ᠨᠠᠮ᠎ᠤᠨ ᠲᠡᠥᠭᠡ᠎ᠶ᠋ᠢᠨ ᠰᠤᠷᠤᠯᠴᠠᠯᠭ᠎ᠠ ᠬᠦᠮᠦᠵᠢᠯ᠎ᠢ ᠴᠢᠨᠠᠬ᠍ᠰᠢᠲᠠ ᠬᠦᠨᠵᠡᠬᠡᠢ᠌ᠷᠡᠬᠦᠯᠦᠨ ᠪᠤᠳᠠᠲᠠᠢ᠌ᠵᠢᠭᠤᠯᠵᠦ᠍᠂ 《ᠪᠢ ᠤᠯᠠᠨ ᠲᠦᠮᠡᠨ᠎ᠳᠤ ᠪᠤᠳᠠᠳᠦ ᠶᠠᠪᠤᠳᠠᠯ ᠬᠢᠵᠦ᠍ ᠦᠭ᠌ᠬᠦ》 ᠦᠢᠯᠡᠳᠦᠯᠬᠡ᠎ᠶ᠋ᠢᠨ ᠠᠵᠢᠯᠯᠠᠭ᠎ᠠ᠎ᠶ᠋ᠢᠨ ᠪᠤᠳᠠᠳᠦ ᠦᠷ᠎ᠡ ᠪᠦᠲᠦᠮᠵᠢ ᠤᠯᠬᠤ᠎ᠶ᠋ᠢ ᠠᠬᠢᠭᠤᠯᠬᠤ᠎ᠶ᠋ᠢᠨ ᠲᠦᠯᠦᠭᠡ᠂ ᠤᠢ᠍ᠢᠷ᠎ᠠ᠎ᠳᠤ᠂ ᠦᠪᠦᠷ ᠮᠤᠩᠭᠤᠯ᠎ᠤᠨ ᠤᠢ ᠱᠢᠭᠤᠢ᠎ᠶ᠋ᠢᠨ ᠭᠠᠯ ᠰᠡᠷᠬᠡᠢ᠌ᠯᠡᠵᠦ᠍ ᠭᠠᠯ ᠤᠨᠲᠠᠷᠠᠭᠠᠬᠤ ᠶᠡᠷᠦᠩᠬᠡᠢ ᠠᠩᠬᠢ᠎ᠶ᠋ᠢᠨ ᠬᠡᠰᠡᠭ ᠨᠠᠮ᠎ᠤᠨ ᠬᠡᠱᠢᠬᠦᠨ ᠬᠦᠬᠡᠬᠤᠲᠠ᠎ᠶ᠋ᠢᠨ ᠨᠠᠰᠤᠨ᠎ᠳᠤ ᠦᠯᠦ᠍ ᠬᠦᠷᠦᠭ᠌ᠰᠡᠳ᠎ᠢ ᠬᠠᠮᠠᠭᠠᠯᠠᠬᠤ ᠲᠦᠪ ᠵᠡᠷᠭᠡ ᠬᠠᠮᠢᠶ᠎ᠠ ᠪᠦᠬᠦᠢ ᠰᠠᠯᠠᠭ᠎ᠠ ᠮᠦᠴᠢᠷ᠎ᠤᠨ ᠠᠵᠢᠯᠲᠠᠨ ᠲᠠᠢ ᠬᠠᠮᠳᠦ ᠦᠪᠦᠷ ᠮᠤᠩᠭᠤᠯ᠎ᠤᠨ ᠪᠠᠢ᠌ᠭᠠᠯᠢ᠎ᠶ᠋ᠢᠨ ᠮᠦᠽᠸᠢ᠎ᠳᠤ ᠬᠦᠷᠴᠦ᠍ ᠂ 《 ᠬᠦᠴᠦ᠍ ᠪᠠᠨ ᠬᠠᠮᠲᠤᠳᠭᠠᠨ ᠨᠠᠰᠤᠨ᠎ᠳᠤ ᠦᠯᠦ᠍ ᠬᠦᠷᠦᠭ᠌ᠰᠡᠳ᠎ᠢ ᠬᠠᠮᠠᠭᠠᠯᠠᠵᠦ᠍ ᠂ ᠪᠠᠶᠠᠷ ᠬᠦᠷ ᠲᠠᠢ ᠦᠰᠦᠨ ᠪᠤᠢ᠌ᠵᠢᠯᠲᠠᠳᠤᠨᠢ ᠬᠦᠴᠦᠨ ᠨᠡᠮᠡᠷᠢᠯᠡᠶ᠎ᠡ》 ᠬᠡᠬᠦ ᠭᠤᠤᠯ ᠰᠡᠳᠦᠪ᠎ᠤᠨ ᠲᠤᠭᠤᠷᠢᠨ᠎ᠳᠤ ᠬᠦᠴᠢᠷᠳᠡᠯ᠎ᠳᠤ ᠲᠤᠯᠭᠠᠷᠠᠬ᠍ᠰᠠᠨ ᠪᠠᠭᠠᠴᠤᠳ ᠬᠡᠥᠬᠡᠳ᠎ᠢ ᠬᠠᠯᠠᠮᠵᠢᠯᠠᠬᠤ ᠦᠢᠯᠡᠳᠦᠯᠭᠡ᠎ᠶ᠋ᠢᠨ ᠠᠵᠢᠯᠯᠠᠭ᠎ᠠ ᠦᠷᠨᠢᠬᠦᠯᠪᠡ᠃
ᠲᠤᠰ ᠤᠳᠠᠭᠠᠨ᠎ᠤ ᠠᠵᠢᠯᠯᠠᠭ᠎ᠠ᠎ᠳᠤ ᠂ ᠲᠠᠢ᠌ᠯᠪᠤᠷᠢᠯᠠᠬ᠍ᠴᠢᠶ᠋ᠢᠨ ᠳᠠᠭᠠᠭᠤᠯᠭ᠎ᠠ ᠪᠠ ᠤᠯᠠᠨ᠎ᠤ ᠬᠠᠪᠰᠤᠷᠤᠯᠭ᠎ᠠ ᠳᠤᠤᠷ᠎ᠠ ᠂ ᠬᠦᠬᠡᠬᠤᠲᠠ᠎ᠶ᠋ᠢᠨ ᠨᠠᠰᠤᠨ᠎ᠳᠤ ᠦᠯᠦ᠍ ᠬᠦᠷᠦᠭ᠌ᠰᠡᠳ᠎ᠢ ᠬᠠᠮᠠᠭᠠᠯᠠᠬᠤ ᠲᠦᠪ᠎ᠤᠨ 20 ᠭᠠᠷᠤᠢ ᠪᠠᠭᠠᠴᠤᠳ ᠬᠡᠥᠬᠡᠳ ᠤᠷᠢᠳ ᠬᠤᠵᠢᠳ ᠰᠦᠷᠯᠢᠭ ᠰᠠᠢ᠌ᠬᠠᠨ ᠦᠪᠦᠷ ᠮᠤᠩᠭᠤᠯ ᠂ ᠪᠠᠯᠠᠷ ᠡᠷᠲᠡᠨ᠎ᠤ ᠦᠪᠦᠷ ᠮᠤᠩᠭᠤᠯ ᠂ ᠦᠨᠢᠷ ᠪᠠᠶᠠᠯᠢᠭ ᠦᠪᠦᠷ ᠮᠤᠩᠭᠤᠯ ᠂ ᠪᠤᠬᠢᠷᠳᠤᠯ ᠦᠬᠡᠢ ᠦᠪᠦᠷ ᠮᠤᠩᠭᠤᠯ ᠂ ᠠᠪᠤᠷᠭᠤ ᠬᠦᠷᠪᠡᠯ᠎ᠤᠨ ᠡᠬᠡ ᠨᠤᠲᠤᠭ ᠵᠡᠷᠭᠡ ᠲᠠᠪᠤᠨ ᠶᠡᠬᠡ ᠭᠤᠤᠯ ᠰᠡᠳᠦᠪᠲᠦ ᠦᠵᠡᠬᠦᠯᠭᠡ᠎ᠶ᠋ᠢᠨ ᠲᠢᠩᠬᠢᠮ᠎ᠢ ᠲᠤᠭᠤᠷᠢᠨ ᠦᠵᠡᠵᠦ᠍᠂ ᠦᠪᠦᠷ ᠮᠤᠩᠭᠤᠯ᠎ᠤᠨ ᠤᠢ ᠱᠢᠭᠤᠢ᠂ ᠲᠠᠯ᠎ᠠ ᠨᠤᠲᠤᠭ᠂ ᠶᠡᠬᠡ ᠤᠰᠤᠨ ᠤᠷᠤᠨ᠂ ᠶᠡᠬᠡ ᠡᠯᠡᠰᠦᠨ ᠴᠦᠯ᠂ ᠭᠡᠭᠡᠷ᠎ᠡ᠎ᠶ᠋ᠢᠨ ᠠᠮᠢᠳᠠᠨ ᠤᠷᠭᠤᠮᠠᠯ᠂ ᠪᠠᠯᠠᠷ ᠡᠷᠲᠡᠨ᠎ᠤ ᠠᠮᠢᠲᠦ ᠪᠤᠳᠠᠰ ᠬᠢᠭᠡᠳ ᠡᠷᠲᠡᠨ᠎ᠤ ᠤᠷᠴᠢᠨ ᠲᠤᠭᠤᠷᠢᠨ᠂ ᠭᠠᠵᠠᠷ ᠱᠢᠨᠵᠢᠯᠡᠬᠡ ᠠᠭᠤᠷᠬᠠᠢ᠎ᠶ᠋ᠢᠨ ᠭᠠᠷᠤᠯᠲᠠ ᠵᠡᠷᠭᠡ ᠪᠠᠢ᠌ᠭᠠᠯᠢ᠎ᠶ᠋ᠢᠨ ᠡᠬᠢ ᠪᠠᠶᠠᠯᠢᠭ᠎ᠤᠨ ᠲᠤᠬᠠᠢ ᠮᠡᠳᠡᠯᠬᠡ᠎ᠶ᠋ᠢ ᠨᠠᠷᠢᠨ ᠤᠢ᠍ᠢᠯᠠᠭᠠᠪᠠ᠃ ᠲᠤᠰ ᠤᠳᠠᠭᠠᠨ᠎ᠤ ᠠᠵᠢᠯᠯᠠᠭ᠎ᠠ ᠨᠢ ᠪᠠᠭᠠᠴᠤᠳ ᠬᠡᠥᠬᠡᠳᠤᠳᠲᠤ ᠮᠠᠨ᠎ᠤ ᠤᠯᠤᠰ᠎ᠤᠨ ᠪᠠᠢ᠌ᠭᠠᠯᠢ᠎ᠶ᠋ᠢᠨ ᠡᠬᠡ ᠪᠠᠶᠠᠯᠢᠭ᠎ᠤᠨ ᠡᠯᠪᠡᠭ ᠪᠠᠶᠠᠯᠢᠭ᠎ᠤᠨ ᠲᠤᠬᠠᠢ ᠠᠭᠤᠯᠤᠬ᠍ᠳᠠᠬᠤᠨ᠎ᠢ ᠤᠢ᠍ᠢᠯᠠᠭᠠᠭᠤᠯᠤᠬ᠍ᠰᠠᠨᠢᠶᠡᠷ ᠪᠠᠷᠠᠬᠤ ᠦᠬᠡᠢ ᠂ ᠪᠠᠰᠠ ᠳᠡᠳᠡᠨ᠎ᠤ ᠡᠬᠡ ᠪᠠᠢ᠌ᠭᠠᠯᠢ ᠪᠠᠨ ᠬᠠᠢ᠌ᠷᠠᠯᠠᠬᠤ᠂ ᠱᠢᠨᠵᠢᠯᠡᠬᠦ᠌ ᠤᠬᠠᠭᠠᠨ᠎ᠢ ᠰᠦᠪᠡᠭ᠌ᠴᠢᠯᠡᠬᠦ᠌ ᠬᠠᠯᠠᠭᠤᠨ ᠰᠡᠳᠭᠢᠯᠬᠡ᠎ᠶ᠋ᠢ ᠬᠦᠭ᠌ᠵᠢᠭᠡᠵᠦ᠍᠂ ᠬᠡᠥᠬᠡᠳᠤᠳᠤᠨ ᠨᠡᠢ᠌ᠬᠡᠮ ᠨᠡᠢ᠌ᠲᠡ᠎ᠳᠤ ᠠᠭᠤᠰᠤᠯᠴᠠᠬᠤ᠎ᠶ᠋ᠢ ᠠᠬᠢᠭᠤᠯᠵᠠᠢ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号