ᠦᠪᠡᠷᠳᠡᠭᠡᠨ ᠵᠠᠰᠠᠬᠤ ᠤᠷᠤᠨ ᠎ᠦ ᠠᠮᠤ ᠪᠤᠳᠠᠭ᠎ᠠ ᠪᠠ ᠡᠳ᠋ ᠪᠤᠳᠠᠰ ᠨᠥᠭᠡᠴᠡᠯᠡᠬᠦ ᠳᠤᠪᠴᠢᠶ᠎ᠠ ᠡᠯ᠎ᠡ ᠲᠥᠷᠥᠯ ᠎ᠦᠨ ᠪᠠᠴᠢᠮ ᠪᠠᠢᠳᠠᠯ ᠎ᠢ ᠠᠷᠭᠠᠴᠠᠭᠠᠬᠤ ᠡᠳ᠋ ᠪᠣᠳᠠᠰ ᠎ᠢ 106 ᠲᠦᠮᠡ ᠭᠠᠷᠤᠢ ᠬᠤᠪᠢ ᠱᠢᠯᠵᠢᠭᠦᠯᠦᠨ ᠲᠣᠬᠢᠷᠠᠭᠤᠯᠪᠠ
2021-11-10 10:00:35
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

ᠡᠨᠡ ᠵᠢᠯ᠎ᠡᠴᠡ ᠨᠡᠭᠠᠱᠢ᠂ ᠥᠪᠡᠷᠲᠡᠭᠡᠨ ᠵᠠᠰᠠᠬᠤ ᠣᠷᠣᠨ ᠎ᠦ ᠠᠮᠤ ᠪᠤᠳᠠᠭ᠎ᠠ ᠪᠠ ᠡᠳ᠋ ᠪᠤᠳᠠᠰ ᠨᠥᠭᠡᠴᠡᠯᠡᠬᠦ ᠲᠣᠪᠴᠢᠶ᠎ᠠ ᠡᠯ᠎ᠡ ᠲᠥᠷᠥᠯ ᠎ᠦᠨ ᠪᠠᠴᠢᠮ ᠪᠠᠢᠳᠠᠯ ᠎ᠢ ᠠᠷᠭᠠᠴᠠᠭᠠᠬᠤ ᠡᠳ᠋ ᠪᠣᠳᠠᠰ ᠎ᠢ 106 ᠲᠦᠮᠡ ᠭᠠᠷᠤᠢ ᠬᠤᠪᠢ ᠱᠢᠯᠵᠢᠭᠦᠯᠦᠨ ᠲᠣᠬᠢᠷᠠᠭᠤᠯᠵᠤ᠂ ᠪᠦᠬᠦ ᠣᠷᠣᠨ ᠎ᠦ ᠬᠦᠨᠳᠦ ᠶᠡᠬᠡ ᠭᠡᠨᠡᠳᠲᠡ ᠵᠢᠨ ᠬᠡᠷᠡᠭ ᠪᠠ ᠪᠠᠴᠢᠮ ᠪᠠᠢᠳᠠᠯ ᠎ᠢ ᠠᠷᠭᠠᠴᠠᠭᠠᠬᠤ ᠭᠠᠮᠱᠢᠭ ᠡᠴᠡ ᠠᠪᠤᠷᠬᠠᠤ ᠠᠵᠢᠯ ᠪᠤᠯᠤᠨ ᠡᠮᠴᠢᠯᠡᠭᠡᠨ᠎ᠦ᠌ ᠡᠳ᠋ ᠪᠣᠳᠠᠰ᠎ᠤ᠋ᠨ ᠨᠥᠭᠡᠴᠡᠯᠡᠯᠲᠡ ᠳ᠋ᠤ ᠪᠠᠲᠤᠯᠠᠭ᠎ᠠ ᠬᠠᠩᠭᠠᠨ ᠳᠡᠮᠵᠢᠯᠭᠡ ᠵᠢᠨ ᠬᠦᠴᠦᠨ᠎ᠲᠡᠢ ᠪᠠᠢᠬᠤ ᠵᠢ ᠦᠨᠡᠨ ᠬᠦ᠌ ᠪᠠᠲᠤᠯᠠᠪᠠ ᠃

ᠪᠠᠴᠢᠮ ᠪᠠᠢᠳᠠᠯ᠎ᠢ ᠠᠷᠭᠠᠴᠠᠭᠠᠬᠤ ᠭᠠᠮᠱᠢᠭ ᠡᠴᠡ ᠠᠪᠤᠷᠠᠬᠤ ᠡᠳ᠋ ᠪᠣᠳᠠᠰ᠎ᠢ ᠨᠥᠭᠡᠴᠡᠯᠡᠬᠦ ᠲᠠᠯ᠎ᠠ ᠪᠡᠷ᠂ ᠠᠮᠤ ᠪᠤᠳᠠᠭ᠎ᠠ ᠪᠣᠯᠤᠨ ᠡᠳ᠋ ᠪᠤᠳᠠᠰ ᠎ᠦᠨ ᠨᠥᠭᠡᠴᠡᠯᠡᠯᠲᠡ ᠵᠢᠨ ᠰᠠᠯᠠᠭ᠎ᠠ ᠮᠥᠴᠢᠷ ᠎ᠤᠨ ᠬᠢᠨ ᠣᠳᠣ ᠪᠠᠢᠭ᠎ᠠ ᠥᠪᠡᠷᠲᠡᠭᠡᠨ ᠵᠠᠰᠠᠬᠤ ᠣᠷᠣᠨ ᠎ᠦ ᠲᠤᠰ ᠱᠠᠲᠤᠨ ᠎ᠦ ᠭᠠᠮᠱᠢᠭ ᠠ᠋ᠴᠠ ᠠᠪᠤᠷᠠᠬᠤ ᠨᠥᠭᠡᠴᠡᠯᠡᠯᠲᠡ ᠵᠢᠨ ᠡᠳ᠋ ᠪᠣᠳᠠᠰ᠎ᠤ᠋ᠨ 3 ᠨᠥᠭᠡᠴᠡᠯᠡᠯᠲᠡ ᠵᠢᠨ ᠴᠡᠭ ᠎ᠢ ᠲᠡᠭᠦᠯᠳᠡᠷᠵᠢᠭᠦᠯᠵᠦ ᠂ ᠭᠠᠮᠱᠢᠭ ᠡᠴᠡ ᠠᠪᠤᠷᠠᠬᠤ ᠡᠳ᠋ ᠪᠣᠳᠠᠰ ᠎ᠢ ᠨᠡᠢᠲᠡ 23 ᠲᠥᠷᠥᠯ ᠎ᠦᠨ 22.51 ᠲᠦᠮᠡ ᠭᠠᠷᠤᠢ ᠬᠤᠪᠢ ᠬᠠᠳᠠᠭᠠᠯᠠᠵᠤ᠂ ᠥᠪᠡᠷᠲᠡᠭᠡᠨ ᠵᠠᠰᠠᠬᠤ ᠣᠷᠣᠨ᠎ᠦ ᠪᠠᠴᠢᠮ ᠪᠠᠢᠳᠠᠯ ᠎ᠢ ᠠᠷᠭᠠᠴᠠᠭᠠᠬᠤ ᠬᠠᠮᠢᠶᠠᠷᠤᠯᠲᠠ ᠵᠢᠨ ᠲᠢᠩᠬᠢᠮ ᠎ᠦᠨ ᠱᠢᠯᠵᠢᠭᠦᠯᠦᠨ ᠥᠭᠬᠦ ᠮᠡᠳᠡᠭᠳᠡᠯ ᠎ᠢ ᠦᠨᠳᠦᠰᠦᠯᠡᠨ ᠴᠠᠭ ᠲᠤᠬᠠᠢ᠎ᠳ᠋ᠤᠨᠢ ᠵᠣᠬᠢᠶᠠᠨ ᠪᠠᠢᠭᠤᠯᠵᠤ ᠱᠢᠯᠵᠢᠭᠦᠯᠦᠨ ᠲᠡᠭᠡᠭᠡᠪᠦᠷᠢᠯᠡᠬᠦ ᠳ᠋ᠤ ᠪᠡᠯᠡᠬᠡᠨ ᠪᠤᠯᠭᠠᠪᠠ ᠃

ᠡᠮᠴᠢᠯᠡᠬᠡᠨ ᠎ᠤ ᠡᠳ᠋ ᠪᠣᠳᠠᠰ ᠎ᠢ ᠨᠥᠭᠡᠴᠡᠯᠡᠬᠦ ᠲᠠᠯ᠎ᠠ ᠪᠡᠷ ᠂ ᠥᠪᠡᠷᠲᠡᠭᠡᠨ ᠵᠠᠰᠠᠬᠤ ᠣᠷᠣᠨ ᠎ᠦ ᠱᠢᠨ᠎ᠡ ᠲᠢᠲᠢᠮᠯᠢᠭ ᠠᠭᠤᠰᠭᠢᠨ ᠦᠷᠪᠢᠰᠦᠯ ᠎ᠦᠨ ᠬᠢᠵᠢᠭ ᠎ᠦᠨ ᠪᠠᠢᠳᠠᠯ ᠎ᠢ ᠰᠡᠷᠭᠡᠢᠯᠡᠨ ᠡᠵᠡᠮᠳᠡᠬᠦ ᠠᠵᠢᠯ᠎ᠤᠨ ᠵᠢᠯᠣᠭᠣᠳᠬᠤ ᠭᠠᠵᠠᠷ᠎ᠤ᠋ᠨ ᠡᠳ᠋ ᠪᠣᠳᠠᠰ᠎ᠤ᠋ᠨ ᠪᠠᠲᠤᠯᠠᠭ᠎ᠠ ᠵᠢᠨ ᠳᠤᠭᠤᠢᠯᠠᠩ ᠪᠣᠯᠤᠨ ᠥᠪᠡᠷᠲᠡᠭᠡᠨ ᠵᠠᠰᠠᠬᠤ ᠣᠷᠣᠨ ᠎ᠦ ᠡᠷᠡᠭᠦᠯ ᠬᠠᠮᠠᠭᠠᠯᠠᠯ ᠡᠷᠡᠭᠦᠯ ᠮᠡᠨᠳᠦ ᠵᠢᠨ ᠵᠥᠪᠯᠡᠯ ᠎ᠦᠨ ᠪᠠᠭᠤᠯᠭᠠᠭᠰᠠᠨ ᠣᠨ ᠎ᠦ ᠨᠥᠭᠡᠴᠡᠯᠡᠬᠦ ᠲᠥᠯᠥᠪᠯᠡᠭᠡ ᠶᠣᠰᠣᠭᠠᠷ᠂ 11 ᠲᠥᠷᠥᠯ ᠎ᠦᠨ 1750 ᠭᠠᠷᠤᠢ ᠵᠤᠢᠯ᠎ᠦᠨ ᠡᠮᠴᠢᠯᠡᠬᠡᠨ᠎ᠤ ᠡᠳ᠋ ᠪᠣᠳᠠᠰ ᠪᠠ ᠬᠢᠵᠢᠭ ᠎ᠦᠨ ᠪᠠᠢᠳᠠᠯ ᠎ᠢ ᠰᠡᠷᠭᠡᠢᠯᠡᠨ ᠡᠵᠡᠮᠳᠡᠬᠦ 6 ᠲᠥᠷᠥᠯ ᠎ᠦᠨ 99 ᠵᠦᠢᠯ ᠎ᠦᠨ ᠡᠮᠴᠢᠯᠡᠬᠡᠨ᠎ᠤ ᠡᠳ᠋ ᠪᠤᠳᠠᠰ ᠎ᠢ ᠨᠦᠬᠡᠴᠡᠯᠡᠵᠤ᠂ ᠡᠮᠴᠢᠯᠡᠬᠡᠨ᠎ᠤ ᠡᠳ᠋ ᠪᠤᠳᠠᠰ᠎ᠤᠨ ᠨᠦᠬᠡᠴᠡᠯᠡᠯᠳᠡ ᠵᠢᠨ ᠲᠥᠷᠥᠯ ᠵᠦᠢᠯ᠎ᠢ ᠨᠡᠩ ᠱᠢᠨᠵᠢᠯᠡᠬᠦ ᠤᠬᠠᠭᠠᠨᠴᠢ ᠪᠣᠯᠭᠠᠬᠤ ᠶ᠋ᠢᠨ ᠬᠠᠮᠲᠤ ᠡᠮᠴᠢᠯᠡᠬᠡᠨ᠎ᠤ ᠡᠳ᠋ ᠪᠤᠳᠠᠰ᠎ᠤᠨ ᠨᠥᠭᠡᠴᠡᠯᠡᠯᠳᠡ ᠵᠢᠨ ᠲᠥᠯᠥᠪᠯᠡᠭᠡ ᠵᠢ ᠴᠢᠩᠭ᠎ᠠ ᠨᠠᠢᠳᠠᠪᠤᠷᠢᠵᠢᠭᠤᠯᠪᠠ᠃ ᠣᠳᠣᠬᠠᠨ ᠪᠣᠯᠲᠠᠯ᠎ᠠ᠂ ᠬᠢᠵᠢᠭ ᠎ᠦᠨ ᠪᠠᠢᠳᠠᠯ ᠎ᠢ ᠰᠡᠷᠭᠡᠢᠯᠡᠨ ᠡᠵᠡᠮᠳᠡᠭᠦ ᠡᠳ᠋ ᠪᠣᠳᠠᠰ ᠎ᠢ 86 ᠲᠦᠮᠡ ᠭᠠᠷᠤᠢ ᠬᠤᠪᠢ ᠱᠢᠯᠵᠢᠭᠦᠯᠦᠨ ᠬᠡᠷᠡᠭᠯᠡᠵᠦ ᠂ ᠡᠭᠡᠯᠵᠢᠯᠡᠨ ᠰᠣᠯᠢᠬᠤ ᠡᠳ᠋ ᠪᠣᠳᠠᠰ ᠎ᠢ 230 ᠲᠦᠮᠡᠨ  ᠬᠤᠪᠢ ᠱᠢᠯᠵᠢᠭᠦᠯᠦᠨ ᠬᠡᠷᠡᠭᠯᠡᠪᠡ ; ᠡᠮᠴᠢᠯᠡᠬᠡᠨ᠎ᠤ ᠰᠡᠷᠭᠡᠢᠯᠡᠨ ᠡᠵᠡᠮᠳᠡᠬᠦ ᠨᠥᠭᠡᠴᠡ ᠡᠳ᠋ ᠪᠣᠳᠠᠰ ᠎ᠢ 59 ᠲᠦᠮᠡᠨ ᠬᠤᠪᠢ ᠱᠢᠢᠳᠪᠦᠷᠢᠯᠡᠵᠦ ᠂ ᠥᠷᠲᠡᠭ ᠨᠢ 580 ᠲᠦᠮᠡᠨ ᠲᠥᠭᠥᠷᠢᠭ ᠲᠦ᠍ ᠬᠦᠷᠴᠠᠢ᠃ ᠡᠭᠦᠨ᠎ᠡᠴᠡ ᠭᠠᠳᠠᠨ᠎ᠠ᠂ ᠥᠪᠡᠷᠲᠡᠭᠡᠨ ᠵᠠᠰᠠᠬᠤ ᠣᠷᠣᠨ ᠎ᠦ ᠤᠯᠠᠭᠠᠨ ᠵᠠᠭᠠᠯᠮᠠᠢᠳᠠᠨ᠎ᠦ ᠨᠡᠢᠭᠡᠮᠯᠢᠭ᠎ᠲᠦ᠍ ᠦᠨ᠎ᠡ ᠲᠥᠯᠥᠪᠦᠷᠢ ᠥᠬᠡᠢ᠎ᠪᠡᠷ ᠡᠮᠴᠢᠯᠡᠭᠡᠨ᠎ᠳ᠋ᠦ᠍ ᠬᠡᠷᠡᠭᠯᠡᠬᠦ ᠬᠠᠮᠠᠭᠠᠯᠠᠯᠲᠠ ᠵᠢᠨ ᠠᠮᠠᠪᠴᠢ ᠵᠢ 2.7 ᠲᠦᠮᠡᠨ ᠬᠤᠪᠢ ᠱᠢᠯᠵᠢᠭᠦᠯᠦᠨ ᠦᠭᠴᠦ᠂ ᠥᠷᠲᠡᠭ ᠨᠢ 13 ᠲᠦᠮᠡᠨ ᠲᠥᠭᠥᠷᠢᠭ ᠲᠦ᠍ ᠬᠦᠷᠦᠭᠰᠡᠨ ᠪᠠᠢᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号