ᠬᠦᠭᠡᠷᠡᠨ ᠰᠦᠨᠳᠡᠷᠯᠡᠬᠦ ᠠᠯᠠᠱᠠ ᠠᠭᠤᠯᠠ ᠠᠮᠢᠳᠤ ᠪᠤᠳᠠᠰ᠎ᠤᠨ ᠡᠷᠳᠠᠨᠢ᠎ᠵᠢᠨ ᠬᠦᠮᠦᠷᠭᠡ
2021-11-22 10:10:14
ᠵᠣᠬᠢᠶᠠᠭ᠍ᠴᠢ᠄
ᠠᠭᠤᠯᠠ
ᠣᠩᠱᠢᠭ᠍ᠰᠠᠨ ᠣᠳᠠᠭ᠎ᠠ᠄
★★★☆☆

ᠵᠡᠷᠯᠢᠭ ᠴᠠᠭᠠᠨ ᠢᠷᠪᠢᠰ ᠭᠡᠵᠤ ᠮᠠᠰᠢ ᠬᠣᠪᠣᠷ ᠴᠤᠬᠠᠭ ᠤᠯᠤᠰ᠎ᠤᠨ ᠨᠢᠭᠡᠳᠦᠭᠡᠷ ᠳᠡᠰ᠎ᠤᠨ ᠬᠠᠮᠠᠭᠠᠯᠠᠯᠲᠠ᠎ᠶ᠋ᠢᠨ ᠠᠮᠢᠲᠠᠨ ᠪᠤᠯᠬᠤ ᠶᠤᠮ᠃ ᠣᠢᠷ᠎ᠠ᠎ᠳᠤ᠂ ᠠᠯᠠᠱᠠ ᠠᠭᠤᠯᠠᠨ ᠎ᠳᠤ ᠲᠠᠯᠪᠢᠵᠤ ᠶᠠᠪᠤᠭᠤᠯᠤᠭᠰᠠᠨ ᠨᠢᠭᠡ ᠵᠡᠷᠯᠢᠭ ᠴᠠᠭᠠᠨ ᠢᠷᠪᠢᠰ ᠣᠯᠠᠨ ᠎ᠤ ᠠᠩᠬᠠᠷᠤᠯ᠎ᠢ ᠶᠡᠬᠡᠳᠡ ᠲᠠᠲᠠᠵᠠᠶ᠃ ᠰᠠᠷ᠎ᠠ ᠭᠠᠷᠤᠶ ᠎ᠶ᠋ᠢᠨ ᠲᠤᠷᠰᠢ ᠂ ᠵᠡᠷᠯᠢᠭ ᠴᠠᠭᠠᠨ ᠢᠷᠪᠢᠰ ᠠᠯᠠᠱᠠ ᠠᠭᠤᠯᠡᠨ᠎ᠳᠤ ᠠᠮᠢᠳᠤᠷᠠᠵᠤ᠂ ᠱᠢᠨᠵᠢᠯᠡᠬᠦ᠌ ᠤᠬᠠᠭᠠᠨᠳᠠᠨ ᠰᠤᠳᠤᠯᠭᠠᠲᠠᠳ ᠪᠠᠰᠠ ᠲᠡᠭᠦᠨ᠎ᠦ ᠠᠭᠤᠯᠠᠨ᠎ᠳ᠋ᠤ ᠢᠳᠡᠵᠦ᠍ ᠥᠩᠭᠡᠷᠡᠭ᠌ᠰᠡᠨ 2 ᠶᠠᠩᠬᠢᠷ ᠢᠮᠠᠭᠠᠨ᠎ᠤ ᠰᠡᠭ ᠎ᠢ ᠤᠯᠵᠤ ᠰᠡᠭᠦᠳᠡᠷᠯᠡᠭᠰᠡᠨ ᠪᠠᠢᠪᠠ᠃

ᠵᠢᠯ ᠪᠦᠷᠢ᠎ᠶ᠋ᠢᠨ 10 ᠰᠠᠷ᠎ᠠ ᠎ᠶ᠋ᠢᠨ 23᠎ᠤ᠋ ᠡᠳᠦᠷ ᠪᠣᠯ ᠳᠡᠯᠡᠬᠡᠶ ᠎ᠶ᠋ᠢᠨ ᠴᠠᠭᠠᠨ ᠢᠷᠪᠢᠰ᠎ᠦᠨ ᠡᠳᠦᠷ ᠪᠣᠯᠤᠨ᠎ᠠ᠃ 《ᠪᠢᠳᠡ 10 ᠰᠠᠷ᠎ᠠ ᠎ᠶ᠋ᠢᠨ 23 ᠎ᠤ ᠡᠳᠦᠷ᠎ᠦᠨ 14 ᠴᠠᠭ᠎ᠲᠤ ᠡᠨᠡ ᠬᠦ᠌ ᠴᠠᠭᠠᠨ ᠢᠷᠪᠢᠰ᠎ᠲᠦ ᠵᠡᠭᠦᠯᠭᠡᠭ᠌ᠰᠡᠨ ᠰᠣᠨᠳᠣᠷ᠎ᠤᠨ ᠴᠠᠭᠠᠷᠢᠭ᠎ᠤᠨ ᠪᠤᠴᠠᠭᠠᠨ ᠲᠠᠮᠵᠢᠭᠤᠯᠤᠭᠰᠠᠨ ᠲᠣᠭ᠎ᠠ ᠪᠠᠷᠢᠮᠲᠠ᠎ᠠᠴᠠ ᠴᠠᠭᠠᠨ ᠢᠷᠪᠢᠰ ᠨᠢᠩᠱᠢᠶᠠ᠎ᠶ᠋ᠢᠨ ᠬᠢᠯᠢ᠎ᠳᠦ ᠣᠷᠣᠵᠤ᠂ ᠣᠲᠣ ᠶᠠᠭ ᠱᠢᠤᠸᠠᠢ ᠯᠢᠩ ᠽᠢ ᠦᠵᠡᠮᠵᠢ᠎ᠶ᠋ᠢᠨ ᠣᠷᠣᠨ ᠪᠣᠯᠤᠨ ᠰᠦ᠍ ᠢᠦᠶ ᠺᠸᠤ ᠦᠵᠡᠮᠵᠢ᠎ᠶ᠋ᠢᠨ ᠣᠷᠣᠨ᠎ᠤ ᠳᠤᠮᠳᠠ ᠬᠡᠰᠡᠭ᠎ᠦᠨ ᠰᠢᠭᠤᠢᠳᠤ ᠤᠷᠤᠨ ᠵᠢᠡᠷ ᠬᠦᠳᠡᠯᠭᠡᠭᠡᠨ ᠬᠢᠵᠦ᠍ ᠪᠠᠢᠬᠤ᠎ᠶ᠋ᠢ ᠣᠯᠵᠤ ᠮᠡᠳᠡᠵᠡᠶ᠃ ᠠᠯᠠᠱᠠ ᠠᠭᠤᠯᠠᠨ᠎ᠤ ᠬᠡᠭᠡᠷ᠎ᠡ᠎ᠶ᠋ᠢᠨ ᠠᠮᠢᠲᠠᠨ ᠤᠷᠭᠤᠮᠠᠯ ᠲᠤᠢᠯ᠎ᠤᠨ ᠡᠯᠪᠡᠭ᠂ ᠠᠮᠢ ᠠᠬᠤᠶ᠎ᠶ᠋ᠢᠨ ᠣᠷᠴᠢᠨ ᠨᠥᠬᠥᠴᠡᠯ ᠰᠠᠢᠨ᠂ ᠴᠠᠭᠠᠨ ᠢᠷᠪᠢᠰ ᠡᠨᠳᠡ ᠦᠨᠳᠦᠰᠦᠨ᠎ᠳᠡᠭᠡᠨ ᠵᠣᠬᠢᠴᠠᠵᠤ ᠂ ᠣᠲᠣ ᠶᠠᠭ ᠬᠠᠷᠢᠶᠠᠳᠤ ᠨᠤᠲᠤᠭ᠎ᠵᠢᠡᠨ ᠲᠠᠨᠢᠨ ᠤᠢᠯᠠᠭᠠᠵᠤ ᠪᠤᠢ᠃ ᠪᠢᠳᠡ ᠴᠠᠭᠠᠨ ᠢᠷᠪᠢᠰ᠎ᠦᠨ ᠲᠠᠷᠠᠭᠠᠴᠢ᠎ᠶ᠋ᠢᠨ ᠬᠦᠳᠡᠯᠦᠯ ᠎ᠢ ᠦᠷᠭᠦᠯᠵᠢᠯᠡᠨ ᠨᠠᠷᠢᠨ ᠨᠢᠮᠪᠠᠶ ᠠᠵᠢᠭᠯᠠᠬᠤ᠎ᠶ᠋ᠢᠨ ᠬᠠᠮᠲᠤ ᠴᠠᠭᠠᠨ ᠢᠷᠪᠢᠰ᠎ᠦᠨ ᠬᠥᠳᠡᠯᠦᠯ ᠪᠠᠢᠳᠠᠯ᠎ᠤᠨ ᠮᠡᠳᠡᠭᠡ ᠵᠠᠩᠭᠢ᠎ᠶ᠋ᠢ ᠤᠷᠢᠳᠴᠢᠯᠠᠨ ᠰᠡᠷᠡᠮᠵᠢᠯᠡᠭᠦᠯᠵᠦ᠍ ᠤᠷᠢᠳᠴᠢᠯᠠᠨ ᠮᠡᠳᠡᠭᠡᠯᠡᠬᠦ᠌᠎ᠪᠡᠨ ᠦᠷᠭᠦᠯᠵᠢᠯᠡᠨ ᠴᠢᠩᠭᠠᠳᠭᠠᠵᠤ᠂ ᠬᠥᠮᠦᠨ ᠪᠣᠯᠤᠨ ᠬᠡᠭᠡᠷ᠎ᠡ᠎ᠶ᠋ᠢᠨ ᠠᠮᠢᠲᠠᠨ᠎ᠤ ᠡᠶ᠎ᠡ ᠵᠣᠬᠢᠴᠠᠡᠭᠭᠤᠢ᠎ᠪᠡᠷ ᠬᠠᠮᠲᠤᠷᠠᠨ ᠣᠷᠣᠱᠢᠬᠤ᠎ᠶ᠋ᠢ ᠦᠨᠡᠨ ᠬᠦ᠌ ᠪᠠᠲᠤᠯᠠᠨ᠎ᠠ》ᠭᠡᠵᠦ ᠠᠯᠠᠱᠠ ᠠᠭᠤᠯᠠ᠎ᠵᠢᠨ ᠤᠯᠤᠰ᠎ᠤᠨ ᠲᠠᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ᠎ᠣᠷᠣᠨ᠎ᠤ᠎ᠬᠠᠮᠢᠶᠠᠷᠤᠯᠲᠠ᠎ᠶ᠋ᠢᠨ᠎ᠲᠣᠪᠴᠢᠶᠠᠨ᠎ᠤ ᠠᠵᠢᠯᠲᠠᠨ ᠰᠤᠷᠪᠤᠯᠵᠢᠯᠠᠭ᠍ᠴᠢ᠎ᠳᠤ ᠬᠡᠯᠠᠨ᠎ᠠ᠃


QQ截图20211122085954.png


                       ᠠᠯᠠᠱᠠ ᠠᠭᠤᠯᠠ    ᠪᠢᠯᠢᠭ᠌ᠲᠦ ᠰᠡᠭᠦᠳᠡᠷᠯᠡᠪᠡ


ᠠᠯᠠᠱᠠ ᠠᠭᠤᠯᠠ ᠪᠠᠷᠠᠭᠤᠨ ᠪᠡᠶ᠎ᠠ ᠪᠡᠷ᠎ᠵᠢᠡᠨ ᠮᠢᠩᠭᠠᠨ ᠭᠠᠵᠠᠷ᠎ᠤᠨ ᠾᠧᠰᠢ ᠵᠢᠨ ᠬᠤᠡᠭ᠌ᠬᠢᠯ ᠎ᠲᠡᠶ ᠵᠠᠯᠭᠠᠯᠳᠤᠨ ᠂ ᠤᠢ᠍ᠢᠷ᠎ᠡ᠎ᠠᠴᠠ ᠪᠠᠷᠠᠯᠠᠬᠤᠶ᠎ᠠ ᠴᠢ ᠯᠢᠶᠠᠨ ᠱᠠᠨ ᠠᠭᠤᠯᠠ᠎ᠲᠠᠶ ᠵᠠᠯᠭᠠᠯᠳᠤᠵᠤ᠂ ᠪᠠᠳᠠᠢ᠎ᠶ᠋ᠢᠨ ᠵᠢᠷᠠᠨ᠂ ᠲᠩᠷᠢ᠂ ᠤᠯᠠᠭᠠᠨᠪᠤᠬ᠎ᠠ ᠭᠤᠷᠪᠠᠨ ᠶᠡᠬᠡ ᠡᠯᠡᠰᠦᠨ ᠴᠦᠯ᠎ᠢ ᠪᠠᠭᠳᠠᠭᠠᠵᠤ ᠂ ᠨᠢᠭᠡᠨ ᠵᠤᠷᠪᠤᠰ ᠪᠠᠢᠭᠠᠯᠢ᠎ᠶ᠋ᠢᠨ ᠠᠮᠢ ᠠᠬᠤᠢ᠎ᠶ᠋ᠢᠨ ᠬᠠᠯᠬᠠᠪᠴᠢ ᠪᠤᠯᠵᠤ᠂ ᠪᠠᠷᠠᠭᠤᠨ ᠬᠣᠢᠲᠤ᠎ᠶ᠋ᠢᠨ᠎ᠬᠦᠢᠳᠡᠨ ᠤᠷᠤᠰᠭᠠᠯ᠎ᠢ ᠬᠣᠷᠢᠭ᠍ᠯᠠᠵᠤ᠂ ᠰᠠᠯᠬᠢ ᠡᠯᠡᠰᠦᠨ᠎ᠦ ᠵᠡᠭᠦᠨᠰᠢ ᠤᠷᠤᠭ᠍ᠰᠢᠯᠠᠬᠤ᠎ᠶ᠋ᠢ ᠬᠠᠰᠢᠨ᠂ ᠠᠮᠢ ᠠᠬᠤᠢ ᠣᠷᠴᠢᠨ ᠲᠣᠭᠣᠷᠢᠨ ᠨᠢ ᠬᠠᠳᠤᠨ ᠭᠣᠣᠯ᠂ ᠨᠢᠩᠱᠢᠶᠠ᠎ᠶ᠋ᠢᠨ ᠲᠠᠯ᠎ᠠ ᠭᠠᠵᠠᠷ ᠂ ᠪᠣᠷᠣᠲᠣᠬᠣᠢ᠎ᠶ᠋ᠢᠨ ᠲᠠᠯ᠎ᠠ ᠭᠠᠵᠠᠷ ᠵᠢᠴᠢ ᠪᠠᠷᠠᠭᠤᠨ ᠬᠣᠢᠲᠤ ᠂ ᠤᠮᠠᠷᠠᠲᠤ ᠣᠷᠣᠨ᠎ᠤ ᠠᠮᠢ ᠠᠬᠤᠢ᠎ᠶ᠋ᠢᠨ ᠠᠮᠤᠷ ᠲᠦᠪᠱᠢᠨ᠎ᠢ ᠱᠢᠭᠤᠳ ᠨᠥᠯᠥᠭᠡᠯᠡᠵᠦ᠍ ᠪᠠᠢᠳᠠᠭ᠃

ᠳᠡᠭᠡᠷ᠎ᠡ ᠵᠠᠭᠤᠨ᠎ᠤ ᠨᠠᠶᠠᠭᠠᠳ ᠣᠨ᠎ᠳᠤ᠂ ᠳᠠᠭᠠᠭᠠᠴᠠ᠎ᠠᠴᠠ ᠬᠡᠲᠦᠷᠡᠲᠡᠯ᠎ᠡ ᠮᠠᠯᠵᠢᠭ᠍ᠰᠠᠨ᠎ᠠᠴᠠ ᠪᠤᠯᠵᠤ᠂ ᠠᠯᠠᠱᠠ ᠠᠭᠤᠯᠠ᠎ᠶ᠋ᠢᠨ ᠠᠮᠢ ᠠᠬᠤᠢ ᠣᠷᠴᠢᠨ ᠲᠣᠭᠣᠷᠢᠨ ᠬᠦᠨᠳᠦ ᠨᠣᠴᠢᠲᠠᠢ ᠡᠪᠳᠡᠭ᠌ᠳᠡᠵᠦ᠍᠂ ᠤᠢ ᠱᠢᠭᠤᠢ ᠨᠤᠳᠤᠭ ᠪᠡᠯᠴᠢᠭᠡᠷ᠎ᠤᠨ ᠤᠷᠭᠤᠮᠠᠯ᠎ᠤᠨ ᠪᠦᠷᠬᠦᠴᠡ ᠮᠡᠳᠡᠭ᠌ᠳᠡᠮ᠎ᠡ ᠮᠠᠭᠤᠳᠠᠨ ᠂ ᠬᠥᠷᠥᠰᠥ᠍ ᠱᠢᠷᠣᠢ᠎ᠶ᠋ᠢᠨ ᠢᠳᠡᠭ᠌ᠳᠡᠯ ᠬᠦᠨᠳᠦ ᠨᠣᠴᠢᠲᠠᠢ ᠪᠤᠯᠵᠤ᠂ ᠠᠯᠠᠱᠠ ᠠᠭᠤᠯᠠ᠎ᠶ᠋ᠢᠨ ᠤᠰᠤᠨ᠎ᠤ ᠡᠬᠢ ᠰᠤᠷᠪᠤᠯᠵᠢ᠎ᠶ᠋ᠢ ᠬᠠᠳᠠᠭᠠᠯᠠᠬᠤ ᠴᠢᠳᠠᠮᠵᠢ ᠴᠤ᠌ ᠮᠡᠳᠡᠭ᠌ᠳᠡᠮ᠎ᠡ ᠪᠠᠭᠤᠷᠠᠪᠠ᠃ ᠡᠭᠦᠨ᠎ᠦ ᠲᠦᠯᠦᠭᠡ ᠂ ᠠᠯᠠᠱᠠ ᠠᠢᠮᠠᠭ ᠎ᠤᠨ ᠬᠢᠨ ᠪᠠᠯᠠ ᠮᠥᠩᠭᠥ᠌ ᠴᠤᠭ᠍ᠯᠠᠭᠤᠯᠵᠤ᠂ ᠡᠩ ᠲᠡᠷᠢᠭᠦᠨ᠎ᠳᠦ ᠠᠭᠤᠯᠠ ᠳᠠᠭᠠᠤ ᠰᠤᠮᠤ ᠱᠢᠶᠠᠩ ᠪᠠᠯᠭᠠᠰᠤ᠎ᠳᠤ ᠪᠠᠯᠴᠢᠭᠡᠷᠯᠡᠬᠦᠯᠬᠦ᠎ᠵᠢ ᠴᠠᠭᠠᠵᠠᠯᠠᠵᠤ᠎ᠤᠢᠵᠢᠭᠤᠯᠬᠤ᠎ᠪᠠ ᠠᠷᠠᠳ᠎ᠢ ᠨᠡᠭᠦᠯᠭᠡᠬᠦ᠌ ᠲᠥᠷᠥ᠎ᠶ᠋ᠢᠨ ᠪᠣᠳᠣᠯᠭ᠎ᠠ᠎ᠶ᠋ᠢ ᠬᠡᠷᠡᠭ᠌ᠵᠢᠭᠦᠯᠵᠦ᠍᠂ 1043 ᠮᠠᠯᠵᠢᠬᠤ ᠡᠷᠦᠬᠡ᠎ᠶ᠋ᠢ ᠨᠡᠭᠦᠯᠭᠡᠨ᠂ ᠬᠠᠮᠠᠭᠠᠯᠠᠯᠲᠠ᠎ᠶ᠋ᠢᠨ ᠣᠷᠣᠨ᠎ᠤ ᠭᠠᠳᠠᠭᠤᠷ 115 ᠺᠢᠯᠣᠮᠧᠲ᠋ᠷ᠎ᠦᠨ ᠲᠤᠤᠷ ᠲᠠᠳᠠᠵᠤ᠂ ᠣᠶ ᠱᠢᠭᠤᠶ᠎ᠶ᠋ᠢᠨ ᠡᠬᠢ ᠪᠠᠶᠠᠯᠢᠭ᠎ᠢ ᠬᠠᠮᠢᠶᠠᠷᠤᠨ ᠬᠠᠮᠠᠭᠠᠯᠠᠬᠤ ᠡᠷᠴᠢᠮ᠎ᠢᠶᠡᠨ ᠴᠢᠩᠭᠠᠷᠠᠭᠤᠯᠤᠨ᠂ ᠣᠷᠳᠣ ᠬᠤᠭᠤᠴᠠᠭᠠᠨ᠎ᠤ ᠲᠤᠷᠱᠢᠬᠢ ᠣᠶ ᠱᠢᠭᠤᠶ ᠪᠠ ᠮᠠᠯ ᠠᠵᠤ ᠠᠬᠤᠶ᠎ᠶ᠋ᠢᠨ ᠵᠥᠷᠢᠴᠡᠯ᠎ᠢ ᠦᠨᠳᠦᠰᠦᠨ᠎ᠡᠴᠡ ᠨᠢ ᠱᠢᠶ᠋ᠳᠪᠦᠷᠢᠯᠡᠭᠰᠡᠨ ᠡᠴᠡ ᠠᠯᠠᠱᠠ ᠠᠭᠤᠯᠠ ᠡᠭᠦᠨ᠎ᠡᠴᠡ ᠡᠬᠢᠯᠡᠨ ᠠᠮᠤᠷᠵᠢᠨ ᠲᠡᠩᠬᠡᠭᠡᠷᠡᠵᠦ᠍᠂ ᠠᠮᠢ ᠠᠬᠤᠶ ᠣᠷᠴᠢᠨ ᠲᠣᠭᠣᠷᠢᠨ ᠵᠢᠯ ᠡᠴᠡ ᠪᠠᠨ ᠵᠢᠯ ᠰᠠᠢᠵᠢᠷᠠᠨ ᠰᠡᠷᠭᠦᠵᠦ᠍᠂ ᠣᠶ ᠱᠢᠭᠤᠶ ᠨᠤᠳᠤᠭ ᠪᠡᠯᠴᠢᠭᠡᠷ᠎ᠤᠨ ᠤᠷᠭᠤᠮᠠᠯ᠎ᠤᠨ ᠬᠤᠴᠢᠯᠭ᠎ᠠ᠎ᠶ᠋ᠢᠨ ᠠᠶᠠᠨᠳᠠᠭᠠᠨ ᠱᠢᠨᠡᠳᠬᠦ᠌ ᠴᠢᠳᠠᠪᠤᠷᠢ ᠲᠠᠰᠤᠷᠠᠯᠲᠠ ᠥᠬᠡᠶ ᠴᠢᠩᠭᠠᠷᠠᠨ᠂ ᠬᠡᠭᠡᠷ᠎ᠡ᠎ᠶ᠋ᠢᠨ ᠠᠮᠢᠲᠠᠨ᠎ᠤ ᠰᠦᠷᠦᠭᠵᠢᠯ ᠵᠢᠯ ᠳᠠᠷᠠᠭᠠᠯᠠᠨ ᠨᠡᠮᠡᠭᠳᠡᠪᠠ᠃ 2000 ᠣᠨ᠎ᠠᠴᠠ ᠰᠡᠭᠦᠯᠡᠷ᠂ ᠪᠠᠢᠭᠠᠯᠢ᠎ᠶ᠋ᠢᠨ ᠤᠢ᠎ᠶ᠋ᠢᠨ ᠬᠠᠮᠠᠭᠠᠯᠠᠯᠲᠠ᠎ᠶ᠋ᠢᠨ ᠢᠨᠵᠧᠨᠧᠷᠢᠩ᠎ᠢ ᠪᠦᠬᠦ᠌ ᠲᠠᠯ᠎ᠠ᠎ᠪᠠᠷ ᠡᠬᠢᠯᠡᠭᠦᠯᠵᠦ᠍᠂ ᠬᠠᠮᠠᠭᠠᠯᠠᠯᠲᠠ᠎ᠶ᠋ᠢᠨ ᠣᠷᠣᠨ ᠨᠢ ᠭᠣᠣᠯ ᠠᠵᠤ ᠠᠬᠤᠢ᠎ᠶ᠋ᠢᠨ ᠢᠷᠡᠯᠳᠡ ᠪᠣᠯᠬᠤ ᠪᠠᠢᠭᠠᠯᠢ᠎ᠶ᠋ᠢᠨ ᠤᠢ᠎ᠶ᠋ᠢᠨ ᠠᠷᠠᠴᠢᠯᠠᠨ ᠪᠣᠢᠵᠢᠭᠤᠯᠵᠤ ᠠᠯᠠᠭ᠍ᠯᠠᠨ ᠣᠭ᠍ᠲᠣᠯᠬᠤ ᠪᠠ ᠮᠣᠳᠣᠨ ᠮᠠᠲ᠋ᠧᠷᠢᠶᠠᠯ ᠪᠣᠷᠣᠯᠠᠭᠤᠯᠬᠤ᠎ᠪᠠᠨ ᠡᠷᠡᠰ ᠵᠣᠭ᠍ᠰᠣᠭᠠᠵᠤ᠂ ᠠᠭᠤᠯᠠ᠎ᠶ᠋ᠢ ᠪᠢᠲᠡᠭᠦᠮᠵᠢᠯᠡᠨ ᠤᠢᠵᠢᠭᠤᠯᠬᠤ᠂ ᠠᠮᠢ ᠠᠬᠤᠢ᠎ᠶ᠋ᠢᠨ ᠡᠬᠢ ᠪᠠᠶᠠᠯᠢᠭ᠎ᠢ ᠬᠠᠮᠠᠭᠠᠯᠠᠬᠤ᠎ᠪᠠᠷ ᠳᠠᠮᠵᠢᠭᠤᠯᠤᠨ ᠤᠢ ᠱᠢᠭᠤᠢ᠎ᠶ᠋ᠢᠨ ᠡᠬᠢ ᠪᠠᠶᠠᠯᠢᠭ᠎ᠤᠨ ᠠᠶᠠᠨᠳᠠᠭᠠᠨ ᠰᠡᠷᠭᠦᠬᠦ᠌᠎ᠶ᠋ᠢ ᠠᠬᠢᠭᠤᠯᠵᠤ ᠂ ᠬᠡᠭᠡᠷ᠎ᠡ᠎ᠶ᠋ᠢᠨ ᠠᠮᠢᠳᠠᠨ ᠤᠷᠭᠤᠮᠠᠯ᠎ᠤᠨ ᠣᠷᠣᠱᠢᠨ ᠠᠮᠢᠳᠤᠷᠠᠬᠤ᠎ᠳᠤ ᠰᠠᠢ᠌ᠨ ᠰᠠᠢᠬᠠᠨ ᠤᠷᠴᠢᠨ ᠨᠥᠬᠥᠴᠡᠯ᠎ᠢ ᠬᠠᠩᠭᠠᠵᠤ ᠥᠭ᠌ᠭᠦᠭ᠌ᠰᠡᠨ ᠪᠠᠢᠨ᠎ᠠ᠃

ᠨᠠᠮᠤᠷ᠎ᠤᠨ ᠰᠡᠭᠦᠯᠴᠢ᠎ᠪᠡᠷ ᠂ ᠠᠯᠠᠱᠠ ᠠᠭᠤᠯᠠᠨ ᠲᠡᠭᠡᠷ᠎ᠡ ᠡᠴᠡ ᠠᠯᠤᠰ᠎ᠢ ᠪᠠᠷᠠᠯᠠᠬᠤᠶ᠎ᠠ᠂ ᠬᠠᠮᠠᠭᠠᠯᠠᠯᠲᠠ᠎ᠶ᠋ᠢᠨ ᠣᠷᠣᠨ᠎ᠳᠤ ᠨᠠᠮᠤᠷ᠎ᠤᠨ ᠰᠢᠷᠭᠠᠯ ᠦᠵᠡᠮᠵᠢ ᠲᠠᠯ᠎ᠠ ᠵᠢ ᠳᠦᠭᠦᠷᠭᠡᠵᠦ᠂ ᠤᠢ ᠮᠤᠳᠤ ᠡᠪᠡᠰᠦ ᠪᠡᠯᠴᠢᠭᠡᠷ ᠢᠭ᠍ᠴᠤ ᠰᠠᠬᠤᠯᠢᠭ ᠴᠡᠯᠡᠭᠡᠷᠡᠨ᠎ᠠ᠃ ᠠᠭᠤᠯᠠ ᠬᠥᠪᠴᠢ᠎ᠶ᠋ᠢ ᠨᠡᠪᠲᠡᠯᠦᠨ᠂ ᠣᠷᠣᠱᠢᠨ ᠠᠮᠢᠳᠤᠷᠠᠵᠤ ᠪᠠᠢᠭ᠎ᠠ ᠡᠯ᠎ᠡ ᠵᠦᠶ᠋ᠯ᠎ᠦᠨ ᠠᠮᠢᠲᠠᠳ᠎ᠤᠨ ᠤᠷᠤᠨᠭᠨᠠᠬᠤ ᠲᠠᠭᠤᠨ ᠪᠠᠢᠨ ᠲᠠᠬᠢᠨ ᠲᠤᠭᠤᠯᠳᠠᠵᠤ ᠂ ᠱᠢᠪᠠᠭᠤᠳ᠎ᠤᠨ ᠵᠢᠷᠭᠢᠭᠡ ᠴᠢᠬᠢᠨ᠎ᠳᠦ ᠠᠶᠠᠳᠠᠢᠬᠠᠨ ᠰᠤᠨᠤᠰᠳᠠᠨ᠎ᠠ᠃

ᠡᠨᠡ ᠬᠡᠰᠡᠭ ᠬᠥᠪᠴᠢ ᠣᠶ᠎ᠳ᠋ᠤ᠂ ᠡᠯ᠎ᠡ ᠵᠦᠶ᠋ᠯ᠎ᠦᠨ ᠠᠮᠢᠲᠠᠨ ᠡᠴᠡ ᠭᠠᠳᠠᠨ᠎ᠠ᠂ ᠬᠠᠮᠤᠭ᠎ᠤᠨ ᠣᠯᠠᠨ ᠢᠯᠡᠷᠡᠳᠡᠭ ᠨᠢ ᠤᠢ ᠬᠠᠮᠠᠭᠠᠯᠠᠭᠴᠢ ᠪᠣᠯᠤᠨ᠎ᠠ᠃ ᠣᠳᠣ ᠵᠢᠨ ᠬᠠᠮᠠᠭᠠᠯᠠᠯᠲᠠ ᠶ᠋ᠢᠨ ᠣᠷᠣᠨ᠎ᠤ ᠬᠠᠮᠤᠭ᠎ᠤᠨ ᠵᠠᠯᠠᠭᠤ ᠬᠠᠮᠢᠶᠠᠷᠤᠨ ᠬᠠᠮᠠᠭᠠᠯᠠᠬᠤ ᠥᠷᠲᠡᠭᠡ᠎ᠵᠢᠨ ᠳᠠᠷᠤᠭ᠎ᠠ᠂ ᠱᠢᠤᠸᠠᠢ ᠯᠢᠩ ᠽᠢ ᠬᠠᠮᠢᠶᠠᠷᠤᠨ ᠬᠠᠮᠠᠭᠠᠯᠠᠬᠤ ᠥᠷᠲᠡᠭᠡ᠎ᠵᠢᠨ ᠪᠠᠶ ᠷᠦᠢ ᠭᠡᠵᠦ 2006 ᠣᠨ᠎ᠳᠤ ᠬᠠᠮᠢᠶᠠᠷᠤᠨ ᠬᠠᠮᠠᠭᠠᠯᠠᠬᠤ ᠥᠷᠲᠡᠭᠡᠨ᠎ᠳᠦ ᠠᠵᠢᠯ᠎ᠤᠨ ᠭᠠᠷᠤᠭ᠎ᠠ ᠪᠠᠨ ᠠᠪᠴᠤ᠂ ᠨᠢᠭᠡᠨᠲᠡ15 ᠬᠠᠪᠤᠷ ᠨᠠᠮᠤᠷ᠎ᠢ ᠤᠭᠳᠤᠴᠢᠬᠠᠭᠰᠠᠨ ᠪᠠᠢᠪᠠ᠃ ᠲᠡᠷᠡ ᠮᠣᠳᠣᠨ ᠳᠡᠭᠡᠷ᠎ᠡ ᠣᠷᠢᠶᠠᠵᠤ ᠪᠠᠢᠭ᠎ᠠ ᠱᠢᠷ᠎ᠠ ᠭᠣᠮ ᠪᠦᠰᠡ᠎ᠶ᠋ᠢ ᠵᠢᠭᠠᠭᠠᠳ ᠬᠣᠷᠣᠬᠠᠶ ᠰᠡᠷᠭᠡᠢᠯᠡᠬᠦ᠌ ᠲᠦᠬᠦᠮ ᠠᠷᠭ᠎ᠠ ᠭᠡᠵᠤ ᠲᠠᠨᠢᠯᠴᠠᠭᠤᠯᠤᠨ᠎ᠠ᠃ ᠲᠠᠷᠠ ᠪᠠᠰᠠ ᠮᠣᠳᠣᠨ ᠰᠠᠯᠠᠭᠠᠨ᠎ᠳᠤ ᠡᠯᠬᠦᠭᠳᠡᠭᠰᠡᠨ ᠮᠣᠳᠣᠨ ᠬᠠᠢᠷᠴᠠᠭ᠎ᠢ ᠵᠢᠭᠠᠵᠤ ᠂ ᠡᠨᠡ ᠪᠣᠯ ᠵᠣᠬᠢᠶᠠᠮᠠᠯ ᠱᠢᠪᠠᠭᠤᠨ ᠡᠭᠦᠷ᠂ ᠪᠣᠯᠵᠣᠮᠣᠷ᠎ᠲᠤ ᠠᠮᠤᠷ ᠲᠦᠪᠱᠢᠨ ᠣᠷᠣᠩᠨᠠᠬᠤ ᠭᠠᠵᠠᠷ ᠬᠠᠡᠭᠭᠠᠵᠤ ᠪᠠᠢᠭ᠎ᠠ ᠶᠤᠮ ᠭᠡᠨ᠎ᠠ᠃

ᠠᠯᠠᠱᠠ ᠠᠭᠤᠯᠠᠨ᠎ᠤ ᠠᠮᠢ ᠠᠬᠤᠶ ᠣᠷᠴᠢᠨ ᠲᠣᠭᠣᠷᠢᠨ᠎ᠤ ᠰᠠᠢᠵᠢᠷᠠᠯᠲᠠ᠎ᠨᠢ ᠣᠯᠠᠨ ᠵᠦᠶ᠋ᠯ᠎ᠦᠨ ᠠᠮᠢᠲᠠᠨ᠎ᠤ ᠣᠷᠣᠱᠢᠨ ᠲᠣᠭ᠍ᠲᠠᠨᠢᠬᠤ᠎ᠳᠦ ᠤᠷᠤᠨ ᠵᠠᠢ ᠬᠠᠨᠭᠭᠠᠭᠰᠠᠨ ᠵᠢᠡᠷ ᠪᠠᠷᠠᠬᠤ ᠦᠭᠡᠢ ᠠᠮᠢᠳᠠᠨ ᠎ᠢ ᠡᠬᠡ ᠪᠠᠢᠭᠠᠯᠢ ᠎ᠳᠦᠨᠢ ᠪᠤᠴᠠᠭᠠᠬᠤ ᠰᠠᠢᠬᠠᠨ ᠰᠠᠨᠠᠭ᠎ᠠ ᠲᠠᠢ  ᠬᠦᠮᠦᠰ ᠴᠤ᠌ ᠠᠯᠠᠱᠠ ᠠᠭᠤᠯᠠᠨ᠎ᠳᠤ ᠠᠩᠬᠠᠷᠤᠯ᠎ᠢᠶᠠᠨ ᠲᠥᠪᠯᠡᠷᠡᠭᠦᠯᠪᠡ᠃ 2020 ᠣᠨ᠎ᠳᠤ᠂ ᠣᠶ ᠬᠠᠮᠠᠭᠠᠯᠠᠭ᠍ᠴᠢ ᠠᠭᠤᠯᠠ ᠪᠡᠷ ᠴᠠᠭ᠍ᠳᠠᠨ ᠶᠠᠪᠤᠵᠤ ᠪᠠᠢᠳᠠᠯ᠎ᠠ ᠲᠠᠨᠢᠯ ᠪᠤᠰᠤ ᠨᠢᠭᠡᠨ ᠬᠦᠮᠤᠨ ᠦᠨᠡᠭᠡ ᠵᠢ ᠪᠠᠢᠭᠠᠯᠢ ᠵᠢᠨ ᠬᠠᠮᠠᠭᠠᠯᠠᠯᠲᠠ ᠵᠢᠨ ᠤᠷᠤᠨ᠎ᠳᠦ ᠲᠠᠯᠪᠢᠵᠤ ᠶᠠᠪᠤᠭᠤᠯᠬᠤ ᠪᠡᠷ ᠪᠡᠯᠡᠳᠭᠡᠵᠦ ᠪᠠᠢᠭ᠎ᠠ ᠵᠢ ᠣᠯᠵᠤ ᠬᠠᠷᠠᠪᠠ᠃ ᠦᠨᠡᠭᠡ᠎ᠶ᠋ᠢᠨ ᠢᠷᠡᠯᠲᠡ᠎ᠶ᠋ᠢ ᠮᠡᠳᠡᠬᠦ᠌ ᠦᠭᠡᠢ ᠤᠴᠢᠷ ᠡᠴᠡ  ᠣᠢ ᠬᠠᠮᠠᠭᠠᠯᠠᠭ᠍ᠴᠢ ᠲᠡᠷᠡ ᠳᠠᠷᠤᠶ᠎ᠳᠤᠨᠢ ᠬᠣᠷᠢᠭ᠍ᠯᠠᠨ ᠵᠣᠭ᠍ᠰᠣᠭᠠᠪᠠ᠃ 《ᠭᠠᠳᠠᠨ᠎ᠠ᠎ᠠᠴᠠ ᠢᠷᠡᠭ᠌ᠰᠡᠨ ᠠᠮᠢᠳᠤ ᠪᠣᠳᠠᠰ᠎ᠤᠨ ᠲᠥᠷᠥᠯ᠎ᠦᠨ ᠪᠣᠯᠤᠯᠴᠠᠭ᠎ᠠ᠎ᠶ᠋ᠢ ᠪᠢᠳᠡ ᠪᠣᠳᠣᠯᠬᠢᠯᠠᠬᠤ ᠬᠡᠷᠡᠭ᠌ᠲᠡᠶ ᠂ ᠭᠠᠳᠠᠨ᠎ᠠ᠎ᠠᠴᠠ ᠢᠷᠡᠭ᠌ᠰᠡᠨ ᠠᠮᠢᠳᠤ ᠪᠣᠳᠠᠰ᠎ᠤᠨ ᠲᠥᠷᠥᠯ ᠣᠷᠣᠵᠤ ᠢᠷᠡᠭ᠌ᠰᠡᠭᠡᠷ ᠳᠣᠲᠣᠭᠠᠳᠤ ᠣᠷᠴᠢᠯ᠎ᠤᠨ ᠱᠢᠰᠲ᠋ᠧᠮ᠎ᠢ ᠡᠪᠳᠡᠵᠦ᠍᠂ ᠲᠤᠬᠠᠶ᠎ᠶ᠋ᠢᠨ ᠭᠠᠵᠠᠷ᠎ᠤᠨ ᠠᠮᠢ ᠠᠬᠤᠶ᠎ᠣᠷᠴᠢᠨ ᠲᠣᠭᠣᠷᠢᠨ᠎ᠢ ᠱᠢᠭᠤᠳ ᠨᠥᠯᠥᠭᠡᠯᠡᠳᠡᠭ᠃ ᠡᠢᠮᠦ᠍᠎ᠠ᠋ᠴᠡ ᠣᠯᠠᠨ ᠵᠢᠯ᠎ᠦᠨ ᠲᠤᠷᠰᠢ᠂ ᠬᠠᠤᠯᠢ ᠪᠤᠰᠤ᠎ᠪᠠᠷ ᠬᠤᠯᠠᠭᠠᠢᠯᠠᠨ ᠠᠩᠨᠠᠬᠤ ᠵᠡᠷᠭᠡ ᠦᠶ᠋ᠯᠡ ᠠᠵᠢᠯᠯᠠᠭ᠎ᠠ᠎ᠳᠤ ᠴᠣᠬᠢᠯᠲᠠ ᠥᠭ᠌ᠬᠦ᠎ᠶ᠋ᠢᠨ ᠬᠠᠮᠲᠤ᠂ ᠠᠮᠢᠳᠠᠨ᠎ᠢ ᠲᠤᠷ᠎ᠠ ᠪᠡᠷ ᠨᠢ ᠡᠬᠡ ᠪᠠᠢᠭᠠᠯᠢ ᠎ᠳᠦᠨᠢ ᠪᠤᠴᠠᠭᠠᠬᠤ᠎ᠶ᠋ᠢ ᠬᠠᠮᠢᠶᠠᠷᠤᠨ ᠡᠵᠡᠮᠳᠡᠬᠦ᠌ ᠨᠢ ᠪᠠᠰᠠ ᠴᠤ᠌ ᠮᠠᠨ᠎ᠤ ᠬᠠᠮᠠᠭᠠᠯᠠᠯᠲᠠ᠎ᠶ᠋ᠢᠨ ᠭᠤᠤᠯᠳᠠᠯᠭ᠎ᠠ ᠪᠣᠯᠤᠨ᠎ᠠ᠃》ᠭᠡᠵᠦ᠍ ᠪᠠᠢ ᠷᠦᠢ ᠲᠠᠨᠢᠯᠴᠠᠭᠤᠯᠵᠤ ᠭᠠᠷᠤᠯ᠎ᠠ᠃ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠬᠠᠮᠠᠭᠠᠯᠠᠬᠤ᠎ᠶ᠋ᠢᠨ ᠲᠥᠯᠥᠭᠡ᠂ ᠠᠯᠠᠱᠠ ᠠᠭᠤᠯᠠ᠎ᠵᠢᠨ ᠤᠯᠤᠰ᠎ᠤᠨ ᠲᠠᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠤ ᠬᠠᠮᠢᠶᠠᠷᠤᠯᠲᠠ᠎ᠶ᠋ᠢᠨ ᠲᠣᠪᠴᠢᠶ᠎ᠠ ᠲᠦᠷᠦᠭᠦᠬᠡᠨ ᠪᠠᠰᠠ ᠬᠢᠯᠢᠨᠴᠡᠲᠦ ᠬᠣᠷᠣᠬᠠᠶ᠎ᠶ᠋ᠢ ᠬᠠᠤᠯᠢ ᠪᠤᠰᠤ᠎ᠪᠠᠷ ᠪᠠᠷᠢᠬᠤ ᠠᠵᠢᠯᠯᠠᠭ᠎ᠠ᠎ᠳᠤ ᠴᠤᠬᠢᠯᠲᠠ ᠦᠭᠪᠠ᠃ ᠵᠡᠷᠯᠢᠭ ᠬᠢᠯᠢᠨᠴᠡᠲᠦ ᠬᠣᠷᠣᠬᠠᠶ ᠪᠣᠯ ᠠᠮᠢ ᠠᠬᠤᠶ᠎ᠶ᠋ᠢᠨ ᠭᠢᠨᠵᠢ᠎ᠳᠡᠬᠢ ᠲᠤᠢᠯ᠎ᠤᠨ ᠴᠢᠬᠤᠯᠠ ᠨᠢᠭᠡ ᠭᠣᠭ᠍ᠴᠣᠭ᠎ᠠ ᠪᠣᠯᠤᠨ᠎ᠠ᠂ ᠨᠢᠭᠡ ᠬᠢᠯᠢᠨᠴᠡᠲᠦ ᠬᠣᠷᠣᠬᠠᠶ ᠨᠢᠭᠡ ᠵᠢᠯ᠎ᠳᠦ ᠤᠯᠠᠨ ᠴᠠᠷᠴᠠᠬᠠᠶ ᠂ ᠤᠯᠠᠭᠠᠨ ᠠᠭᠠᠯᠵᠢ ᠵᠡᠷᠭᠡ ᠬᠤᠤᠷᠳᠦ ᠱᠢᠪᠠᠵᠢ᠎ᠶ᠋ᠢ ᠪᠠᠷᠢᠵᠤ ᠢᠳᠡᠳᠡᠭ ᠪᠣᠯᠬᠣᠷ ᠨᠤᠲᠤᠭ᠎ᠪᠡᠯᠴᠢᠭᠡᠷ᠎ᠤᠨ ᠠᠮᠢ ᠠᠬᠤᠶ᠎ᠶ᠋ᠢᠨ ᠲᠡᠩᠴᠡᠭᠦᠷᠢ᠎ᠶ᠋ᠢ ᠪᠠᠲᠤᠯᠠᠬᠤ᠎ᠳᠤ ᠴᠢᠬᠤᠯᠠ ᠦᠶ᠋ᠯᠡᠳᠦᠯ᠎ᠦᠵᠡᠭᠦᠯᠵᠦ ᠪᠠᠢᠭ᠎ᠠ ᠶᠤᠮ᠃ ᠲᠤᠰᠭᠠᠶ ᠠᠵᠢᠯᠯᠠᠭ᠎ᠠ ᠦᠷᠨᠢᠭᠦᠯᠬᠦ᠎ᠪᠠᠷ ᠳᠠᠮᠵᠢᠭᠤᠯᠤᠨ ᠂ ᠬᠡᠭᠡᠷ᠎ᠡ᠎ᠶ᠋ᠢᠨ ᠬᠢᠯᠢᠨᠴᠡᠲᠦ ᠬᠣᠷᠣᠬᠠᠶ᠎ᠶ᠋ᠢ ᠬᠠᠤᠯᠢ ᠪᠤᠰᠤ᠎ᠪᠠᠷ ᠪᠠᠷᠢᠭᠰᠠᠨ 500 ᠭᠠᠷᠤᠶ ᠬᠥᠮᠦᠨ (ᠤᠳᠠᠭ᠎ᠠ)  ᠢ᠋ ᠪᠠᠢᠴᠠᠭᠠᠨ ᠱᠢᠶ᠋ᠳᠪᠦᠷᠢᠯᠡᠵᠦ᠍ ᠂ ᠢᠳᠭᠠᠨ ᠪᠤᠴᠠᠭᠠᠯᠭᠠᠭ᠍ᠰᠠᠨ ᠪᠥᠭᠡᠳ ᠪᠠᠢᠴᠠᠭᠠᠵᠤ ᠣᠯᠤᠭ᠍ᠰᠠᠨ ᠬᠡᠭᠡᠷ᠎ᠡ᠎ᠶ᠋ᠢᠨ ᠬᠢᠯᠢᠨᠴᠡᠲᠦ ᠬᠣᠷᠣᠬᠠᠶ᠎ᠶ᠋ᠢ ᠪᠦᠬᠦᠨ᠎ᠢ ᠪᠠᠢᠭᠠᠯᠢ ᠎ᠳᠦᠨᠢ ᠲᠠᠯᠪᠢᠵᠤ ᠶᠠᠪᠤᠭᠤᠯᠵᠠᠶ᠃ ᠡᠢᠮᠦᠷᠬᠦᠦ ᠤᠯᠠᠨ ᠶᠠᠨᠭᠵᠤ ᠵᠢᠨ ᠲᠤᠰᠭᠠᠶ ᠠᠵᠢᠯᠯᠠᠭ᠎ᠠ ᠦᠷᠨᠢᠭᠦᠯᠵᠦ᠂ ᠬᠠᠤᠯᠢ᠎ᠡᠴᠡ ᠵᠥᠷᠢᠴᠡᠭ᠌ᠰᠡᠨ ᠦᠶ᠋ᠯᠡ ᠠᠵᠢᠯᠯᠠᠭ᠎ᠠ ᠎ᠳᠤ ᠦᠷᠭᠦᠯᠵᠢᠯᠡᠨ ᠴᠢᠩᠭ᠎ᠠ ᠴᠣᠬᠢᠯᠲᠠ ᠥᠭ᠌ᠬᠦ᠎ᠪᠡᠷ ᠳᠠᠮᠵᠢᠭᠤᠯᠤᠨ᠂ ᠠᠯᠠᠱᠠ ᠠᠭᠤᠯᠠ᠎ᠶ᠋ᠢᠨ ᠣᠶ ᠱᠢᠭᠤᠶ ᠨᠤᠲᠤᠭ ᠪᠡᠯᠴᠢᠭᠡᠷ᠎ᠦᠨ ᠠᠮᠢ ᠠᠬᠤᠶ ᠣᠷᠴᠢᠨ ᠲᠣᠭᠣᠷᠢᠨ ᠪᠠ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠪᠦᠲᠦᠮᠵᠢᠲᠡᠶ ᠬᠠᠮᠠᠭᠠᠯᠠᠬᠤ ᠶᠤᠮ᠃

ᠰᠤᠷᠪᠤᠯᠵᠢᠯᠠᠬᠤ ᠶᠠᠪᠤᠴᠠ᠎ᠳᠦ᠂ ᠪᠢᠳᠡᠨ ᠎ᠤ ᠰᠠᠭᠤᠭᠰᠠᠨ ᠮᠠᠱᠢᠨ ᠲᠡᠷᠭᠡ ᠠᠭᠤᠯᠠᠨ ᠳᠤᠮᠳᠠᠭᠤᠷ ᠲᠠᠪᠬᠢᠨ ᠪᠠᠢᠲᠠᠯ᠎ᠠ᠎ᠤᠯᠤᠰ᠎ᠤᠨ ᠬᠣᠶᠠᠳᠤᠭᠠᠷ ᠳᠡᠰ᠎ᠤᠨ ᠬᠠᠮᠠᠭᠠᠯᠠᠯᠲᠠ᠎ᠶ᠋ᠢᠨ ᠠᠮᠢᠲᠠᠨ᠂ ᠮᠥᠬᠥᠬᠦ᠌ ᠱᠢᠬᠠᠭ᠍ᠰᠠᠨ ᠠᠮᠢᠳᠠᠨ᠎ᠤ ᠲᠦᠷᠦᠯ ᠪᠤᠯᠬᠤ ᠶᠠᠩᠬᠢᠷ ᠪᠠᠢᠨ ᠲᠠᠬᠢᠨ ᠮᠠᠰᠢᠨ ᠲᠡᠷᠭᠡᠨ᠎ᠤ ᠡᠮᠦᠨᠡᠭᠦᠷ ᠵᠢᠷᠳᠢᠰᠬᠢᠨ ᠥᠩᠭᠡᠷᠡᠨ᠎ᠡ᠃ ᠣᠯᠠᠨ ᠵᠢᠯ᠎ᠦᠨ ᠣᠷᠴᠢᠨ ᠲᠣᠭᠣᠷᠢᠨ᠎ᠢ ᠴᠡᠭ᠌ᠴᠡᠯᠡᠨ ᠰᠠᠢᠵᠢᠷᠠᠭᠤᠯᠬᠤ ᠪᠠ ᠠᠮᠢ ᠠᠬᠤᠶ᠎ᠶ᠋ᠢ ᠰᠡᠷᠭᠦᠭᠡᠬᠦ᠌᠎ᠪᠡᠷ ᠳᠡᠮᠵᠢᠨ᠂ ᠬᠠᠮᠠᠭᠠᠯᠠᠯᠲᠠ ᠶ᠋ᠢᠨ ᠣᠷᠣᠨ ᠨᠢ ᠶᠠᠩᠬᠢᠷ᠂ ᠲᠤᠷᠤᠭ ᠪᠤᠭᠤ ᠵᠡᠷᠭᠡ ᠠᠮᠢᠳᠤ ᠪᠣᠳᠠᠰ᠎ᠤᠨ ᠣᠷᠣᠱᠢᠨ ᠠᠮᠢᠳᠤᠷᠠᠬᠤ᠂ ᠦᠰᠦᠨ ᠪᠣᠢᠵᠢᠬᠤ ᠲᠠᠪᠠᠳᠠᠢ ᠣᠷᠣᠨ ᠪᠣᠯᠵᠣ᠂ ᠬᠡᠭᠡᠷ᠎ᠡ᠎ᠶ᠋ᠢᠨ ᠠᠮᠢᠲᠠᠨ᠎ᠤ ᠰᠦᠷᠦᠭᠵᠢᠯ ᠡᠳᠦᠷ ᠢᠷᠡᠬᠦᠶ᠎ᠡ ᠪᠤᠵᠠᠭᠠᠢᠷᠠᠪᠠ᠃ ᠣᠳᠣᠬᠠᠨ᠎ᠳᠤ᠂ ᠬᠠᠮᠠᠭᠠᠯᠠᠯᠲᠠ᠎ᠶ᠋ᠢᠨ ᠣᠷᠣᠨ᠎ᠤ ᠶᠠᠩᠬᠢᠷ᠎ᠤᠨ ᠶᠡᠷᠦᠩᠬᠡᠶ ᠲᠣᠭ᠎ᠠ 5 ᠲᠦᠮᠡ᠎ᠵᠢ ᠲᠠᠪᠠᠵᠤ᠂ ᠳᠡᠯᠡᠬᠡᠶ᠎ᠶ᠋ᠢᠨ ᠶᠠᠩᠬᠢᠷ᠎ᠤᠨ ᠲᠠᠷᠬᠠᠯᠲᠠ᠎ᠶ᠋ᠢᠨ ᠨᠢᠭ᠍ᠲᠠᠴᠠ ᠬᠠᠮᠤᠭ᠎ᠤᠨ ᠥᠨᠳᠥᠷ ᠭᠠᠵᠠᠷ ᠣᠷᠣᠨ᠎ᠤ ᠨᠢᠭᠡ ᠪᠣᠯᠵᠠᠶ᠃ ᠲᠤᠷᠤᠭ ᠪᠤᠭᠤ 2001 ᠣᠨ᠎ᠳᠤ 2000 ᠪᠠᠢᠭ᠍ᠰᠠᠨ᠎ᠠᠴᠠ᠎ᠪᠠᠨ ᠨᠡᠮᠡᠭ᠌ᠳᠡᠭᠡᠳ 7000᠎ᠵᠢ ᠲᠠᠪᠠᠵᠤ᠂  ᠲᠠᠷᠠᠴᠢᠯᠠᠨ ᠬᠡᠪᠴᠢᠶ᠎ᠡ᠎ᠪᠡᠷ ᠲᠤᠢᠯ᠎ᠤᠨ ᠬᠢᠵᠠᠭᠠᠷ᠎ᠲᠠᠶ ᠳᠤᠮᠳᠠᠳᠤ ᠤᠯᠤᠰ᠎ᠤᠨ ᠣᠨᠴᠠ ᠡᠭᠦᠯᠳᠡᠷ ᠪᠣᠯᠬᠤ ᠠᠯᠠᠱᠠ ᠠᠭᠤᠯᠠ᠎ᠶ᠋ᠢᠨ ᠤᠭᠤᠳᠤᠨ᠎ᠠ᠂ ᠴᠢᠨᠠᠭ᠍ᠰᠢᠯᠠᠭᠠᠳ 67 ᠵᠢᠯ ᠠᠯᠠᠭ᠎ᠠ ᠪᠣᠯᠤᠭ᠍ᠰᠠᠨ ᠴᠠᠭᠠᠨ ᠢᠷᠪᠢᠰ ᠎ᠴᠤ ᠠᠯᠠᠱᠠ ᠠᠭᠤᠯᠠᠨ᠎ᠳᠤ ᠳᠠᠬᠢᠨᠲᠠ ᠢᠯᠡᠷᠡᠭᠰᠡᠨ ᠪᠠᠢᠨ᠎ᠠ ᠭᠡᠵᠤ ᠪᠠᠶ ᠷᠦᠢ ᠲᠠᠨᠢᠯᠴᠠᠭᠤᠯᠤᠨ᠎ᠠ᠃

ᠥᠨᠥᠳᠦᠷ᠎ᠦᠨ ᠠᠯᠠᠱᠠ ᠠᠭᠤᠯᠠᠨ᠎ᠳᠤ᠂ ᠪᠠᠯᠠᠷ ᠣᠶ᠎ᠶ᠋ᠢᠨ ᠥᠩᠭᠡ ᠦᠵᠡᠮᠵᠢ ᠭᠤᠢᠳᠠ ᠰᠠᠢᠬᠠᠨ ᠵᠢᠷᠤᠭᠯᠠᠭᠳᠠᠵᠤ᠂ ᠨᠠᠷᠠᠰᠤ ᠮᠠᠢᠯᠠᠰᠤ ᠬᠥᠬᠡᠷᠡᠨ ᠨᠣᠭᠣᠭᠠᠷᠠᠨ᠂ ᠴᠢᠯᠠᠭᠤᠨ ᠳᠡᠭᠡᠷᠡᠬᠢ ᠬᠥᠪᠳᠥ ᠪᠡᠬᠡᠨ ᠨᠣᠭᠣᠭᠠᠨ ᠨᠢ ᠵᠢᠷᠤᠭ ᠮᠡᠲᠦ ᠲᠤᠳᠤᠷᠠᠵᠤ᠂ ᠲᠤᠷᠤᠭ ᠪᠤᠭᠤ᠂ ᠶᠠᠩᠬᠢᠷ᠂ ᠦᠨᠡᠭᠡ ᠵᠡᠷᠭᠡ ᠬᠡᠭᠡᠷ᠎ᠡ ᠵᠢᠨ ᠠᠮᠢᠳᠠᠳ ᠦᠷᠭᠦᠯᠵᠢ ᠣᠶ ᠱᠢᠭᠤᠶ᠎ᠪᠠᠷ ᠰᠦᠯᠵᠢᠯᠳᠦᠵᠦ ᠪᠠᠢᠳᠠᠭ᠃ ᠠᠯᠠᠱᠠ ᠠᠭᠤᠯᠠ ᠎ᠵᠢᠨ ᠤᠯᠤᠰ᠎ᠤᠨ ᠲᠠᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠤ ᠬᠠᠮᠢᠶᠠᠷᠤᠯᠲᠠ᠎ᠶ᠋ᠢᠨ ᠲᠣᠪᠴᠢᠶᠠᠨ᠎ᠤ ᠳᠡᠳ᠋ ᠳᠠᠷᠤᠭ᠎ᠠ ᠰᠦᠨ ᠫᠢᠩ᠄ 《ᠪᠢᠳᠡ ᠵᠠᠪᠠᠯ ᠠᠯᠠᠱᠠ ᠠᠭᠤᠯᠠᠨ᠎ᠤ ᠠᠮᠢ ᠠᠬᠤᠶ᠎ᠶ᠋ᠢ ᠰᠠᠢᠲᠤᠷ ᠬᠠᠮᠠᠭᠠᠯᠠᠵᠤ᠂ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ ᠎ᠢ ᠎ᠬᠠᠮᠠᠭᠠᠯᠠᠬᠤ ᠎ᠬᠢᠷᠢ ᠎ᠲᠦᠪᠱᠢᠨ ᠎ᠵᠢᠡᠨ ᠎ᠳᠡᠭᠡᠭ᠌ᠰᠢᠯᠡᠭᠦᠯᠵᠦ᠍ ᠂ ᠎ᠡᠨᠳᠡᠬᠢ ᠠᠮᠢᠲᠠᠨ ᠤᠷᠭᠤᠮᠠᠯ᠎ᠵᠢᠡᠨ ᠲᠠᠰᠤᠷᠠᠯᠲᠠ ᠥᠬᠡᠶ ᠬᠠᠮᠠᠭᠠᠯᠠᠨ ᠡᠯᠪᠡᠭᠵᠢᠬᠦᠯᠬᠦ ᠶᠤᠮ》 ᠭᠡᠵᠦ ᠢᠳᠡᠭᠡᠯ ᠲᠡᠭᠦᠯᠳᠡᠷ ᠭᠡᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号