《ᠰᠢ ᠡᠪᠦᠭᠡ ᠡ᠂ ᠪᠢ ᠲᠤᠰᠠᠯᠠᠭᠴᠢ ᠮᠠᠰᠢᠨ ᠬᠦᠮᠦᠨ ᠲᠠᠢ ᠪᠤᠯᠤᠭᠰᠠᠨ ᠰᠢᠦ!》ᠬᠡᠬᠦ ᠳ᠋ᠤ ᠯᠢᠶᠡᠨ ᠯᠢᠶᠠᠨ᠎ᠤ ᠴᠢᠷᠠᠢ ᠳ᠋ᠤ ᠵᠢᠷᠭᠠᠯ᠎ᠤᠨ ᠮᠦᠰᠢᠶᠡᠳᠦ ᠲᠤᠳᠤᠷᠠᠨ᠎ᠠ᠃ ᠲᠡᠷᠡ ᠬᠤᠷᠤᠭᠤ ᠪᠡᠷ ᠵᠢᠡᠨ ᠲᠤᠰᠠᠯᠠᠭᠴᠢ ᠮᠠᠰᠢᠨ ᠬᠦᠮᠦᠨ᠎ᠤ ᠠᠵᠢᠯᠯᠠᠭᠠᠨ᠎ᠤ ᠲᠤᠪᠴᠢ ᠵᠢ ᠠᠶᠠᠷᠬᠠᠨ ᠲᠦᠯᠬᠢᠭᠰᠡᠨ ᠴᠢᠨᠢ ᠦᠨᠦ ᠶᠠᠭᠠᠨ ᠥᠩᠭᠡᠲᠡᠶ ᠤᠶᠤᠨᠲᠤ ᠲᠤᠰᠠᠯᠠᠭᠴᠢ ᠮᠠᠱᠢᠨ ᠬᠥᠮᠦᠨ ᠨᠢ ᠲᠠᠬᠦᠨ᠎ᠢ ᠠᠪᠤᠭᠠᠳ ᠬᠦᠷᠢᠶᠡᠨ ᠳᠣᠲᠣᠷ᠎ᠠ ᠨᠠᠭᠠᠰᠢ ᠴᠠᠭᠠᠰᠢ ᠴᠢᠯᠦᠭᠡᠳᠡᠢ ᠠᠯᠬᠤᠯᠠᠵᠤ ᠡᠬᠢᠯᠡᠪᠡ᠃
ᠡᠪᠦᠯ᠎ᠦᠨ ᠡᠬᠢᠨ᠎ᠦ ᠡᠭᠡᠯᠢᠳᠦ ᠨᠠᠷᠠᠠ ᠯᠢᠶᠠᠨ ᠯᠢᠶᠠᠨ᠎ᠤ ᠴᠢᠷᠠᠶ᠎ᠳᠤ ᠲᠤᠰᠴᠦ᠂ ᠲᠡᠭᠦᠨ᠎ᠤ ᠰᠡᠳᠬᠢᠯ᠎ᠢ ᠶᠠᠭᠠᠬᠢᠬᠤ ᠵᠢᠨ ᠠᠷᠭ᠎ᠠ ᠦᠭᠡᠢ ᠲᠤᠯᠠᠭᠠᠴᠠᠭᠤᠯᠤᠨ᠎ᠠ᠃ ᠡᠨᠡ ᠬᠦ᠌ ᠴᠠᠭ ᠮᠥᠴᠡ᠎ᠶ᠋ᠢᠨ ᠪᠠᠶᠠᠷ ᠪᠠᠬᠠᠳᠤᠯᠶ᠋ᠢᠡᠨ ᠲᠡᠷᠡ ᠪᠡᠷ ᠬᠥᠬᠡᠬᠣᠲᠠ᠎ᠶ᠋ᠢᠨ ᠠᠰᠠᠷᠠᠮᠵᠢ᠎ᠶ᠋ᠢᠨ ᠬᠦᠷᠢᠶᠡᠯᠡᠩ᠎ᠳᠦ ᠢᠷᠡᠵᠦ ᠲᠡᠭᠦᠨ᠎ᠢ ᠡᠷᠬᠢᠨ ᠦᠵᠡᠭ᠌ᠰᠡᠨ ᠰᠢ ᠡᠪᠦᠭᠡ᠎ᠳᠡᠭᠡᠨ ᠮᠡᠳᠡᠭᠦᠯᠬᠦ᠌ ᠵᠢ ᠰᠠᠨᠠᠨ᠎ᠠ᠃ 《ᠯᠢᠶᠠᠨ ᠯᠢᠶᠠᠨ᠎ᠤ ᠬᠦᠳᠡᠯᠵᠦ ᠪᠠᠷᠢᠬᠤ᠎ᠳᠦ ᠳᠥᠭᠥᠮ ᠦᠭᠡᠢ ᠪᠠᠢᠳᠠᠯ᠎ᠳᠦ ᠴᠢᠭᠯᠡᠭᠦᠯᠦᠨ ᠡᠨᠡ ᠵᠢᠯ᠎ᠦᠨ ᠳᠡᠭᠡᠷ᠎ᠡ ᠬᠠᠭᠠᠰ ᠵᠢᠯ᠎ᠳᠦ ᠲᠡᠭᠦᠨ᠎ᠳᠦ ᠤᠶᠤᠨᠲᠤ ᠮᠠᠱᠢᠨ ᠬᠥᠮᠦᠨ ᠲᠣᠬᠢᠷᠠᠭᠤᠯᠵᠤ ᠥᠭ᠌ᠬᠦᠭᠰᠡᠨ ᠶᠤᠮ᠃ ᠤᠤᠯ᠎ᠳᠤ᠎ᠪᠠᠨ ᠲᠡᠷᠡ ᠪᠡᠷ ᠲᠤᠰᠠᠯᠠᠭᠴᠢ ᠪᠠᠭᠠᠵᠢ᠎ᠵᠢ ᠬᠡᠷᠡᠭᠯᠡᠵᠦ ᠶᠠᠪᠤᠵᠤ ᠰᠠᠭᠤᠬᠤ᠎ᠪᠠᠨ ᠠᠷᠭᠠᠴᠠᠭᠠᠵᠤ ᠪᠠᠢᠬᠤ ᠦᠶ᠎ᠡ ᠳ᠋ᠦ᠂ ᠮᠠᠰᠢ ᠬᠦᠴᠢᠷᠲᠡᠢ ᠪᠠᠢᠭᠰᠠᠨ᠂ ᠣᠳᠣ ᠬᠠᠮᠢᠭ᠎ᠠ ᠣᠴᠢᠶ᠎ᠠ ᠭᠡᠪᠡᠯ 〈ᠤᠶᠤᠨᠳᠤ ᠮᠠᠰᠢᠨ ᠬᠦᠮᠦᠨ〉 ᠵᠢᠡᠨ 〈ᠵᠢᠯᠤᠭᠤᠳᠤᠭᠰᠠᠭᠠᠷ〉 ᠱᠢᠭᠤᠳ ᠬᠦᠷᠦᠭᠡᠳ ᠤᠴᠢᠴᠢᠬᠠᠳᠠᠭ ᠪᠤᠯᠤᠭᠰᠠᠨ ᠶ᠋ᠢᠡᠷ ᠮᠠᠰᠢ ᠪᠠᠶᠠᠷᠲᠠᠶ ᠪᠤᠯᠤᠯ᠎ᠠ》ᠭᠡᠵᠦᠬᠥᠬᠡᠬᠣᠲᠠᠶ᠋ᠢᠨ ᠬᠡᠦᠬᠡᠳᠦᠨᠠᠰᠠᠷᠠᠮᠵᠢᠶ᠋ᠢᠨᠬᠦᠷᠢᠶᠡᠯᠡᠩᠦᠨᠳᠡᠳ᠋ ᠳᠠᠷᠤᠭ᠎ᠠ ᠢᠦᠶ ᠲᠤᠤ ᠰᠤᠷᠪᠤᠯᠵᠢᠯᠠᠭ᠍ᠴᠢ᠎ᠳᠤ ᠪᠠᠶᠠᠷᠳᠠᠢᠬᠠᠨ ᠶᠠᠷᠢᠨ᠎ᠠ᠃
ᠠᠰᠠᠷᠠᠨ ᠬᠥᠮᠦᠵᠢᠭᠦᠯᠬᠦ᠌᠎ᠵᠢ ᠨᠠᠷᠢᠯᠢᠭ᠍ᠵᠢᠭᠤᠯᠬᠤ ᠶᠠᠪᠤᠴᠠ᠎ᠳᠤ᠂ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠬᠡᠦᠬᠡᠳ ᠨᠢᠭᠡᠪᠦᠷᠢ᠎ᠶ᠋ᠢᠨ ᠪᠤᠳᠠᠳᠠᠢ ᠪᠠᠢᠳᠠᠯ᠎ᠢ ᠦᠨᠳᠦᠰᠦᠯᠡᠨ᠂《ᠨᠢᠭᠡ ᠬᠡᠦᠬᠡᠳ᠎ᠲᠦ ᠨᠢᠭᠡ ᠲᠥᠰᠦᠯ》 ᠲᠣᠭ᠍ᠲᠠᠭᠠᠵᠤ᠂ ᠬᠠᠨᠳᠤᠯᠭᠠᠲᠤ ᠴᠢᠨᠠᠷᠲᠠᠶ ᠪᠡᠷ ᠬᠡᠷᠡᠭᠵᠢᠬᠦᠯᠦᠨ᠂ ᠬᠡᠦᠬᠡᠳ᠎ᠦᠨ ᠴᠢᠳᠠᠪᠤᠷᠢ ᠪᠠ ᠮᠡᠳᠡᠷᠡᠮᠵᠢ᠎ᠵᠢ ᠳᠡᠭᠡᠭ᠌ᠰᠢᠯᠡᠭᠦᠯᠵᠦ ᠪᠤᠢ᠃ ᠯᠢᠶᠠᠨ ᠯᠢᠶᠠᠨ᠎ᠲᠠᠶ ᠠᠳᠠᠯᠢ᠎ᠪᠠᠷ ᠂ ᠪᠦᠬᠦᠯᠢ 17 ᠨᠠᠰᠤ ᠬᠦᠷᠦᠭ᠌ᠰᠡᠨ ᠯᠢᠶᠠᠩ ᠯᠢᠶᠠᠩ᠂ ᠰᠢ ᠡᠪᠦᠭᠡᠨ᠎ᠢ ᠲᠡᠬᠦᠨ᠎ᠢ ᠡᠷᠬᠢᠨᠦᠵᠡᠭ᠌ᠰᠡᠨᠥᠩᠭᠡᠷᠡᠯᠲᠡᠶ᠋ᠢ ᠲᠣᠪᠲᠣᠳᠣᠷᠬᠠᠢ ᠴᠡᠭᠡᠵᠢᠯᠡᠭ᠌ᠰᠡᠭᠡᠷ᠃ 《ᠲᠤᠬᠠᠢ ᠵᠢᠨ ᠦᠶ᠎ᠡ᠎ᠳᠦ᠂ ᠪᠢ ᠪᠠᠰᠠ ᠪᠠᠭ᠎ᠠ ᠪᠠᠢᠭ᠍ᠰᠠᠨ ᠁》 ᠭᠡᠵᠦ ᠲᠡᠷᠡ ᠡᠷᠬᠢᠴᠡᠬᠦᠯᠦᠨ᠎ᠡ᠃ ᠬᠡᠳᠦᠭᠡᠨ ᠵᠢᠯ᠎ᠦᠨ ᠬᠣᠭᠣᠷᠣᠨᠳᠣ᠂ ᠯᠢᠶᠠᠩ ᠯᠢᠶᠠᠩ᠎ᠤᠨ ᠪᠡᠶ᠎ᠡ ᠨᠢ ᠥᠰᠦᠭᠡᠳ᠂ ᠤᠶᠤᠨ ᠴᠢᠳᠠᠪᠤᠷᠢ ᠨᠢ ᠴᠦ᠍ ᠨᠡᠮᠡᠭᠳᠡᠵᠠᠢ᠃
《ᠯᠢᠶᠠᠩ ᠯᠢᠶᠠᠩ ᠪᠣᠯ ᠣᠶᠤᠨ᠎ᠤ ᠪᠣᠢᠵᠢᠯᠲᠠ ᠤᠳᠠᠭᠠᠨ ᠬᠡᠦᠬᠡᠳ᠂ ᠭᠡᠪᠡᠴᠦ᠍ ᠲᠠᠮᠢᠷ᠎ᠤᠨ ᠬᠥᠳᠡᠯᠭᠡᠭᠡᠨ᠎ᠦ ᠲᠠᠯ᠎ᠠ᠎ᠪᠠᠷ ᠮᠠᠰᠢ ᠠᠪᠢᠶᠠᠰ ᠲᠡᠶ᠃ ᠪᠢᠳᠠ ᠲᠡᠭᠦᠨ᠎ᠳᠦ ᠲᠤᠰᠭᠠᠶ ᠮᠡᠷᠭᠡᠵᠢᠯ᠎ᠦᠨ ᠫᠢᠩᠫᠠᠡᠭ ᠪᠥᠮᠪᠥᠭᠡ᠎ᠶ᠋ᠢᠨ ᠰᠤᠷᠭᠠᠭ᠍ᠴᠢ ᠤᠷᠢᠵᠦ ᠦᠭᠭᠦᠭᠰᠡᠨ᠃ ᠲᠡᠷᠡ ᠮᠠᠰᠢ ᠴᠢᠷᠮᠠᠢᠯᠲᠠ ᠲᠠᠢ ᠂ ᠡᠨᠡ ᠵᠢᠯ᠎ᠤᠨ ᠵᠡᠮᠳᠡᠭ᠌ᠴᠦᠳ᠎ᠦᠨ ᠲᠠᠮᠢᠷ᠎ᠤᠨ ᠴᠤᠭ᠍ᠯᠠᠭᠠᠨ᠎ᠤ ᠪᠡᠯᠡᠳᠭᠡᠯ ᠤᠷᠤᠯᠳᠤᠭᠠᠨ ᠳ᠋ᠤ ᠤᠷᠤᠯᠴᠠᠵᠤ ᠦᠨᠭᠭᠡᠷᠡᠭᠰᠡᠨ ᠰᠢᠦ!》 ᠭᠡᠵᠦ᠍ ᠢᠦᠢ ᠲᠤᠤ ᠬᠡᠯᠡᠨ᠎ᠡ᠃
《ᠰᠢ ᠡᠪᠦᠭᠡ ᠲᠠ ᠰᠠᠢ᠌ᠨ ᠪᠠᠢᠨ᠎ᠠ ᠦᠦ!ᠨᠢᠭᠡᠨ ᠰᠠᠢᠨ ᠴᠢᠮᠡᠭᠡ᠎ᠶ᠋ᠢ ᠲᠠᠨᠳ᠋ᠤ ᠲᠤᠭᠤᠯᠤᠭᠤᠯᠤᠶᠠ᠂ ᠪᠢ ᠠᠰᠫᠢᠷᠠᠨᠲ ᠰᠢᠯᠭᠠᠭᠤᠯᠤᠨ ᠤᠷᠤᠭᠰᠠᠨ᠂ ᠪᠠᠰᠠ ᠠᠷᠠᠳ᠎ᠤᠨ ᠪᠠᠭ᠍ᠰᠢ ᠪᠣᠯᠤᠭᠰᠠᠨ᠃ ᠦᠰᠦᠨ ᠪᠣᠢᠵᠢᠯᠲᠠ ᠵᠢᠨ ᠲᠠᠭᠠᠤ ᠡᠬᠦᠷᠭᠡ ᠬᠠᠷᠢᠭᠤᠴᠠᠯᠭ᠎ᠠ ᠵᠢ ᠮᠡᠳᠡᠵᠦ᠂ ᠠᠴᠢ ᠲᠠᠯᠠᠷᠬᠠᠯ ᠤ᠋ᠨ ᠬᠠᠷᠢᠭᠤ ᠬᠦᠰᠡᠯ ᠬᠦᠭᠡᠭᠡᠴᠡᠯᠳᠦᠯ ᠵᠢᠡᠨ ᠪᠡᠶᠡᠯᠡᠬᠦᠯᠦᠯ᠎ᠡ᠃ ᠪᠢ ᠠᠴᠢ ᠵᠢ ᠮᠡᠳᠡᠷᠡᠵᠦ ᠠᠴᠢ ᠳ᠋ᠤ ᠲᠠᠯᠠᠷᠬᠠᠬᠤ ᠰᠡᠳᠬᠢᠯᠭᠡ ᠵᠢ ᠨᠡᠨᠭ ᠤᠯᠠᠨ ᠬᠡᠦᠭᠡᠳᠲᠸ᠋ ᠲᠠᠮᠵᠢᠭᠤᠯᠤᠨ᠎ᠠ》 ᠭᠡᠵᠦ ᠶᠠᠨ ᡁᠢ ᠵᠢᠩᠲᠤᠭᠳᠤᠯᠤᠨᠭᠭᠤᠢ ᠶᠠᠷᠢᠨ᠎ᠠ᠃ 2018 ᠣᠨ᠎ᠳᠤ᠂ ᠶᠠᠨ ᡁᠢ ᠵᠢᠩ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠬᠢᠴᠢᠶᠡᠯ ᠲᠥᠷᠥᠯ᠎ᠦᠨ ᠵᠢᠭᠠᠨ ᠰᠤᠷᠭᠠᠯᠲᠠ᠎ᠶ᠋ᠢᠨ ᠲᠤᠰᠭᠠᠶ ᠮᠡᠷᠭᠡᠵᠢᠯ᠎ᠦᠨ ᠠᠰᠫᠢᠷᠠᠨᠲ᠎ᠢᠶᠠᠷ ᠰᠢᠯᠭᠠᠭᠤᠯᠤᠨ ᠣᠷᠣᠵᠤ᠂ ᠣᠲᠣ ᠬᠥᠬᠡᠬᠣᠲᠠ᠎ᠶ᠋ᠢᠨ ᠳᠥᠷᠪᠡᠳᠦᠭᠡᠷ ᠳᠤᠮᠳᠠᠳᠤ ᠰᠤᠷᠭᠠᠭᠤᠯᠢ ᠳ᠋ᠤ ᠪᠠᠭᠰᠢᠯᠠᠵᠤ ᠪᠤᠢ᠃
ᠶᠡᠷᠦᠩᠬᠡᠢ ᠱᠦᠵᠢ᠎ᠳᠦ《ᠪᠠᠶᠠᠷᠯᠠᠯ᠎ᠠ》ᠭᠡᠳᠡᠭ ᠦᠭᠡ᠎ᠵᠢ ᠲᠤᠬᠢᠶᠠᠨ᠎ᠤ ᠬᠡᠯᠡ ᠪᠡᠷ ᠶᠠᠭᠠᠬᠢᠵᠦ ᠢᠯᠡᠳᠭᠡᠬᠦ᠎ᠵᠢ ᠵᠢᠭᠠᠭᠰᠠᠨ ᠲᠦᠷᠦᠯᠬᠢ ᠬᠡᠯᠡ ᠰᠤᠨᠤᠷ᠎ᠤᠨ ᠰᠠᠭᠠᠳ ᠲᠠᠢ ᠸᠠᠩ ᠶᠠ ᠨᠢ ᠪᠠᠰᠠ ᠬᠥᠬᠡᠬᠣᠲᠠ᠎ᠶ᠋ᠢᠨ ᠣᠨᠴᠠᠭᠠᠢ ᠰᠤᠷᠭᠠᠨ ᠬᠥᠮᠦᠵᠢᠯ᠎ᠦᠨ ᠰᠤᠷᠭᠠᠭᠤᠯᠢ᠎ᠶ᠋ᠢᠨ ᠪᠠᠭ᠍ᠰᠢ ᠪᠤᠯᠵᠤ᠂ ᠪᠠᠭ᠍ᠰᠢ ᠪᠤᠯᠬᠤ ᠬᠦᠰᠡᠯ ᠵᠡᠭᠦᠳᠦ᠍᠎ᠪᠡᠨ ᠲᠡᠷᠭᠡᠯᠱᠢᠭᠦᠯᠦᠯᠡ᠃
2014 ᠣᠨ᠎ᠤ 1ᠰᠠᠷ᠎ᠠ᠎ᠶ᠋ᠢᠨ 28 ᠤ᠋ ᠦᠳᠡ᠎ᠶ᠋ᠢᠨ ᠡᠮᠦᠨ᠎ᠡ᠂ ᠶᠡᠷᠦᠩᠬᠡᠢ ᠱᠦᠵᠢ ᠰᠢ᠎ᠶ᠋ᠢᠨ ᠫᠢᠩ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠳᠦ ᠥᠨᠥᠴᠢᠨ ᠵᠡᠮᠳᠡᠭ ᠬᠡᠦᠬᠡᠳ᠎ᠢ ᠡᠷᠬᠢᠨ ᠦᠵᠡᠵᠦ᠍᠂ ᠬᠡᠦᠬᠡᠳ᠎ᠦᠳ ᠪᠣᠯᠤᠨ ᠠᠵᠢᠯᠳᠠᠨ ᠠᠵᠢᠯᠴᠢᠨ᠎ᠳᠤ ᠨᠠᠮ ᠪᠣᠯᠤᠨ ᠵᠠᠰᠠᠭ᠎ᠤᠨ ᠣᠷᠳᠣᠨ᠎ᠤ ᠬᠠᠢᠷ᠎ᠠ ᠬᠠᠯᠠᠮᠵᠢ᠎ᠶ᠋ᠢ ᠬᠦᠷᠲᠡᠭᠡᠪᠡ᠃ ᠶᠡᠷᠦᠩᠬᠡᠢ ᠱᠦᠵᠢ᠄ 《ᠬᠡᠦᠬᠡᠳ᠂ ᠤᠨᠴᠠᠭᠠᠢᠯᠠᠨ ᠥᠨᠥᠴᠢᠨ ᠬᠡᠦᠬᠡᠳ ᠪᠣᠯᠤᠨ ᠵᠡᠮᠳᠡᠭ ᠬᠡᠦᠬᠡᠳᠢ᠋ ᠪᠦᠬᠦ᠌ ᠨᠡᠢᠭᠡᠮ᠎ᠢᠶᠡᠷ᠎ᠢᠶᠡᠨ ᠡᠨᠡᠷᠢᠨ ᠬᠠᠢᠷᠠᠯᠠᠵᠤ᠂ ᠠᠩᠬᠠᠷᠤᠨ ᠬᠠᠯᠠᠮᠵᠢᠯᠠᠵᠤ᠂ ᠬᠠᠮᠲᠤᠳ᠋ᠠᠭᠠᠨ ᠡᠷᠡᠭᠦᠯ᠎ᠢᠶᠡᠷ ᠥᠰᠭᠡᠨ ᠪᠣᠢᠵᠢᠭᠤᠯᠵᠤ᠂ ᠨᠡᠢᠭᠡᠮ ᠵᠢᠷᠤᠮ᠎ᠤᠨ ᠶᠡᠬᠡ ᠭᠡᠷ ᠪᠦᠯᠢ᠎ᠶ᠋ᠢᠨ ᠬᠠᠯᠠᠭᠤᠨ ᠳᠤᠯᠠᠭᠠᠨ᠎ᠢ ᠬᠦᠷᠳᠡᠭᠡᠬᠦ ᠬᠡᠷᠡᠭ᠌ᠲᠡᠢ》 ᠭᠡᠵᠦ᠍ ᠰᠡᠳᠬᠢᠯᠭᠡ ᠬᠦᠨ ᠵᠢᠭᠠᠪᠤᠷᠢᠯᠠᠭᠰᠠᠨ ᠪᠠᠢᠯ᠎ᠠ᠃ 《ᠮᠠᠨ᠎ᠤ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ ᠶᠡᠷᠦᠩᠬᠡᠶ ᠱᠦᠵᠢ ᠰᠢ᠎ᠶ᠋ᠢᠨ ᠫᠢᠩ᠎ᠦᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠶ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠵᠣᠬᠢᠶᠠᠨ ᠪᠠᠢᠭᠤᠯᠤᠯᠲᠠ᠎ᠶ᠋ᠢᠨ ᠵᠠᠭ᠍ᠪᠤᠷ᠎ᠢ ᠱᠢᠯᠢᠳᠡᠭ᠌ᠵᠢᠭᠦᠯᠬᠦ᠌᠂ ᠬᠠᠮᠢᠶᠠᠷᠤᠯᠲᠠ᠎ᠶ᠋ᠢᠨ ᠠᠷᠭ᠎ᠠ᠎ᠶ᠋ᠢᠨ ᠱᠢᠨ᠎ᠡ᠎ᠶ᠋ᠢ ᠡᠭᠦᠳᠬᠦ᠌᠂ ᠦᠶ᠋ᠯᠡᠴᠢᠯᠡᠭᠡᠨ᠎ᠦ ᠠᠷᠭ᠎ᠠ ᠪᠠᠷᠢᠯ ᠵᠢᠡᠨ ᠥᠷᠭᠡᠳᠭᠡᠬᠦ᠌᠂ ᠲᠤᠰᠭᠠᠶ ᠮᠡᠷᠭᠡᠵᠢᠯ᠎ᠦᠨ ᠲᠠᠪᠴᠠᠩ᠎ᠢ ᠪᠠᠢᠭᠤᠯᠬᠤ᠎ᠪᠠᠷ ᠭᠠᠷᠳᠠᠴᠠ ᠪᠣᠯᠭᠠᠵᠤ ᠂ 〈ᠰᠤᠪᠢᠯᠠᠯᠲᠠ᠂ ᠡᠷᠡᠭᠦᠯᠵᠢᠯ ᠂ ᠡᠮᠨᠡᠨ ᠵᠠᠰᠠᠬᠤ᠂ ᠰᠤᠷᠭᠠᠨ ᠬᠦᠮᠦᠵᠢᠯ᠂ ᠠᠮᠤᠷ ᠲᠦᠪᠰᠢᠨ ᠂ ᠬᠦᠮᠦᠵᠢᠬᠦᠯᠬᠦ〉 ᠶ᠋ᠢ ᠨᠢᠭᠡ ᠴᠤᠭ᠍ᠴᠠᠵᠢᠭᠤᠯᠤᠨ ᠬᠥᠭ᠌ᠵᠢᠭᠦᠯᠬᠦ᠌᠎ᠶ᠋ᠢ ᠪᠥᠬᠥ᠌ ᠬᠦᠴᠦᠨ᠎ᠢᠶᠡᠷ᠎ᠢᠶᠡᠨ ᠠᠬᠢᠭᠤᠯᠵᠤ ᠪᠠᠢᠨ᠎ᠠ 》 ᠭᠡᠵᠦ ᠢᠦᠶ ᠲᠤᠤ ᠬᠡᠯᠡᠪᠡ᠃
ᠥᠪᠡᠷᠮᠢᠴᠡ ᠡᠬᠦᠳᠦᠯᠳᠡ ᠪᠦᠬᠦᠢ ᠰᠤᠯᠤᠨᠭᠭᠠᠨ ᠰᠣᠶᠣᠯ᠎ᠤᠨ ᠲᠦᠷᠦᠯ ᠲᠡᠮᠳᠡᠭ᠎ᠦᠨ ᠱᠢᠰᠲ᠋ᠧᠮ — 《 ᠭᠤᠷᠪᠠᠨ ᠱᠢᠯᠢᠳᠡᠭ ᠭᠤᠷᠪᠠᠨ ᠪᠠᠢᠬᠤ 》 ᠨᠠᠮ᠎ᠤᠨ ᠪᠠᠢᠭᠤᠯᠤᠯᠲᠠ᠎ᠶ᠋ᠢᠨ ᠲᠦᠷᠦᠯ ᠲᠡᠮᠳᠡᠭ᠂ 《ᠨᠠᠷᠠᠨ ᠬᠤᠸᠠᠷ》ᠬᠡᠦᠬᠡᠳ ᠪᠣᠢᠵᠢᠭᠤᠯᠬᠤ ᠲᠦᠷᠦᠯ ᠲᠡᠮᠳᠡᠭ᠂ 《ᠨᠤᠭᠤᠭᠠᠨ ᠦᠨᠭᠭᠡ᠎ᠳᠦ》ᠰᠠᠭᠠᠳ ᠦᠭᠡᠢ ᠨᠡᠪᠲᠡᠷᠡᠬᠦ᠌ ᠡᠮᠴᠢᠯᠡᠭᠡᠨ᠎ᠦ ᠦᠢᠯᠡᠴᠢᠯᠡᠭᠡᠨ᠎ᠤ ᠲᠡᠷᠭᠡ᠂ 《 ᠬᠦᠭᠡ ᠡᠪᠡᠰᠦ》 ᠡᠷᠡᠭᠦᠯᠵᠢᠯ᠎ᠦᠨ ᠲᠦᠷᠦᠯ ᠲᠡᠮᠳᠡᠭ᠂ 《 ᠤᠷᠡᠨ ᠠᠪᠬᠠᠯᠵᠢ》 ᠰᠤᠷᠭᠠᠨ ᠬᠥᠮᠦᠵᠢᠯ᠎ᠦᠨ ᠲᠦᠷᠦᠯ ᠲᠡᠮᠳᠡᠭ᠂ 《ᠵᠦᠷᠵᠢ ᠵᠢᠨ ᠳ᠋ᠧᠩ》 ᠲᠤᠰᠭᠠᠶ ᠦᠶ᠋ᠯᠡᠴᠢᠯᠡᠭᠡᠨ᠎ᠦ ᠲᠦᠷᠦᠯ ᠲᠡᠮᠳᠡᠭ᠂《ᠭᠤᠤᠯ᠎ᠳᠤ ᠪᠤᠷᠤ 》 ᠲᠦᠪᠬᠢᠨᠡᠬᠦᠯᠦᠨ ᠲᠤᠬᠢᠷᠠᠭᠤᠯᠬᠤ ᠲᠦᠷᠦᠯ ᠲᠡᠮᠳᠡᠭ᠎ᠢ ᠲᠠᠰᠤᠷᠠᠯᠲᠠ ᠦᠭᠡᠢ ᠰᠦᠪᠡᠭ᠌ᠴᠢᠯᠡᠬᠦ᠌ ᠪᠠ ᠦᠶ᠋ᠯᠡᠳᠦᠯᠭᠡᠵᠢᠭᠦᠯᠬᠦ᠌᠎ᠪᠡᠷ ᠳᠠᠮᠵᠢᠨ᠂ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ 《 5 + 5 》ᠵᠢᠨ ᠨᠠᠷᠢᠯᠢᠭ᠍ᠵᠢᠭᠤᠯᠤᠭ᠍ᠰᠠᠨ ᠠᠰᠠᠷᠠᠨ ᠬᠥᠮᠦᠵᠢᠭᠦᠯᠬᠦ᠌ ᠵᠠᠭ᠍ᠪᠤᠷ᠎ᠢ ᠪᠦᠷᠢᠯᠳᠦᠭᠦᠯᠪᠡ᠃ ᠲᠠᠷᠤᠢ᠂ ᠨᠢᠭᠡᠴᠢ᠎ᠶᠢᠨ ᠵᠠᠭᠪᠤᠷ᠂ ᠳᠠᠭᠤᠷᠢᠶᠠᠮᠠᠯ ᠭᠡᠷ ᠪᠦᠯᠢ ᠂ ᠨᠡᠢᠲᠡ᠎ᠶ᠋ᠢᠨ ᠰᠠᠭᠤᠴᠠ᠎ᠶ᠋ᠢᠨ ᠵᠠᠭᠪᠤᠷ᠂ ᠵᠢᠵᠢᠭ ᠭᠡᠷ ᠪᠦᠯᠢ᠂ ᠡᠮᠨᠡᠬᠦ ᠰᠤᠪᠢᠯᠠᠬᠤ ᠵᠢ ᠤᠶᠠᠯᠳᠤᠭᠤᠯᠬᠤ 5 ᠵᠦᠶ᠋ᠯ᠎ᠦᠨ ᠦᠰᠭᠡᠨ ᠪᠤᠢᠵᠢᠭᠤᠯᠬᠤ ᠲᠥᠷᠥᠯ᠎ᠢ ᠤᠶᠠᠯᠳᠤᠭᠤᠯᠵᠤ᠂ ᠨᠠᠰᠤᠵᠢᠯ᠂ ᠪᠡᠶ᠎ᠡ ᠮᠠᠬᠠᠪᠤᠳ᠎ᠤᠨ ᠵᠡᠮᠳᠡᠭ᠎ᠦᠨ ᠬᠡᠮᠵᠢᠶ᠎ᠡ ᠵᠢᠴᠢ ᠠᠮᠢᠳᠤᠷᠠᠯ᠎ᠢᠶᠠᠨ ᠠᠷᠭᠠᠴᠠᠭᠠᠬᠤ ᠴᠢᠳᠠᠪᠤᠷᠢ ᠵᠡᠷᠭᠡ᠎ᠵᠢ ᠦᠨᠳᠦᠰᠦᠯᠡᠨ ᠠᠰᠠᠷᠠᠮᠵᠢ᠎ᠶ᠋ᠢᠨ ᠬᠦᠷᠢᠶᠡᠯᠡᠩ᠎ᠳᠦ ᠤᠷᠤᠭ᠍ᠰᠠᠨ ᠬᠡᠦᠬᠡᠳ᠎ᠢ ᠲᠦᠷᠦᠯ ᠬᠤᠪᠢᠶᠠᠨ ᠨᠠᠷᠢᠯᠢᠭ ᠦᠰᠭᠡᠨ ᠬᠦᠮᠦᠵᠢᠬᠦᠯᠪᠡ᠃
《ᠪᠢᠳᠡ ᠶᠡᠷᠦᠩᠬᠡᠶ ᠱᠦᠵᠢ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ ᠥᠨᠥᠴᠢᠨ ᠬᠡᠦᠬᠡᠳ ᠪᠠ ᠺᠠᠳ᠋ᠷ ᠠᠵᠢᠯᠲᠠᠨ᠎ᠢ ᠡᠷᠬᠢᠨ ᠦᠵᠡᠵᠦ ᠲᠣᠬᠣᠨᠢᠭᠤᠯᠬᠤ ᠦᠶ᠎ᠡ᠎ᠵᠢᠨ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠦᠷᠭᠦᠯᠵᠢᠯᠡᠨ ᠰᠠᠢᠲᠤᠷ ᠳᠤᠭᠤᠰᠢᠯᠠᠭᠤᠯᠤᠨ ᠨᠠᠢᠳᠠᠪᠤᠷᠢᠵᠢᠭᠤᠯᠵᠤ᠂ ᠬᠡᠦᠬᠡᠳ᠎ᠦᠨ ᠦᠨᠳᠦᠰᠦᠨ ᠡᠷᠬᠡ ᠠᠱᠢᠭ᠎ᠢ ᠪᠥᠬᠥ᠌ ᠬᠦᠴᠦᠨ᠎ᠢᠶᠡᠷ᠎ᠢᠶᠡᠨ ᠪᠠᠲᠤᠯᠠᠨ᠎ᠠ᠃ ᠶᠡᠷᠦᠩᠬᠡᠶ ᠱᠦᠵᠢ ᠰᠠᠨᠠᠭ᠎ᠠ ᠠᠮᠤᠷ ᠪᠠᠢᠭᠠᠷᠠᠶ! ᠪᠢᠳᠡ ᠤᠭ ᠰᠠᠨᠠᠭ᠎ᠠ᠎ᠪᠠᠨ ᠦᠯᠦ ᠮᠠᠷᠳᠠᠨ᠂ ᠦᠷᠭᠦᠯᠵᠢᠯᠡᠨ ᠤᠷᠤᠭ᠍ᠰᠢᠯᠠᠵᠤ᠂ ᠮᠥᠷᠥ᠍ ᠵᠡᠷᠭᠡᠴᠡᠨ᠂ ᠭᠠᠷ ᠭᠠᠷ᠎ᠢᠶᠠᠨ ᠬᠣᠯᠪᠣᠯᠴᠠᠵᠤ᠂ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠥᠨᠥᠴᠢᠨ ᠥᠷᠥᠭᠡᠰᠦᠨ ᠬᠡᠦᠬᠡᠳ᠎ᠲᠦ ᠦᠶ᠋ᠯᠡᠴᠢᠯᠡᠨ᠎ᠡ!》 ᠭᠡᠵᠦ᠍ ᠢᠦᠶ ᠲᠤᠤ ᠬᠥᠬᠡᠬᠣᠲᠠ᠎ᠶ᠋ᠢᠨ ᠬᠡᠦᠬᠡᠳ᠎ᠦᠨ ᠠᠰᠠᠷᠠᠮᠵᠢ᠎ᠶ᠋ᠢᠨ ᠬᠦᠷᠢᠶᠡᠯᠡᠩ᠎ᠦᠨ ᠪᠥᠬᠥ᠌ ᠺᠠᠳ᠋ᠷ ᠠᠵᠢᠯᠲᠠᠨ᠎ᠢ ᠲᠥᠯᠥᠭᠡᠯᠡᠨ ᠡᠷᠡᠰ ᠪᠠᠳᠤ ᠬᠡᠯᠡᠨ᠎ᠡ᠃