠎ᠡ᠃
ᠠᠶᠠᠨᠴᠢᠳ᠎ᠲᠤ ᠰᠡᠳᠭᠢᠯ ᠲᠠᠯᠪᠢᠨ ᠬᠠᠯᠠᠭᠤᠮᠰᠤᠭ᠎ᠢᠶᠠᠷ ᠦᠢᠯᠡᠴᠢᠯᠡᠨ᠎ᠡ; ᠬᠠᠤᠯᠢ ᠬᠡᠷᠡᠭ᠌ᠵᠢᠭᠦᠯᠵᠦ᠍ ᠬᠡᠷᠡᠭ ᠱᠢᠢᠳᠪᠦᠷᠢᠯᠡᠬᠦ᠌᠎ᠳᠡᠭᠡᠨ ᠥᠴᠦᠬᠡᠨ ᠴᠦ᠍ ᠣᠰᠣᠯᠳᠠᠬᠤ ᠥᠬᠡᠶ᠃ ᠲᠡᠷᠭᠡᠨ ᠥᠷᠲᠡᠭᠡᠨ᠎ᠤ ᠡᠮᠬᠢ ᠳᠢᠭ᠌ᠯᠢᠮ᠎ᠢ ᠬᠠᠮᠠᠭᠠᠯᠠᠬᠤ ᠦᠶ᠎ᠠ᠎ᠳᠤ ᠫᠠᠩ ᠰᠥᠩ᠎ᠳᠤ ᠱᠢᠨ᠎ᠡ ᠠᠷᠠᠳ᠎ᠤᠨ ᠴᠠᠭ᠍ᠳᠠᠭ᠎ᠠ᠎ᠶ᠋ᠢᠨ 《ᠡᠪ ᠦᠭᠡᠢᠷᠡᠬᠦ᠌》 ᠪᠠᠢᠳᠠᠯ ᠮᠠᠰᠢ ᠴᠥᠭᠡᠨ ᠪᠠᠢᠪᠠ᠃ ᠲᠡᠷᠡ ᠵᠣᠷᠢᠭ᠍ᠲᠠᠶ᠎ᠪᠠᠷ ᠬᠠᠮᠢᠶᠠᠷᠴᠤ᠌᠂ ᠵᠠᠰᠠᠬᠤ᠎ᠳᠠᠭᠠᠨ ᠴᠢᠳᠠᠮᠠᠭᠠᠶ ᠪᠠᠢᠳᠠᠭ᠃ ᠲᠡᠭᠦᠨ᠎ᠤ ᠴᠢᠷᠮᠠᠢᠯᠭ᠎ᠠ ᠳᠣᠣᠷ᠎ᠠ᠂ ᠥᠷᠲᠡᠭᠡᠨ᠎ᠳᠤ ᠣᠷᠣᠵᠤ ᠲᠡᠷᠭᠡᠨ᠎ᠳᠤ ᠰᠠᠭᠤᠬᠤ ᠠᠶᠠᠨᠴᠢᠳ ᠭᠡᠰᠡᠨ ᠦᠭᠡᠢ᠂ ᠥᠷᠲᠡᠭᠡᠨ᠎ᠠᠴᠠ ᠭᠠᠷᠬᠤ ᠡᠭᠦᠳᠡᠨ᠎ᠳᠤ ᠲᠡᠷᠭᠡ ᠲᠣᠰᠭᠤ ᠵᠢᠯᠣᠭᠤᠴᠢ ᠭᠡᠰᠡᠨ ᠦᠭᠡᠢ᠂ ᠣᠯᠠᠨ᠎ᠢᠶᠠᠷ᠎ᠢᠶᠠᠨ ᠪᠦᠷ ᠱᠢᠬᠠᠯᠳᠤᠵᠤ ᠪᠤᠯᠢᠶᠠᠯᠳᠤᠬᠤ ᠦᠭᠡᠢ᠂ ᠡᠮᠬᠢ ᠵᠢᠷᠤᠮ᠎ᠲᠠᠢ ᠪᠠᠢᠳᠠᠭ᠃ 《ᠤᠯᠤᠰ᠎ᠤᠨ ᠪᠠᠶᠠᠷ᠎ᠤᠨ ᠬᠤᠭᠤᠴᠠᠭᠠᠨ᠎ᠤ ᠠᠮᠤᠷ᠎ᠢ ᠬᠠᠮᠠᠭᠠᠯᠠᠬᠤ ᠠᠵᠢᠯ ᠨᠠᠮᠠᠶ᠋ᠢ ᠨᠡᠩ ᠤᠯᠠᠨ ᠬᠥᠮᠦᠨ ᠪᠣᠯᠤᠨ ᠤᠴᠢᠷ ᠶᠠᠪᠤᠳᠠᠯ᠎ᠲᠠᠢ ᠤᠢ᠍ᠢᠷᠠᠳᠤᠭᠤᠯᠵᠠᠢ᠂ ᠡᠳᠡᠭᠡᠷ᠎ᠨᠢ ᠨᠠᠳᠠ᠎ᠳᠤ ᠮᠠᠰᠢ ᠰᠠᠢᠨ ᠬᠢᠴᠢᠶᠡᠯ ᠣᠷᠣᠵᠠᠢ᠃ ᠬᠤᠢᠱᠢᠳᠠ᠎ᠶ᠋ᠢᠨ ᠠᠵᠢᠯ᠎ᠤᠨ ᠳᠤᠮᠳᠠ᠂ ᠪᠢ ᠡᠨᠡ ᠬᠦ᠌ ᠬᠠᠯᠠᠭᠤᠨ ᠰᠡᠳᠭᠢᠯᠭᠡ᠎ᠪᠠᠨ ᠢᠮᠠᠭ᠍ᠲᠠ ᠪᠠᠷᠢᠮᠲᠠᠯᠠᠵᠤ᠂ ᠠᠵᠢᠯ ᠨᠢᠭᠡ ᠪᠦᠷᠢ᠎ᠪᠠᠨ ᠱᠢᠷᠭᠠᠭᠤ ᠬᠢᠴᠢᠶᠡᠩᠭᠦᠢ᠎ᠪᠠᠷ ᠰᠠᠢᠲᠤᠷ ᠬᠢᠵᠦ᠍᠂ ᠵᠣᠪᠠᠭᠤᠷᠢ ᠵᠦᠳᠡᠭᠦᠷᠢ᠎ᠶ᠋ᠢ ᠳᠠᠭᠠᠭᠠᠵᠤ ᠴᠢᠳᠠᠬᠤ᠂ ᠵᠣᠷᠢᠭ᠍ᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠍ ᠴᠢᠳᠠᠬᠤ᠂ ᠴᠢᠳᠠᠮᠠᠭᠠᠢ ᠵᠢᠳᠬᠦᠯ ᠴᠢᠷᠮᠠᠢᠯᠭ᠎ᠠ᠎ᠲᠠᠢ ᠠᠷᠠᠳ᠎ᠤᠨ ᠴᠠᠭ᠍ᠳᠠᠭ᠎ᠠ ᠪᠤᠯᠵᠤ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠨᠤᠲᠤᠭ ᠤᠰᠤ ᠠᠷᠠᠳ ᠲᠦᠮᠡᠨ᠎ᠢᠶᠠᠨ ᠰᠠᠬᠢᠨ ᠬᠠᠮᠠᠭᠠᠯᠠᠨ᠎ᠠ》 ᠭᠡᠵᠤ ᠫᠠᠩ ᠰᠥᠩ ᠬᠡᠯᠡᠨ᠎ᠡ᠃