ᠸᠠᠨᠨᠠᠨ᠎ᠤ ᠬᠡᠷᠡᠭ ᠬᠤᠪᠢᠰᠤᠯ
2021-11-17 10:02:24
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1940 ᠤᠨ᠎ᠤ 10 ᠰᠠᠷ᠎ᠠ ᠎ᠶ᠋ᠢᠨ 19 ᠎ᠤ ᠡᠳᠦᠷ᠂ ᠾᠸ ᠶᠢᠩ ᠴᠢᠨ᠂ ᠪᠠᠢ ᠴᠦᠩ ᠰᠢ ᠭᠤᠮᠢᠨᠳᠠᠩ᠎ᠤᠨ ᠵᠠᠰᠠᠭ᠎ᠤᠨ ᠤᠷᠳᠤᠨ᠎ᠤ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠱᠲ᠋ᠠᠪ᠎ᠤᠨ ᠳᠠᠷᠤᠭ᠎ᠠ ᠪᠠ ᠳᠡᠳ᠋ ᠱᠲ᠋ᠠᠪ᠎ᠤᠨ ᠳᠠᠷᠤᠭ᠎ᠠ ᠎ᠶ᠋ᠢᠨ ᠨᠡᠷ᠎ᠠ ᠪᠡᠷ ᠵᠦ᠍᠎ᠳᠸ᠂ ᠫᠸᠩ᠎ᠳᠸ ᠬᠤᠸᠠᠢ᠂ ᠶ᠋ᠸ ᠲᠢᠩ᠎ᠳᠦ ᠴᠠᠬᠢᠯᠭᠠᠨ ᠮᠡᠳᠡᠭᠡ ᠶᠠᠪᠤᠭᠤᠯᠵᠤ᠂ ᠬᠠᠳᠤᠨ ᠭᠤᠤᠯ ᠡᠴᠡ ᠡᠮᠦᠨᠡᠱᠢᠬᠢ ᠨᠠᠢ᠍ᠮᠠᠳᠤᠭᠠᠷ ᠵᠠᠮ᠎ᠤᠨ ᠴᠡᠷᠢᠭ᠂ ᠱᠢᠨ᠎ᠠ ᠳᠦᠷᠪᠡᠳᠦᠭᠡᠷ ᠠᠷᠮᠢ ᠵᠢ ᠨᠢᠭᠡ ᠰᠠᠷ᠎ᠠ ᠎ᠶ᠋ᠢᠨ ᠳᠤᠳᠤᠷ᠎ᠠ ᠬᠠᠳᠤᠨ ᠭᠤᠤᠯ᠎ᠤᠨ ᠬᠤᠢ᠌ᠳᠤ ᠳᠠᠯ᠎ᠠ᠎ᠳᠦ ᠤᠴᠢᠬᠤ ᠬᠡᠷᠡᠭ᠌ᠳᠡᠢ ᠭᠡᠵᠦ᠍ ᠬᠠᠳᠠᠭᠤ ᠵᠠᠷᠯᠢᠭ᠍ᠳᠠᠪᠠ᠃ ᠵᠦ᠍᠎ᠳᠸ ᠵᠡᠷᠭᠡ ᠬᠦᠮᠦᠰ 11ᠰᠠᠷ᠎ᠠ ᠎ᠶ᠋ᠢᠨ 9᠎ᠤ ᠡᠳᠦᠷ ᠬᠠᠷᠢᠭᠤ ᠴᠠᠬᠢᠯᠭᠠᠨ ᠮᠡᠳᠡᠭᠡ ᠶᠠᠪᠤᠭᠤᠯᠵᠤ᠂ ᠭᠤᠮᠢᠨᠳᠠᠩ᠎ᠤᠨ ᠮᠤᠵᠢᠭᠤᠳᠠ ᠡᠳᠡᠭᠡᠳ᠎ᠤᠨ ᠭᠠᠵᠢᠭᠤ ᠵᠠᠷᠯᠢᠭ ᠪᠠ ᠡᠪ ᠬᠠᠮᠳᠤ ᠨᠠᠮ ᠪᠤᠯᠤᠨ ᠡᠪ ᠬᠠᠮᠳᠤ ᠨᠠᠮ᠎ᠤᠨ ᠤᠳᠤᠷᠢᠳᠤᠭ᠍ᠰᠠᠨ ᠴᠡᠷᠢᠭ ᠠᠩᠬᠢ ᠵᠢ ᠬᠦᠳᠭᠡᠭ᠌ᠰᠡᠨ ᠬᠦᠳᠭᠡᠯ᠎ᠢ ᠨᠢᠴᠤᠭᠠᠭ᠍ᠰᠠᠨ ᠪᠦᠭᠡᠳ ᠶᠠᠫᠤᠨ᠎ᠢ ᠡᠰᠡᠷᠭᠦᠴᠡᠬᠦ᠌ ᠶᠡᠬᠡ ᠳᠠᠯ᠎ᠠ ᠵᠢ ᠪᠤᠳᠤᠯᠬᠢᠯᠠᠵᠤ᠂ ᠸᠠᠨᠨᠠᠨ᠎ᠤ ᠱᠢᠨ᠎ᠠ ᠳᠦᠷᠪᠡᠳᠦᠭᠡᠷ ᠠᠷᠮᠢ ᠵᠢ ᠬᠦᠬᠡᠮᠥ᠋ᠷᠡᠨ᠎ᠤ ᠬᠤᠢ᠌ᠳᠤ ᠳᠠᠯ᠎ᠠ᠎ᠳᠦ ᠱᠢᠯᠵᠢᠭᠦᠯᠵᠦ᠍ ᠪᠤᠯᠤᠨ᠎ᠠ ᠭᠡᠵᠦ᠍ ᠢᠯᠡᠷᠭᠡᠢ᠌ᠯᠡᠪᠡ᠃ 1941 ᠤᠨ᠎ᠤ 1 ᠰᠠᠷ᠎ᠠ ᠎ᠶ᠋ᠢᠨ 4᠎ᠤ ᠡᠳᠦᠷ ᠱᠢᠨ᠎ᠠ ᠳᠦᠷᠪᠡᠳᠦᠭᠡᠷ ᠠᠷᠮᠢ ᠎ᠶ᠋ᠢᠨ ᠠᠷᠮᠢ ᠎ᠶ᠋ᠢᠨ ᠵᠠᠬᠢᠷᠭ᠎ᠠ ᠎ᠶ᠋ᠢᠨ ᠬᠠᠷᠢᠶ᠎ᠠ ᠴᠡᠷᠢᠭ ᠠᠩᠬᠢ ᠎ᠶ᠋ᠢᠨ 9000 ᠭᠠᠷᠤᠢ ᠬᠦᠮᠦᠨ ᠵᠠᠷᠯᠢᠭ ᠎ᠢᠶᠡᠷ ᠤᠮᠠᠷᠠᠰᠢ ᠱᠢᠯᠵᠢᠵᠦ᠍᠂ ᠶᠦᠨ ᠯᠢᠩ ᠡᠴᠡ ᠮᠤᠷᠳᠠᠵᠤ ᠳᠤᠭᠤᠷᠢᠤ ᠵᠠᠮ ᠎ᠢᠶᠡᠷ ᠤᠷᠤᠭ᠍ᠰᠢᠯᠠᠪᠠ᠃ 1 ᠰᠠᠷ᠎ᠠ ᠎ᠶ᠋ᠢᠨ 6 ᠎ᠦ ᠡᠳᠦᠷ᠂ ᠸᠠᠨᠨᠠᠨ᠎ᠤ ᠵᠢᠩ ᠱᠢᠶᠠᠨ᠎ᠤ ᠮᠤᠤ ᠯᠢᠨ ᠤᠷᠤᠨ᠎ᠳᠦ ᠬᠦᠷᠴᠦ᠍᠂ ᠭᠤᠮᠢᠨᠳᠠᠩ᠎ᠤᠨ ᠭᠤᠷᠪᠠᠳᠤᠭᠠᠷ ᠪᠠᠢ᠌ᠯᠳᠤᠭᠠᠨ᠎ᠤ ᠳᠤᠭᠤᠷᠢᠭ᠎ᠤᠨ 7 ᠳ᠋ᠢᠸᠢᠽᠢ ᠎ᠶ᠋ᠢᠨ 8 ᠲᠦᠮᠡ ᠭᠠᠷᠤᠢ ᠪᠦᠭ᠌ᠬᠦᠭ᠌ᠰᠡᠨ ᠴᠡᠷᠢᠭ ᠎ᠲᠤ ᠴᠤᠬᠢᠭ᠍ᠳᠠᠭᠠᠳ 7 ᠡᠳᠦᠷ 7 ᠰᠦᠨᠢ ᠴᠢᠰᠤᠨ ᠪᠠᠢ᠌ᠯᠳᠤᠭᠠᠨ ᠬᠢᠵᠦ᠍᠂ 2000 ᠱᠢᠬᠠᠮ ᠬᠦᠮᠦᠨ ᠪᠦᠰᠡᠯᠡᠯᠳᠡ ᠵᠢ ᠱᠢᠪᠳᠤᠯᠵᠤ᠂ ᠪᠤᠰᠤᠳ ᠨᠢ ᠪᠠᠭᠠᠳᠤᠷᠯᠢᠭ ᠎ᠢᠶᠠᠷ ᠪᠡᠶ᠎ᠠ ᠦᠷᠡᠭ᠌ᠳᠡᠪᠡ᠃ ᠠᠷᠮᠢ ᠎ᠶ᠋ᠢᠨ ᠳᠠᠷᠤᠭ᠎ᠠ ᠶ᠋ᠸ ᠲᠢᠩ ᠪᠠᠷᠢᠪᠴᠢᠯᠠᠭ᠍ᠳᠠᠵᠤ᠂ ᠤᠯᠤᠰ ᠳᠦᠷᠦ᠍ ᠎ᠶ᠋ᠢᠨ ᠬᠡᠯᠳᠡᠰ᠎ᠤᠨ ᠡᠷᠬᠢᠯᠡᠭ᠌ᠴᠢ ᠶᠤᠸᠠᠨ ᠭᠦᠸᠸ ᠫᠢᠩ ᠪᠡᠶ᠎ᠠ ᠦᠷᠡᠭ᠌ᠳᠡᠵᠦ᠍᠂ ᠠᠷᠮᠢ ᠎ᠶ᠋ᠢᠨ ᠳᠡᠳ᠋ ᠳᠠᠷᠤᠭ᠎ᠠ ᠱᠢᠶᠠᠩ ᠶᠢᠩ᠂ ᠱᠲ᠋ᠠᠪ᠎ᠤᠨ ᠳᠠᠷᠤᠭ᠎ᠠ ᠵᠸᠦ ᠽᠢ ᠺᠦᠨ ᠪᠦᠰᠡᠯᠡᠯᠳᠡ ᠵᠢ ᠱᠢᠪᠳᠤᠯᠤᠭ᠍ᠰᠠᠨ᠎ᠤ ᠳᠠᠷᠠᠭ᠎ᠠ ᠵᠤᠯ ᠪᠤᠰᠤ ᠪᠡᠷ ᠤᠷᠪᠠᠭ᠍ᠴᠢ᠎ᠳᠦ ᠬᠤᠤᠷᠯᠠᠭ᠍ᠳᠠᠪᠠ᠃

ᠸᠠᠨᠨᠠᠨ᠎ᠤ ᠭᠡᠷᠡᠭ ᠬᠤᠪᠢᠰᠤᠯ ᠨᠢ ᠵᠢᠶᠠᠩ ᠵᠢᠶ᠍ᠸ ᠱ᠌ᠢ ᠎ᠶ᠋ᠢᠨ ᠶᠠᠫᠤᠨ᠎ᠢ ᠬᠤᠢ᠌ᠷᠭᠤ ᠪᠡᠷ ᠡᠰᠡᠷᠭᠦᠴᠡᠵᠦ᠍᠂ ᠡᠪ ᠬᠠᠮᠳᠤ ᠨᠠᠮ᠎ᠢ ᠢᠳᠡᠪᠬᠢᠳᠡᠢ ᠡᠰᠡᠷᠭᠦᠴᠡᠵᠦ᠍ ᠪᠠᠢ᠌ᠭ᠍ᠰᠠᠨ ᠦᠨᠡᠨ ᠳᠦᠷᠢ ᠵᠢ ᠢᠯᠡᠴᠢᠯᠡᠵᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号