ᠲᠤᠭᠠᠴᠢᠯᠠᠭᠰᠠᠨ ᠠᠵᠤ ᠠᠬᠤᠢ ᠵᠢᠨ ᠬᠦᠭᠵᠢᠯᠳᠡ ᠵᠢᠨ ᠭᠤᠷᠮᠤᠰᠤᠨ ᠠᠢᠵᠠᠮ
2021-11-10 09:19:34
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠮᠠᠨ ᠎ᠤ ᠤᠯᠤᠰ᠎ᠤᠨ ᠤᠮᠠᠷᠠᠳᠦ ᠵᠢᠨ ᠬᠡᠪᠴᠢᠶᠠᠵᠢᠯ ᠵᠢᠡᠷ ᠬᠠᠮᠤᠭ ᠎ᠤᠨ ᠶᠡᠬᠡ᠂ ᠪᠤᠳᠤᠯᠭ᠎ᠠ ᠵᠢᠨ ᠴᠢᠳᠠᠪᠤᠷᠢ ᠪᠡᠷ ᠬᠠᠮᠤᠭ ᠎ᠤᠨ ᠴᠢᠩᠭ᠎ᠠ ᠳᠡᠭᠡᠳᠦ ᠴᠢᠳᠠᠪᠬᠢᠳᠦ ᠪᠤᠳᠤᠯᠭ᠎ᠠ ᠵᠢᠨ ᠤᠯᠠᠨ ᠨᠡᠢᠳᠡ ᠵᠢᠨ ᠦᠢᠯᠡᠴᠢᠯᠡᠭᠡᠨ ᠎ᠤ ᠳᠠᠪᠴᠠᠩ ᠪᠤᠯᠤᠨ ᠳᠤᠷᠤᠨᠠᠳᠠᠬᠢᠨ᠎ᠤ ᠬᠡᠳᠦ ᠺᠤᠮᠫᠢᠦ᠋ᠲᠧᠷ ᠎ᠤᠨ ᠳᠠᠪᠴᠠᠩ ᠬᠦᠬᠡᠬᠤᠳᠠᠨ᠎ᠠ ᠠᠰᠢᠡᠡᠯᠠᠯᠳᠠ ᠳ᠋ᠤ ᠤᠷᠤᠪᠠ᠃

ᠨᠢᠭᠡᠳᠦᠭᠡᠷ ᠮᠠᠰᠢᠨ ᠮᠧᠬᠠᠨᠢᠭ ᠎ᠤᠨ ᠪᠦᠯᠦᠭᠯᠡᠯ ᠺᠤᠮᠫᠠᠨᠢ ᠭᠤᠷᠪᠠᠨ ᠬᠡᠮᠵᠢᠯᠳᠤ ᠪᠤᠰᠤᠭ᠎ᠠ ᠴᠤᠭᠴᠠᠳᠤ ᠲᠦᠰᠦᠪᠯᠡᠯ᠎ᠤᠨ ᠤᠷ᠎ᠠ ᠮᠡᠷᠭᠡᠰᠢᠯ ᠪᠤᠯᠤᠨ ᠳᠠᠭᠤᠷᠢᠶᠠᠮᠠᠯ ᠪᠤᠳᠠᠳᠤ ᠠᠬᠤᠢ ᠵᠢᠨ ᠲᠦᠰᠦᠪᠯᠡᠯ ᠵᠡᠷᠭᠡ ᠤᠯᠠᠨ ᠲᠦᠷᠦᠯ ᠎ᠤᠨ ᠵᠠᠩᠬᠢᠯᠠᠭ᠎ᠠ ᠵᠢᠨ ᠮᠡᠷᠭᠡᠵᠢᠯ᠎ᠢ ᠰᠢᠪᠳᠤᠯᠵᠤ᠂ ᠤᠶᠤᠨᠳᠤ ᠦᠢᠯᠡᠳᠭᠡᠯ ᠎ᠤᠨ ᠳᠤᠮᠳᠠᠳᠤ ᠤᠯᠤᠰ ᠎ᠤᠨ ᠭᠤᠤᠯᠳᠠᠯᠭ᠎ᠠ ᠲᠠᠢ ᠲᠤᠷᠰᠢᠯᠳᠠ ᠵᠢᠨ ᠲᠠᠰᠤᠭ ᠪᠠᠢᠭᠤᠯᠬᠤ ᠵᠦᠪᠰᠢᠶᠡᠷᠡᠯ ᠎ᠢ  ᠤᠯᠪᠠ ᠃

ᠪᠤᠭᠤᠳᠤ ᠵᠢᠨ ᠬᠦᠩᠭᠡᠨ ᠴᠠᠭᠠᠨ ᠎ᠤ ᠠᠵᠤ ᠦᠢᠯᠡᠰ ᠎ᠤᠨ ᠪᠦᠯᠦᠭᠯᠡᠯ ᠺᠤᠮᠫᠠᠨᠢ ᠵᠢᠨ 5G+ ᠠᠵᠤ ᠦᠢᠯᠡᠳᠪᠤᠷᠢ ᠵᠢᠨ ᠢᠨᠲ᠋ᠧᠷ ᠰᠦᠯᠵᠢᠶ᠎ᠠ ᠨᠢᠭᠡᠨᠳᠡ ᠭᠤᠷᠪᠠᠳᠤᠭᠠᠷ ᠦᠶ᠎ᠠ ᠪᠤᠯᠵᠤ ᠂ ᠮᠡᠷᠭᠡᠵᠢᠯ ᠎ᠤᠨ ᠲᠦᠪᠰᠢᠨ ᠵᠢᠡᠷ ᠠᠵᠢᠯ ᠲᠦᠷᠦᠯ ᠎ᠤᠨ ᠬᠢᠨ᠎ᠳᠡᠭᠡᠨ ᠬᠤᠰᠢᠭᠤᠴᠢᠯᠠᠵᠤ ᠶᠠᠪᠤᠨ᠎ᠠ᠃

ᠤᠮᠠᠷᠠᠳᠦ ᠵᠢᠨ ᠬᠦᠨᠳᠤ ᠠᠵᠤ ᠦᠢᠯᠡᠳᠪᠤᠷᠢ ᠵᠢᠨ ᠪᠦᠯᠦᠭᠯᠡᠯ ᠺᠤᠮᠫᠠᠨᠢ ᠵᠢᠨ ᠰᠦᠯᠵᠢᠶᠠᠨ ᠎ᠤ ᠠᠮᠦᠷ ᠲᠦᠪᠰᠢᠨ᠎ᠤ ᠲᠦᠷᠦᠯ ᠵᠦᠢᠯ ᠤᠯᠤᠰ ᠎ᠤᠨ ᠠᠵᠤ ᠦᠢᠯᠡᠳᠪᠤᠷᠢ ᠪᠠ ᠮᠡᠳᠡᠭᠡ ᠵᠠᠩᠬᠢᠴᠢᠯᠠᠯᠳᠠ ᠵᠢᠨ ᠶᠠᠮᠤᠨ ᠎ᠤ ᠠᠵᠤ ᠦᠢᠯᠡᠳᠪᠤᠷᠢ ᠎ᠶᠢᠨ ᠢᠨᠲ᠋ᠧᠷ ᠰᠦᠯᠵᠢᠶᠠᠨ ᠎ᠤ ᠰᠢᠨ᠎ᠠ ᠵᠢ ᠡᠭᠦᠳᠬᠦ ᠬᠦᠭᠵᠢᠯᠳᠡ ᠎ᠶᠢᠨ ᠢᠨᠵᠧᠨᠧᠷᠢᠩ ᠳ᠋ᠤ ᠰᠤᠩᠭᠤᠭᠳᠠᠪᠠ ᠃

ᠬᠦᠬᠡᠬᠤᠳᠠ ᠵᠢᠨ 4G ᠳᠤᠬᠢᠶ᠎ᠠ ᠵᠢᠨ ᠪᠦᠷᠬᠦᠴᠡ 98% ᠳ᠋ᠤ ᠬᠦᠷᠴᠤ ᠂ 5G ᠵᠢᠨ 3214 ᠰᠠᠭᠤᠷᠢ ᠦᠷᠳᠡᠭᠡ ᠲᠠᠢ ᠪᠤᠯᠵᠤ᠂ ᠬᠤᠳᠠ ᠵᠢᠨ ᠲᠤᠭᠤᠷᠢᠭ ᠎ᠤᠨ ᠭᠤᠤᠯ ᠴᠢᠳᠠᠮᠵᠢ ᠵᠢᠨ ᠤᠷᠤᠨ ᠳ᠋ᠤ 5G ᠳᠤᠬᠢᠶ᠎ᠠ ᠵᠢ ᠦᠨᠳᠦᠰᠦᠨ᠎ᠳᠡᠭᠡᠨ ᠪᠦᠷᠭᠦᠬᠦᠯᠪᠡ ᠃

ᠪᠠᠶᠠᠡᠡᠤᠪᠤᠭ᠎ᠠ ᠵᠢᠨ ᠲᠡᠮᠦᠷ᠎ᠤᠨ ᠠᠭᠤᠷᠬᠠᠢ ᠦᠪᠡᠷᠳᠡᠭᠡᠨ ᠵᠠᠰᠠᠬᠤ ᠤᠷᠤᠨ᠎ᠤ ᠠᠰᠢᠡᠡᠯᠠᠯᠳᠠ ᠳ᠋ᠤ ᠤᠷᠤᠭᠰᠠᠨ ᠠᠩᠬᠠᠳᠠᠭᠴᠢ ᠤᠶᠤᠨᠴᠢ ᠠᠭᠤᠷᠬᠠᠢ ᠪᠤᠯᠵᠠᠢ ᠃

ᠤᠮᠠᠷᠠᠳᠦ ᠵᠢᠨ ᠬᠦᠨᠳᠤ ᠬᠡᠯᠪᠡᠷᠢ ᠵᠢᠨ ᠮᠠᠰᠢᠨ ᠲᠡᠷᠭᠡ ᠵᠢᠨ ᠬᠢᠵᠠᠭᠠᠷᠳᠦ ᠺᠤᠮᠫᠠᠨᠢ ᠵᠢᠨ ᠵᠢᠯᠤᠭᠤᠴᠢ ᠦᠭᠡᠢ ᠠᠭᠤᠷᠬᠠᠢ ᠵᠢᠨ ᠮᠠᠰᠢᠨ ᠨᠢ ᠦᠪᠡᠷᠳᠡᠭᠡᠨ ᠵᠠᠰᠠᠬᠤ ᠤᠷᠤᠨ ᠎ᠤ ᠤᠶᠤᠨᠴᠢᠯᠠᠭᠰᠠᠨ ᠠᠭᠤᠷᠬᠠᠢ ᠵᠢᠨ ᠮᠠᠰᠢᠨ ᠎ᠤ ᠰᠢᠨ᠎ᠠ ᠵᠢ ᠡᠭᠦᠳᠦᠭᠰᠡᠨ ᠪᠠᠢᠨ᠎ᠠ ᠃

    ᠁

ᠮᠠᠨ ᠎ᠤ ᠤᠷᠤᠨ ᠎ᠤ ᠲᠤᠭᠠᠴᠢᠯᠠᠭᠰᠠᠨ ᠠᠵᠤ ᠠᠬᠤᠢ ᠵᠢᠨ ᠬᠦᠭᠵᠢᠯᠳᠡ ᠵᠢᠨ ᠬᠢᠯᠡᠰ ᠴᠡᠭ ᠡᠳᠦᠢᠬᠡᠨ ᠵᠢᠡᠷ ᠵᠤᠭᠰᠤᠬᠤ ᠦᠬᠡᠢ ᠶᠤᠮ᠃ ᠦᠪᠡᠷᠳᠡᠭᠡᠨ ᠵᠠᠰᠠᠬᠤ ᠤᠷᠤᠨ ᠎ᠤ ᠨᠠᠮ ᠎ᠤᠨ ᠬᠤᠷᠢᠶ᠎ᠠ᠂ ᠵᠠᠰᠠᠭ ᠎ᠤᠨ ᠤᠷᠳᠤᠨ ᠲᠤᠭᠠᠴᠢᠯᠠᠭᠰᠠᠨ ᠠᠵᠤ ᠠᠬᠤᠢ ᠎ᠶᠢ ᠬᠦᠭᠵᠢᠭᠦᠯᠬᠦ ᠎ᠶᠢ ᠠᠵᠤ ᠠᠬᠤᠢ ᠨᠡᠢᠭᠡᠮ ᠎ᠤᠨ ᠬᠦᠭᠵᠢᠯᠳᠡ ᠎ᠶᠢᠨ ᠶᠠᠰᠤ ᠴᠢᠨᠠᠷ ᠎ᠢ ᠳᠡᠭᠡᠭᠰᠢᠯᠡᠭᠦᠯᠵᠦ ᠦᠷ᠎ᠠ ᠠᠰᠢᠭ ᠎ᠢ ᠨᠡᠮᠡᠭᠳᠡᠭᠦᠯᠬᠦ ᠵᠢᠨ ᠰᠢᠨ᠎ᠠ ᠬᠦᠳᠡᠯᠭᠡᠬᠦ ᠡᠨᠧᠷᠬᠢ᠂ ᠰᠢᠨ᠎ᠠ ᠬᠦᠳᠡᠯᠭᠡᠭᠦᠷ ᠪᠤᠯᠭᠠᠨ᠂ ᠲᠦᠷᠦ ᠵᠢᠨ ᠪᠤᠳᠤᠯᠭ᠎ᠠ ᠵᠢᠨ ᠪᠠᠳᠤᠯᠠᠭ᠎ᠠ ᠵᠢ ᠲᠠᠰᠤᠷᠠᠯᠳᠠ ᠦᠭᠡᠢ ᠰᠢᠯᠢᠳᠡᠭᠵᠢᠭᠦᠯᠦᠭᠰᠡᠨ ᠵᠢᠡᠷ ᠪᠦᠬᠦ ᠤᠷᠤᠨ ᠎ᠤ ᠲᠤᠭᠠᠴᠢᠯᠠᠭᠰᠠᠨ ᠠᠵᠤ ᠠᠬᠤᠢ ᠵᠢᠨ ᠬᠦᠭᠵᠢᠯᠳᠡ ᠳᠤᠭᠳᠠᠭᠤᠨ ᠎ᠤ ᠳᠤᠮᠳᠠ ᠰᠠᠢᠵᠢᠷᠠᠵᠤ᠂ ᠲᠤᠭᠠᠴᠢᠯᠠᠭᠰᠠᠨ ᠠᠵᠤ ᠠᠬᠤᠢ ᠬᠢᠭᠡᠳ ᠪᠤᠳᠠᠳᠤ ᠴᠤᠭᠴᠠ ᠵᠢᠨ ᠠᠵᠤ ᠠᠬᠤᠢ ᠵᠢᠨ ᠠᠭᠤᠰᠤᠯᠴᠠᠯ ᠲᠠᠰᠤᠷᠠᠯᠳᠠ ᠦᠭᠡᠢ ᠭᠦᠨᠵᠡᠭᠡᠢᠷᠡᠭᠰᠡᠨ ᠪᠠᠢᠨ᠎ᠠ ᠃

ᠲᠤᠭᠠᠴᠢᠯᠠᠭᠰᠠᠨ ᠰᠠᠭᠤᠷᠢ ᠲᠦᠬᠦᠭᠡᠷᠦᠮᠵᠢ ᠎ᠶᠢᠨ ᠪᠦᠲᠦᠭᠡᠨ ᠪᠠᠢᠭᠤᠯᠤᠯᠳᠠ ᠲᠦᠷᠭᠡᠳᠪᠠ

ᠡᠨᠡ ᠵᠢᠯ ᠎ᠤᠨ ᠲᠦᠷᠦᠭᠦᠦ ᠭᠤᠷᠪᠠᠨ ᠤᠯᠠᠷᠢᠯ ᠎ᠳᠤ ᠮᠠᠨ ᠎ᠤ ᠤᠷᠤᠨ 5G  ᠎ᠢ᠋ᠢᠨ 3500 ᠰᠠᠭᠤᠷᠢ ᠦᠷᠳᠡᠭᠡ ᠎ᠶᠢ ᠰᠢᠨ᠎ᠠ  ᠪᠡᠷ ᠪᠠᠢᠭᠤᠯᠵᠤ ᠂ 9 ᠰᠠᠷ᠎ᠠ ᠎ᠶᠢᠨ ᠰᠡᠭᠦᠯᠴᠢ ᠪᠤᠯᠬᠤ ᠎ᠳᠤ ᠪᠦᠬᠦ ᠤᠷᠤᠨ ᠎ᠳᠤ 1.81 ᠲᠦᠮᠡᠨ 5G ᠎ᠢ᠋ᠢᠨ ᠰᠠᠭᠤᠷᠢ ᠦᠷᠳᠡᠭᠡ  ᠲᠠᠢ ᠪᠤᠯᠵᠤ᠂ ᠪᠦᠬᠦ ᠤᠷᠤᠨ ᠎ᠤ ᠭᠡᠷᠡᠯᠯᠢᠭ ᠤᠳᠠᠰᠤᠨ ᠎ᠤ ᠤᠷᠳᠤ ᠎ᠶᠢᠨ ᠬᠡᠮᠵᠢᠶ᠎ᠠ 175.4 ᠲᠦᠮᠡᠨ ᠺᠢᠯᠤᠮᠧᠲᠷ  ᠲᠦ᠍ ᠬᠦᠷᠴᠤ ᠂ ᠮᠠᠨ ᠎ᠤ ᠤᠷᠤᠨ ᠎ᠤ ᠠᠩᠬᠠᠳᠠᠭᠴᠢ ᠤᠯᠠᠨ ᠤᠯᠤᠰ ᠎ᠤᠨ ᠢᠨᠲ᠋ᠧᠷ ᠰᠦᠯᠵᠢᠶᠡᠨ᠎ᠤ ᠳ᠋ᠠᠢᠲ᠋ᠠ ᠎ᠶᠢᠨ ᠲᠤᠰᠬᠠᠢ ᠨᠡᠪᠲᠡᠷᠡᠬᠦ ᠵᠠᠮ ᠎ᠤᠨ ᠪᠦᠲᠦᠭᠡᠨ ᠪᠠᠢᠭᠤᠯᠤᠯᠳᠠ ᠲᠦᠷᠭᠡᠰᠤᠨ ᠂ ᠪᠦᠬᠦ ᠤᠷᠤᠨ ᠎ᠤ ᠰᠦᠯᠵᠢᠶᠠᠨ ᠎ᠤ ᠰᠠᠭᠤᠷᠢ ᠲᠦᠬᠦᠭᠡᠷᠦᠮᠵᠢ ᠎ᠶᠢᠨ ᠪᠦᠲᠦᠭᠡᠨ ᠪᠠᠢᠭᠤᠯᠤᠯᠳᠠ ᠦᠷᠭᠦᠯᠵᠢᠯᠡᠨ ᠲᠡᠭᠦᠯᠳᠡᠷᠵᠢᠪᠡ ᠃

ᠭᠡᠷ ᠪᠦᠯᠢ ᠎ᠶᠢᠨ ᠤᠳᠠᠰᠤᠳᠤ ᠰᠦᠯᠵᠢᠶ᠎ᠠ ᠨᠡᠪᠳᠡᠷᠡᠭᠰᠡᠨ ᠨᠤᠷᠮ᠎ᠠ ᠪᠤᠯᠤᠨ ᠤᠳᠠᠰᠤ ᠦᠭᠡᠢ ᠰᠦᠯᠵᠢᠶ᠎ᠠ ᠨᠡᠪᠳᠡᠷᠡᠭᠰᠡᠨ ᠨᠤᠷᠮ᠎ᠠ ᠲᠤᠰ ᠪᠦᠷᠢ 72.2% ᠪᠠ 109.8%  ᠳ᠋ᠤ ᠬᠦᠷᠴᠤ ᠂ ᠪᠦᠷ ᠠᠳᠠᠯᠢ ᠪᠤᠰᠤ ᠬᠡᠮᠵᠢᠶ᠎ᠠ ᠪᠡᠷ ᠨᠡᠮᠡᠭᠳᠡᠨ ᠂ ᠪᠦᠬᠦ ᠤᠷᠤᠨ ᠎ᠤ ᠢᠨᠲ᠋ᠧᠷ ᠰᠦᠯᠵᠢᠶᠠᠨ ᠎ᠤ ᠲᠦᠭᠡᠮᠡᠯᠵᠢᠯᠳᠠ ᠎ᠶᠢᠨ ᠨᠤᠷᠮ᠎ᠠ ᠦᠷᠭᠦᠯᠵᠢᠯᠡᠨ ᠳᠡᠭᠡᠭᠰᠢᠯᠡᠪᠡ᠃ ᠬᠤᠷᠢᠨᠭᠡᠷ ᠰᠢᠨ᠎ᠠ ᠲᠤᠭᠤᠷᠢᠭ ᠎ᠤᠨ ᠳᠤᠮᠳᠠᠳᠤ ᠤᠯᠤᠰ ᠎ᠤᠨ ᠨᠡᠭᠦᠳᠡᠯ ᠬᠤᠯᠪᠤᠭ᠎ᠠ ᠪᠠ ᠳᠤᠮᠳᠠᠳᠤ ᠤᠯᠤᠰ ᠎ᠤᠨ ᠴᠠᠬᠢᠯᠭᠠᠨ ᠬᠤᠯᠪᠤᠭ᠎ᠠ ᠎ᠶᠢᠨ ᠳ᠋ᠠᠢᠲ᠋ᠠ ᠎ᠶᠢᠨ ᠲᠦᠪ ᠎ᠤᠨ ᠲᠦᠷᠦᠯ ᠵᠦᠢᠯ ᠎ᠤᠨ ᠪᠦᠲᠦᠭᠡᠨ ᠪᠠᠢᠭᠤᠯᠤᠯᠳᠠ ᠲᠦᠷᠭᠡᠰᠴᠤ ᠂ ᠤᠯᠠᠭᠠᠨᠴᠠᠪ ᠬᠤᠳᠠ ᠎ᠶᠢᠨ UCloud ᠡᠭᠦᠯᠡᠨ ᠪᠤᠳᠤᠯᠳᠠ ᠎ᠶᠢᠨ ᠲᠦᠪ ᠎ᠤᠨ ᠨᠢᠭᠡᠳᠦᠭᠡᠷ ᠬᠤᠭᠤᠴᠠᠭ᠎ᠠ ᠂ ᠬᠤᠸᠠ ᠸᠧᠢ ᠡᠭᠦᠯᠡᠨ ᠳ᠋ᠠᠢᠲ᠋ᠠ ᠎ᠶᠢᠨ ᠲᠦᠪ ᠵᠡᠷᠭᠡ ᠲᠦᠷᠦᠯ ᠵᠦᠢᠯ ᠤᠷᠢᠳ ᠬᠤᠵᠢᠳ ᠪᠠᠢᠭᠤᠯᠤᠭᠳᠠᠨ ᠠᠰᠢᠭᠯᠠᠯᠳᠠ ᠎ᠳᠤ ᠤᠷᠤᠵᠤ᠂ ᠪᠦᠬᠦ ᠤᠷᠤᠨ ᠎ᠤ ᠪᠠᠢᠭᠤᠯᠵᠤ ᠳᠠᠭᠤᠰᠤᠭᠰᠠᠨ ᠳ᠋ᠠᠢᠲ᠋ᠠ ᠎ᠶᠢᠨ ᠲᠦᠪ ᠎ᠤᠨ ᠦᠢᠯᠡᠴᠢᠯᠡᠭᠦᠷ 142 ᠲᠦᠮᠡᠨ ᠮᠠᠰᠢᠨ ᠎ᠢ ᠠᠴᠢᠶᠠᠯᠠᠬᠤ ᠴᠢᠳᠠᠪᠤᠷᠢ ᠲᠠᠢ ᠪᠤᠯᠵᠤ᠂ ᠬᠡᠷᠡᠭᠯᠡᠭᠡᠨ ᠎ᠤ ᠰᠠᠭᠤᠷᠢ ᠲᠦᠬᠦᠭᠡᠷᠦᠮᠵᠢ ᠎ᠶᠢᠨ ᠠᠴᠢᠶᠠᠯᠠᠬᠤ ᠴᠢᠳᠠᠪᠤᠷᠢ ᠯᠠᠪᠳᠠᠭᠤᠨ ᠵᠢᠡᠷ ᠳᠡᠭᠡᠭᠰᠢᠯᠡᠪᠡ ᠃

ᠲᠤᠭ᠎ᠠ ᠪᠠᠷᠢᠮᠳᠠ ᠎ᠶᠢᠨ ᠠᠵᠤ ᠦᠢᠯᠡᠰᠵᠢᠯᠳᠠ ᠯᠠᠪᠳᠠᠭᠤᠨ ᠎ᠢᠶᠡᠷ ᠬᠦᠭᠵᠢᠪᠠ

9 ᠰᠠᠷ᠎ᠠ ᠎ᠶᠢᠨ ᠰᠡᠭᠦᠯᠴᠢ ᠪᠤᠯᠳᠠᠯ᠎ᠠ ᠂ ᠪᠦᠬᠦ ᠤᠷᠤᠨ ᠎ᠤ ᠬᠡᠪᠴᠢᠶᠠᠵᠢᠯ ᠡᠴᠡ ᠳᠡᠭᠡᠭᠰᠢᠬᠢ ᠺᠤᠮᠫᠢᠦ᠋ᠲ᠋ᠧᠷ᠂ ᠴᠢᠮᠡᠭᠡ ᠨᠡᠪᠳᠡᠷᠡᠬᠦᠯᠭᠡ ᠪᠤᠯᠤᠨ ᠪᠤᠰᠤᠳ ᠡᠯᠧᠺᠲ᠋ᠷᠤᠨ ᠲᠦᠬᠦᠭᠡᠷᠦᠮᠵᠢ ᠦᠢᠯᠡᠳᠬᠦ ᠦᠢᠯᠡᠰ᠎ᠤᠨ ᠠᠵᠤ ᠠᠬᠤᠢᠯᠠᠯ 39 ᠪᠤᠯᠵᠤ᠂ ᠪᠡᠯᠡ ᠤᠷᠤᠭᠤᠯᠤᠯᠳᠠ 2.1 ᠳᠠᠬᠢᠨ ᠎ᠢᠶᠡᠷ ᠨᠡᠮᠡᠭᠳᠡᠨ᠂ 5494.5 ᠲᠦᠮᠡᠨ ᠰᠢᠷᠬᠡᠭ ᠡᠯᠧᠺᠲᠷᠤᠨ ᠲᠤᠨᠤᠭ ᠦᠢᠯᠡᠳᠪᠤᠷᠢᠯᠡᠵᠦ᠂ ᠡᠵᠡᠩᠨᠡᠯᠳᠡ ᠎ᠶᠢᠨ ᠤᠷᠤᠯᠭ᠎ᠠ ᠪᠠ ᠨᠡᠮᠡᠭᠳᠡᠯ ᠦᠷᠳᠡᠭ ᠲᠤᠰ ᠪᠦᠷᠢ ᠨᠢᠳᠤᠨᠤᠨ ᠎ᠤ ᠠᠳᠠᠯᠢ ᠬᠤᠭᠤᠴᠠᠭᠠᠨ ᠎ᠤ ᠬᠢ ᠡᠴᠡ 29.6% ᠪᠠ 22.7% ᠪᠡᠷ ᠨᠡᠮᠡᠭᠳᠡᠨ᠂ ᠡᠯᠧᠺᠲᠷᠤᠨ ᠮᠡᠳᠡᠭᠡ ᠵᠠᠩᠬᠢ ᠵᠢᠨ ᠦᠢᠯᠡᠳᠬᠦ ᠦᠢᠯᠡᠰ ᠨᠡᠯᠢᠶᠡᠳ ᠲᠦᠷᠭᠡᠨ ᠨᠡᠮᠡᠭᠳᠡᠯ ᠎ᠢ ᠪᠠᠳᠤᠯᠠᠪᠠ ᠃

ᠪᠦᠬᠦ ᠤᠷᠤᠨ ᠎ᠤ ᠬᠡᠪᠴᠢᠶᠠᠵᠢᠯ  ᠡᠴᠡ ᠳᠡᠭᠡᠭᠰᠢᠬᠢ ᠴᠠᠬᠢᠯᠭᠠᠨ ᠴᠢᠮᠡᠭᠡ ᠬᠤᠯᠪᠤᠭ᠎ᠠ᠂ ᠷᠠᠳᠢᠣ᠋ ᠲᠧᠯᠸᠢᠰ ᠪᠤᠯᠤᠨ ᠳᠠᠭᠠᠭᠤᠯᠢ ᠤᠳᠤᠨ ᠎ᠤ ᠳᠠᠮᠵᠢᠭᠤᠯᠭ᠎ᠠ  ᠵᠢᠨ ᠦᠢᠯᠡᠴᠢᠯᠡᠭᠡᠨ ᠎ᠤ ᠦᠢᠯᠡᠰ ᠎ᠤᠨ ᠡᠵᠡᠩᠨᠡᠯᠳᠡ ᠎ᠶᠢᠨ ᠤᠷᠤᠯᠭ᠎ᠠ ᠨᠢᠳᠤᠨᠤᠨ ᠎ᠤ ᠠᠳᠠᠯᠢ ᠬᠤᠭᠤᠴᠠᠭᠠᠨ ᠎ᠤ ᠬᠢ ᠡᠴᠡ 5.8% ᠪᠡᠷ ᠨᠡᠮᠡᠭᠳᠡᠵᠦ ᠂ ᠪᠦᠬᠦ ᠤᠷᠤᠨ ᠎ᠤ ᠴᠢᠮᠡᠭᠡ ᠨᠡᠪᠳᠡᠷᠡᠬᠦᠯᠭᠡ  ᠵᠢᠨ ᠦᠢᠯᠡᠰ ᠎ᠤᠨ ᠲᠤᠬᠠᠢᠯᠠᠭᠰᠠᠨ ᠠᠵᠢᠯ ᠎ᠤᠨ ᠶᠡᠷᠦᠩᠬᠡᠢ ᠬᠡᠮᠵᠢᠶ᠎ᠠ 210.6 ᠳ᠋ᠦᠩᠰᠢᠭᠤᠷ ᠲᠦᠭᠦᠷᠢᠭ  ᠲᠦ᠍ ᠬᠦᠷᠴᠤ ᠂ ᠨᠢᠳᠤᠨᠤᠨ ᠎ᠤ ᠠᠳᠠᠯᠢ ᠬᠤᠭᠤᠴᠠᠭᠠᠨ ᠎ᠤ᠋ ᠬᠢ ᠡᠴᠡ 22.1%  ᠪᠡᠷ ᠨᠡᠮᠡᠭᠳᠡᠪᠡ᠃ ᠪᠦᠬᠦ ᠤᠷᠤᠨ ᠎ᠤ ᠬᠡᠪᠴᠢᠶᠠᠵᠢᠯ ᠡᠴᠡ ᠳᠡᠭᠡᠭᠰᠢᠬᠢ ᠰᠤᠹᠲ ᠪᠠ ᠮᠡᠳᠡᠭᠡ ᠵᠠᠩᠬᠢ ᠵᠢᠨ ᠮᠡᠷᠭᠡᠵᠢᠯ᠎ᠤᠨ ᠦᠢᠯᠡᠴᠢᠯᠡᠭᠡᠨ ᠎ᠤ ᠦᠢᠯᠡᠰ ᠎ᠤᠨ ᠡᠵᠡᠩᠨᠡᠯᠳᠡ ᠎ᠶᠢᠨ ᠤᠷᠤᠯᠭ᠎ᠠ ᠨᠢᠳᠤᠨᠤᠨ ᠎ᠤ ᠠᠳᠠᠯᠢ ᠬᠤᠭᠤᠴᠠᠭᠠᠨ ᠎ᠤ ᠬᠢ ᠡᠴᠡ 30.5%  ᠪᠡᠷ ᠨᠡᠮᠡᠭᠳᠡᠵᠤ ᠂ ᠪᠦᠬᠦ ᠤᠷᠤᠨ ᠎ᠤ ᠬᠡᠪᠴᠢᠶᠠᠵᠢᠯ ᠡᠴᠡ ᠳᠡᠭᠡᠭᠰᠢᠬᠢ ᠢᠨᠲ᠋ᠧᠷ ᠰᠦᠯᠵᠢᠶ᠎ᠠ ᠪᠠ ᠬᠤᠯᠪᠤᠭᠳᠠᠯ ᠪᠦᠬᠦᠢ ᠦᠢᠯᠡᠴᠢᠯᠡᠭᠡᠨ ᠎ᠤ ᠦᠢᠯᠡᠰ ᠎ᠤᠨ ᠡᠵᠡᠩᠨᠡᠯᠳᠡ ᠵᠢᠨ ᠤᠷᠤᠯᠭ᠎ᠠ  ᠰᠦᠬᠡᠷᠬᠦ  ᠨᠡᠮᠡᠭᠳᠡᠯ  ᠲᠠᠢ  ᠪᠠᠢᠭᠰᠠᠨ ᠡᠴᠡ ᠪᠠᠨ  ᠡᠶᠡᠷᠬᠦ ᠨᠡᠮᠡᠭᠳᠡᠯ ᠲᠠᠢ  ᠪᠤᠯᠪᠠ᠃

ᠠᠵᠤ ᠦᠢᠯᠡᠰ ᠎ᠤᠨ ᠲᠤᠭᠠᠴᠢᠯᠠᠭᠰᠠᠨ ᠬᠦᠭᠵᠢᠯᠳᠡ ᠭᠦᠨᠵᠡᠭᠡᠢᠷᠡᠨ ᠦᠷᠭᠡᠵᠢᠪᠠ

ᠬᠦᠬᠡᠬᠤᠳᠠ᠂ ᠪᠠᠶᠠᠨᠨᠠᠭᠤᠷ ᠂ ᠬᠦᠯᠦᠨ ᠪᠤᠢᠷ ᠵᠡᠷᠭᠡ ᠠᠢᠮᠠᠭ ᠬᠤᠳᠠ ᠢᠨᠲ᠋ᠧᠷ ᠰᠦᠯᠵᠢᠶ᠎ᠠ᠂ ᠪᠠᠷᠠᠭᠠᠨ᠎ᠤ ᠰᠦᠯᠵᠢᠶ᠎ᠠ ᠵᠡᠷᠭᠡ ᠮᠡᠷᠭᠡᠵᠢᠯ ᠎ᠳᠤ ᠲᠦᠰᠢᠭᠯᠡᠨ ᠤᠶᠤᠨᠳᠤ ᠲᠠᠷᠢᠶᠠᠯᠠᠩ᠂ ᠲᠤᠭᠠᠴᠢᠯᠠᠭᠰᠠᠨ ᠲᠠᠷᠢᠶᠠᠯᠠᠩ᠎ᠤᠨ ᠲᠠᠯᠠᠪᠠᠢ ᠵᠡᠷᠭᠡ ᠲᠦᠷᠦᠯ ᠵᠦᠢᠯ᠎ᠤᠨ ᠪᠦᠲᠦᠭᠡᠨ ᠪᠠᠢᠭᠤᠯᠤᠯᠳᠠ ᠎ᠶᠢ ᠢᠳᠡᠪᠬᠢᠳᠠᠢ ᠠᠬᠢᠭᠤᠯᠤᠨ ᠂ ᠮᠠᠯ ᠠᠵᠤ ᠠᠬᠤᠢ ᠲᠠᠷᠢᠶᠠᠯᠠᠩ ᠎ᠤᠨ ᠪᠦᠬᠦ ᠠᠵᠤ ᠦᠢᠯᠡᠰ ᠎ᠤᠨ ᠬᠡᠯᠬᠢᠶ᠎ᠠ  ᠳ᠋ᠤ ᠲᠤᠭᠠᠴᠢᠯᠠᠭᠰᠠᠨ ᠠᠵᠤ ᠠᠬᠤᠢ ᠵᠢᠨ ᠳᠠᠪᠴᠠᠩ ᠎ᠢ ᠪᠠᠢᠭᠤᠯᠵᠤ ᠂ ᠲᠦᠷᠦᠯ ᠵᠤᠢᠯ ᠎ᠤᠨ ᠤᠷᠤᠨ ᠳ᠋ᠤ ᠤᠨᠤᠴᠠᠳᠠᠢ ᠪᠡᠷ ᠤᠰᠤᠯᠠᠬᠤ ᠂ ᠤᠨᠤᠴᠠᠳᠠᠢ ᠪᠡᠷ ᠪᠤᠷᠳᠤᠭᠤᠷ ᠤᠷᠤᠭᠤᠯᠬᠤ ᠂ ᠤᠨᠤᠴᠠᠳᠠᠢ ᠪᠡᠷ ᠠᠷᠠᠴᠢᠯᠠᠨ ᠳᠡᠵᠢᠭᠡᠬᠦ ᠵᠢ ᠪᠡᠶᠡᠯᠡᠭᠦᠯᠦᠨ ᠂ ᠮᠠᠯ ᠠᠵᠤ ᠠᠬᠤᠢ ᠲᠠᠷᠢᠶᠠᠯᠠᠩ᠎ᠤᠨ ᠦᠢᠯᠡᠳᠪᠤᠷᠢᠯᠡᠯ ᠡᠵᠡᠩᠨᠡᠯᠳᠡ ᠵᠢᠨ ᠤᠶᠤᠨᠴᠢᠯᠠᠭᠰᠠᠨ᠂ ᠲᠤᠭᠠᠴᠢᠯᠠᠭᠰᠠᠨ ᠬᠡᠯᠪᠡᠷᠢ ᠵᠢᠨ ᠦᠭᠡᠷᠡᠴᠢᠯᠡᠯᠳᠡ ᠎ᠶᠢᠨ ᠤᠨᠴᠠᠯᠢᠭ ᠲᠤᠪᠤᠢᠮ᠎ᠠ ᠪᠠᠢᠵᠤ᠂ ᠠᠵᠤ ᠦᠢᠯᠡᠰ ᠎ᠤᠨ ᠳᠡᠭᠡᠳᠦ ᠳᠡᠰᠵᠢᠭᠰᠡᠨ ᠂ ᠲᠤᠭᠠᠴᠢᠯᠠᠭᠰᠠᠨ ᠂ ᠤᠶᠤᠨᠴᠢᠯᠠᠭᠰᠠᠨ ᠬᠠᠨᠳᠤᠰᠢ ᠨᠡᠩ ᠢᠯᠡᠷᠬᠡᠢ ᠪᠤᠯᠪᠠ᠃

《ᠦᠪᠦᠷ ᠮᠤᠩᠭᠤᠯ ᠎ᠤᠨ ᠦᠪᠡᠷᠳᠡᠭᠡᠨ ᠵᠠᠰᠠᠬᠤ ᠤᠷᠤᠨ ᠎ᠤ ᠠᠵᠤ ᠦᠢᠯᠡᠳᠪᠤᠷᠢ ᠵᠢᠨ ᠲᠤᠭᠠᠴᠢᠯᠠᠭᠰᠠᠨ ᠬᠡᠯᠪᠡᠷᠢ ᠎ᠶᠢᠨ ᠦᠭᠡᠷᠡᠴᠢᠯᠡᠯᠳᠡ ᠎ᠶᠢᠨ ᠬᠡᠷᠡᠭᠵᠢᠭᠦᠯᠬᠦ ᠲᠦᠰᠦᠯ(2021 — 2025)》 ᠢ᠋ ᠳᠠᠷᠤᠮᠠᠯᠯᠠᠨ ᠲᠠᠷᠬᠠᠭᠠᠵᠤ ᠂ ᠪᠦᠬᠦ ᠤᠷᠤᠨ ᠎ᠤ 1.8 ᠲᠦᠮᠡᠨ ᠠᠵᠤ ᠠᠬᠤᠢᠯᠠᠯ ᠡᠭᠦᠯᠡᠨ ᠳᠠᠪᠴᠠᠩ ᠎ᠳᠤ ᠭᠠᠷᠴᠤ ᠂ ᠮᠡᠳᠡᠭᠡ ᠵᠠᠩᠬᠢᠴᠢᠯᠠᠯᠳᠠ ᠪᠠ ᠠᠵᠤ ᠦᠢᠯᠡᠳᠪᠤᠷᠢᠵᠢᠯᠳᠠ ᠎ᠶᠢ ᠠᠭᠤᠰᠤᠯᠴᠠᠭᠤᠯᠤᠨ ᠬᠦᠭᠵᠢᠭᠦᠯᠦᠭᠰᠡᠨ ᠶᠡᠷᠦᠩᠬᠡᠢ ᠲᠦᠪᠰᠢᠨ 51% ᠳ᠋ᠤ ᠬᠦᠷᠴᠤ ᠂ ᠲᠤᠭᠠᠴᠢᠯᠠᠭᠰᠠᠨ ᠰᠤᠳᠤᠯᠭᠠᠨ ᠪᠠ ᠲᠦᠰᠦᠪᠯᠡᠯ ᠎ᠤᠨ ᠪᠠᠭᠠᠵᠢ ᠬᠡᠷᠡᠭᠰᠡᠯ ᠎ᠢ ᠲᠦᠭᠡᠮᠡᠯᠵᠢᠭᠦᠯᠦᠭᠰᠡᠨ ᠨᠤᠷᠮ᠎ᠠ ᠪᠠ ᠵᠠᠩᠬᠢᠯᠠᠭ᠎ᠠ ᠵᠢᠨ ᠠᠵᠢᠯ ᠎ᠤᠨ ᠶᠠᠪᠤᠴᠠ ᠎ᠳᠤ ᠲᠤᠭᠠᠴᠢᠯᠠᠭᠰᠠᠨ ᠡᠵᠡᠮᠰᠢᠯ ᠬᠢᠭᠰᠡᠨ ᠨᠤᠷᠮ᠎ᠠ ᠲᠤᠰ ᠪᠦᠷᠢ 61.9% ᠪᠠ 56.4%  ᠳ᠋ᠤ ᠬᠦᠷᠪᠡ ᠃ 9 ᠰᠠᠷ᠎ᠠ ᠎ᠶᠢᠨ ᠰᠡᠭᠦᠯᠴᠢ ᠪᠤᠯᠳᠠᠯ᠎ᠠ ᠂ ᠦᠪᠡᠷᠳᠡᠭᠡᠨ ᠵᠠᠰᠠᠬᠤ ᠤᠷᠤᠨ ᠎ᠤ ᠳᠡᠰ ᠵᠢᠴᠢ ᠦᠪᠡᠷᠳᠡᠭᠡᠨ ᠵᠠᠰᠠᠬᠤ ᠤᠷᠤᠨ ᠎ᠤ ᠳᠡᠰ  ᠡᠴᠡ ᠳᠡᠭᠡᠭᠰᠢᠬᠢ ᠠᠵᠤ ᠦᠢᠯᠡᠳᠪᠤᠷᠢ ᠎ᠶᠢᠨ ᠢᠨᠲ᠋ᠧᠷ ᠰᠦᠯᠵᠢᠶᠠᠨ ᠎ᠤ ᠳᠠᠪᠴᠠᠩ ᠎ᠢ 11 ᠪᠠᠢᠭᠤᠯᠤᠭᠰᠠᠨ ᠪᠦᠭᠡᠳ ᠳᠠᠬᠢᠨ 5 ᠎ᠢ᠋ᠢ ᠪᠠᠢᠭᠤᠯᠬᠤ ᠪᠡᠷ ᠴᠢᠷᠮᠠᠢᠵᠤ ᠪᠠᠢᠨ᠎ᠠ ; 24 ᠲᠤᠭᠠᠴᠢᠯᠠᠭᠰᠠᠨ ᠦᠢᠯᠡᠳᠪᠤᠷᠢ ᠎ᠶᠢᠨ ᠲᠠᠰᠤᠭ ᠎ᠢ ᠪᠠᠢᠭᠤᠯᠵᠤ ᠂ 25 ᠤᠶᠤᠨᠴᠢᠯᠠᠭᠰᠠᠨ ᠦᠢᠯᠡᠳᠪᠤᠷᠢ ᠵᠢ ᠪᠠᠢᠭᠤᠯᠵᠤ ᠂ ᠤᠯᠠᠮᠵᠢᠯᠠᠯᠳᠦ ᠠᠵᠤ ᠦᠢᠯᠡᠳᠪᠤᠷᠢ ᠎ᠶᠢᠨ ᠠᠵᠤ ᠠᠬᠤᠢᠯᠠᠯ ᠎ᠤᠨ ᠲᠤᠭᠠᠴᠢᠯᠠᠭᠰᠠᠨ  ᠬᠡᠯᠪᠡᠷᠢ ᠎ᠶᠢᠨ ᠦᠭᠡᠷᠡᠴᠢᠯᠡᠯᠳᠡ ᠎ᠶᠢ ᠲᠦᠷᠭᠡᠳᠭᠡᠨ᠂ ᠠᠵᠤ ᠦᠢᠯᠡᠳᠪᠤᠷᠢ ᠎ᠶᠢᠨ ᠳᠡᠭᠡᠳᠦ ᠳᠡᠰᠵᠢᠭᠰᠡᠨ᠂ ᠲᠤᠭᠠᠴᠢᠯᠠᠭᠰᠠᠨ᠂ ᠤᠶᠤᠨᠴᠢᠯᠠᠭᠰᠠᠨ ᠬᠦᠭᠵᠢᠯᠳᠡ ᠎ᠶᠢᠨ ᠲᠦᠪᠰᠢᠨ ᠯᠠᠪᠳᠠᠭᠤᠨ ᠎ᠢᠶᠡᠷ ᠳᠡᠭᠡᠭᠰᠢᠯᠡᠪᠡ ᠃

 ᠡᠯᠧᠺᠲᠷᠤᠨ ᠬᠤᠳᠠᠯᠳᠤᠭ᠎ᠠ ᠂ ᠰᠦᠯᠵᠢᠶᠠᠨ ᠎ᠤ ᠮᠤᠳ᠋ ᠠᠵᠤ ᠠᠬᠤᠢ ᠵᠡᠷᠭᠡ ᠰᠢᠨ᠎ᠠ ᠡᠵᠡᠩᠨᠡᠯᠳᠡ ᠎ᠶᠢᠨ ᠬᠡᠯᠪᠡᠷᠢ ᠲᠦᠷᠭᠡᠨ ᠬᠦᠭᠵᠢᠵᠦ ᠂ ᠲᠦᠷᠦᠭᠦᠦ ᠭᠤᠷᠪᠠᠨ ᠤᠯᠠᠷᠢᠯ ᠎ᠳᠤ ᠪᠦᠬᠦ ᠤᠷᠤᠨ ᠎ᠤ ᠪᠤᠳᠠᠳᠤ ᠲᠠᠸᠠᠷ ᠎ᠤᠨ ᠰᠦᠯᠵᠢᠶ᠎ᠠ ᠪᠡᠷ ᠵᠢᠵᠢᠭᠯᠡᠨ ᠪᠤᠷᠤᠯᠠᠭᠤᠯᠤᠭᠰᠠᠨ ᠬᠡᠮᠵᠢᠶ᠎ᠠ 216.2 ᠳ᠋ᠦᠩᠰᠢᠭᠤᠷ ᠲᠦᠭᠦᠷᠢᠭ  ᠲᠦ᠍ ᠬᠦᠷᠴᠤ ᠂ ᠨᠢᠳᠤᠨᠤᠨ ᠎ᠤ ᠠᠳᠠᠯᠢ ᠬᠤᠭᠤᠴᠠᠭᠠᠨ ᠎ᠤ ᠬᠢ  ᠡᠴᠡ 23.9% ᠎ᠪᠡᠷ ᠨᠡᠮᠡᠭᠳᠡᠪᠡ ;  ᠬᠢᠵᠠᠭᠠᠷᠯᠠᠯ  ᠡᠴᠡ ᠳᠡᠭᠡᠭᠰᠢᠬᠢ ᠪᠠᠢᠭᠤᠯᠭ᠎ᠠ ᠨᠢᠭᠡᠴᠢ ᠎ᠶᠢᠨ ᠤᠯᠠᠨ ᠨᠡᠢᠳᠡ ᠎ᠶᠢᠨ ᠰᠦᠯᠵᠢᠶ᠎ᠠ  ᠪᠡᠷ ᠳᠠᠮᠵᠢᠨ ᠪᠡᠶᠡᠯᠡᠭᠦᠯᠦᠭᠰᠡᠨ ᠲᠠᠸᠠᠷ ᠎ᠤᠨ ᠵᠢᠵᠢᠭᠯᠡᠨ ᠪᠤᠷᠤᠯᠠᠭᠤᠯᠤᠭᠰᠠᠨ ᠬᠡᠮᠵᠢᠶ᠎ᠠ 51.6%  ᠪᠡᠷ ᠨᠡᠮᠡᠭᠳᠡᠪᠡ ᠃ 9 ᠰᠠᠷ᠎ᠠ ᠎ᠶᠢᠨ ᠰᠡᠭᠦᠯᠴᠢ ᠪᠤᠯᠳᠠᠯ᠎ᠠ ᠂ ᠪᠦᠬᠦ ᠤᠷᠤᠨ ᠎ᠤ  ᠬᠢᠨ 5.3 ᠲᠦᠮᠡᠨ ᠤᠳᠠᠭ᠎ᠠ ᠎ᠶᠢᠨ ᠲᠤᠤ ᠪᠤᠤ ᠎ᠶᠢᠨ ᠰᠢᠭᠤᠳ ᠨᠡᠪᠳᠡᠷᠡᠭᠦᠯᠭᠡ ᠬᠢᠵᠦ ᠂ ᠬᠡᠷᠡᠭᠯᠡᠭᠴᠢ ᠎ᠶᠢ 1.44 ᠳ᠋ᠦᠩᠰᠢᠭᠤᠷ ᠤᠳᠠᠭ᠎ᠠ ᠳᠠᠳᠠᠵᠤ ᠰᠢᠭᠤᠳ ᠨᠡᠪᠳᠡᠷᠡᠭᠦᠯᠭᠡ ᠦᠵᠡᠭᠦᠯᠦᠭᠰᠡᠨ ᠪᠠᠢᠨ᠎ᠠ ᠃ ᠬᠤᠷᠢᠨᠭᠡᠷ ᠰᠢᠨ᠎ᠠ ᠲᠤᠭᠤᠷᠢᠭ ᠎ᠤᠨ ᠬᠢᠯᠢ ᠠᠯᠤᠰᠯᠠᠭᠰᠠᠨ ᠡᠯᠧᠺᠲᠷᠤᠨ ᠬᠤᠳᠠᠯᠳᠤᠭᠠᠨ ᠎ᠤ 《ᠬᠤᠶᠠᠷ ᠳᠠᠪᠴᠠᠩ ᠵᠢᠷᠭᠤᠭᠠᠨ ᠰᠢᠰᠲ᠋ᠧᠮ》 ᠤ᠋ᠨ ᠦᠢᠯᠡᠴᠢᠯᠡᠭᠡᠨ ᠎ᠤ ᠴᠢᠳᠠᠪᠬᠢ ᠲᠠᠰᠤᠷᠠᠯᠳᠠ ᠦᠭᠡᠢ ᠰᠠᠢᠵᠢᠷᠠᠨ᠂ 9 ᠰᠠᠷ᠎ᠠ ᠎ᠶᠢᠨ ᠰᠡᠭᠦᠯᠴᠢ ᠪᠤᠯᠳᠠᠯ᠎ᠠ 88.9 ᠲᠦᠮᠡᠨ ᠬᠤᠪᠢ ᠬᠢᠯᠢ ᠠᠯᠤᠰᠯᠠᠭᠰᠠᠨ ᠡᠯᠧᠺᠲᠷᠤᠨ ᠠᠷᠠᠯᠵᠢᠶ᠎ᠠ ᠬᠤᠳᠠᠯᠳᠤᠭᠠᠨ ᠎ᠤ ᠵᠠᠬᠢᠶᠠᠯᠠᠭ᠎ᠠ ᠵᠢᠨ ᠬᠠᠭᠤᠳᠠᠰᠤ ᠵᠢ ᠪᠡᠶᠡᠯᠡᠭᠦᠯᠵᠦ ᠂ ᠠᠷᠠᠯᠵᠢᠶᠠᠨ ᠎ᠤ ᠬᠡᠮᠵᠢᠶ᠎ᠠ 1.1 ᠳ᠋ᠦᠩᠰᠢᠭᠤᠷ ᠲᠦᠭᠦᠷᠢᠭ  ᠲᠦ᠍ ᠬᠦᠷᠴᠤ ᠂ ᠪᠦᠬᠦ ᠤᠷᠤᠨ ᠎ᠤ ᠬᠢᠯᠢ ᠠᠯᠤᠰᠯᠠᠭᠰᠠᠨ ᠡᠯᠧᠺᠲᠷᠤᠨ ᠠᠷᠠᠯᠵᠢᠶ᠎ᠠ ᠬᠤᠳᠠᠯᠳᠤᠭᠠᠨ ᠎ᠤ ᠶᠡᠷᠦᠩᠬᠡᠢ ᠬᠡᠮᠵᠢᠶᠠᠨ ᠎ᠤ 95% ᠵᠢ ᠡᠵᠡᠯᠡᠭᠰᠡᠨ ᠪᠠᠢᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6659832

ᠢᠮᠧᠯ᠄tn@mgyxw.net   蒙ICP备10000005号