ᠢᠯᠠᠯᠳᠠ ᠵᠢᠨ ᠪᠦᠷᠢᠶ᠎ᠡ ᠬᠠᠩᠬᠢᠨᠠᠭᠤᠯᠤᠭᠰᠠᠨ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ
2021-11-23 11:15:34
ᠵᠣᠬᠢᠶᠠᠭ᠍ᠴᠢ᠄
ᠰᠠᠷᠭᠠᠢ
ᠣᠩᠱᠢᠭ᠍ᠰᠠᠨ ᠣᠳᠠᠭ᠎ᠠ᠄
★★★☆☆

ᠶᠡᠬᠡ ᠬᠢᠩᠭᠠᠨ ᠳᠠᠪᠠᠭᠠᠨ᠎ᠤ ᠬᠤᠷᠮᠤᠢ ᠳ᠋ᠤ᠂ ᠵᠠᠯᠠᠢᠳ ᠬᠤᠱᠢᠭᠤᠨ ᠎ᠤ ᠤᠯᠠᠨ ᠲᠦᠮᠡᠨ ᠤᠳᠤ ᠦᠶ᠎ᠠ ᠵᠢᠨ ᠲᠠᠷᠢᠶᠠᠯᠠᠩ ᠎ᠤᠨ ᠬᠥᠭ᠌ᠵᠢᠯᠲᠡ ᠵᠢᠨ ᠱᠢᠨ᠎ᠡ ᠬᠠᠭᠤᠳᠠᠰᠤ ᠵᠢ ᠪᠢᠴᠢᠭ᠌ᠯᠡᠪᠡ; ᠱᠢᠯᠢ ᠵᠢᠨ ᠭᠤᠣᠯ ᠎ᠤᠨ ᠲᠠᠯ᠎ᠠ ᠨᠤᠲᠤᠭ᠎ᠤᠨ ᠦᠷᠦᠴᠡᠨ ᠳ᠋ᠤ᠂ ᠰᠢᠯᠤᠭᠤᠨ ᠬᠦᠪᠡᠬᠡᠳᠤ ᠴᠠᠭᠠᠨ ᠬᠤᠰᠢᠭᠤᠨ ᠎ᠤ ᠮᠠᠯᠴᠢᠨ ᠲᠠᠷᠢᠶᠠᠴᠢᠨ ᠬᠡᠷᠡᠯᠴᠢ ᠴᠡᠨᠡᠭ᠎ᠤᠨ ᠴᠠᠬᠢᠯᠭᠠᠨ ᠦᠷᠳᠡᠭᠡ ᠲᠠᠢ ᠪᠤᠯᠵᠤ ᠤᠷᠤᠯᠭ᠎ᠠ ᠪᠠᠨ ᠨᠡᠮᠡᠭᠳᠡᠬᠦᠯᠪᠡ ; ᠬᠠᠲᠤᠨ ᠭᠤᠤᠯ ᠎ᠤᠨ ᠬᠥᠪᠡᠭᠡᠨ ᠳ᠋ᠤ᠂ ᠳᠠᠯᠠᠳ ᠬᠤᠱᠢᠭᠤᠨ᠎ᠤ ᠲᠠᠷᠢᠶᠠᠴᠢᠳ ᠤᠰᠤᠨ ᠲᠤᠲᠤᠷᠭ᠎ᠠ ᠳᠠᠷᠢᠵᠤ ᠨᠠᠢᠮᠠᠯᠵᠢ ᠲᠡᠵᠢᠬᠡᠨ᠂ ᠡᠷᠦᠬᠡ ᠪᠣᠯᠭᠠᠨ ᠪᠠᠶᠠᠵᠢᠯ᠎ᠤᠨ ᠠᠵᠤ ᠦᠢᠯᠡᠰ ᠲᠠᠢ ᠪᠤᠯᠪᠠ ᠁ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ ᠎ᠤ ᠠᠮᠵᠢᠯᠳᠠ ᠪᠦᠳᠦᠮᠵᠢ ᠪᠦᠬᠦ ᠤᠷᠤᠨ ᠳ᠋ᠤ ᠲᠦᠬᠡᠵᠤ ᠂ ᠶᠠᠳᠠᠭᠤ ᠬᠦᠴᠢᠷᠳᠡᠯᠳᠠᠢ ᠪᠠᠢᠭᠰᠠᠨ ᠤᠯᠠᠨ ᠲᠦᠮᠡᠨ ᠎ᠤ ᠬᠦᠰᠡᠯ ᠵᠡᠬᠦᠳᠤ ᠲᠡᠷᠬᠡᠯᠰᠢᠨ ᠬᠠᠮᠳᠤ ᠪᠡᠷ ᠪᠠᠶᠠᠵᠢᠨ ᠴᠢᠨᠡᠬᠡᠯᠢᠭᠵᠢᠬᠦ ᠰᠢᠨ᠎ᠡ ᠠᠶᠠᠨ ᠳ᠋ᠠᠭᠠᠨ ᠮᠤᠷᠳᠠᠯ᠎ᠠ ᠃

ᠥᠪᠥᠷ ᠮᠣᠩᠭᠣᠯ ᠪᠣᠯ ᠪᠦᠬᠦ ᠤᠯᠤᠰ᠎ᠤᠨ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠰᠢᠪᠲᠤᠯᠤᠯᠳᠠ ᠵᠢᠨ ᠴᠢᠬᠤᠯᠠ ᠲᠠᠢᠯᠠᠯᠳᠤᠭᠠᠨ ᠎ᠤ ᠲᠠᠯᠠᠪᠤᠷ ᠮᠦᠨ᠂ ᠤᠯᠠᠨ ᠵᠢᠯ ᠎ᠤᠨ ᠲᠤᠷᠰᠢ ᠤᠷᠤᠨ᠎ᠲᠠᠶᠠᠭᠠᠷ᠎ᠵᠢᠡᠨ᠎ᠨᠠᠮ᠎ᠤᠨ᠎ᠲᠥᠪ᠎ᠬᠣᠷᠢᠶᠠᠨ᠎ᠤ᠎ᠰᠢᠢᠳᠪᠦᠷᠢᠲᠦ ᠪᠣᠳᠣᠯᠭ᠎ᠠ ᠪᠠᠢᠷᠢᠯᠠᠭᠤᠯᠤᠯᠲᠠ ᠵᠢ ᠡᠷᠡᠰ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠶᠠᠳᠠᠭᠤ ᠡᠴᠡ ᠠᠩᠭᠢᠵᠢᠷᠠᠭᠤᠯᠬᠤ ᠪᠣᠭᠣᠮᠲᠠ ᠰᠢᠪᠲᠤᠯᠤᠯᠳᠠ ᠵᠢ ᠴᠢᠬᠤᠯᠠ ᠶᠡᠬᠡ ᠤᠯᠤᠰ ᠲᠥᠷᠥ ᠵᠢᠨ ᠡᠭᠦᠷᠭᠡ ᠪᠠ ᠠᠷᠠᠳ ᠎ᠤᠨ ᠠᠮᠢᠳᠤᠷᠠᠯ ᠎ᠤᠨ ᠲᠦᠷᠦᠬᠦᠤ ᠢᠨᠵᠧᠨᠧᠷᠢᠩ ᠪᠣᠯᠭᠠᠨ᠂ ᠪᠦᠷᠢᠨ ᠢᠯᠠᠯᠲᠠ ᠣᠯᠬᠤ ᠦᠭᠡᠢ ᠪᠣᠯ ᠶᠠᠭᠠᠬᠢᠭᠰᠠᠨ ᠴᠦ᠍ ᠴᠡᠷᠢᠭ ᠵᠢᠡᠨ ᠬᠤᠷᠢᠶᠠᠬᠤ ᠦᠭᠡᠢ ᠬᠡᠰᠡᠨ ᠬᠠᠳᠠᠨ ᠪᠠᠲᠤ ᠵᠣᠷᠢᠭ ᠵᠢᠡᠷ ᠤᠯᠠᠨ ᠪᠡᠬᠢᠯᠡᠯᠳᠡ ᠵᠢ ᠤᠳᠠᠭ᠎ᠠ ᠲᠠᠷᠠᠭᠠᠯᠠᠨ ᠲᠠᠢᠯᠠᠨ ᠳᠠᠪᠠᠵᠤ᠂ ᠡᠴᠦᠰ ᠲᠡᠬᠡᠨ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ᠎ᠤ ᠢᠯᠠᠯᠳᠠ ᠵᠢᠨ ᠪᠦᠷᠢᠶ᠎ᠡ ᠵᠢ ᠦᠪᠤᠷ ᠮᠤᠩᠭᠤᠯ᠎ᠤᠨ ᠲᠠᠯ᠎ᠠ ᠨᠤᠳᠤᠭ ᠲᠦ᠍ ᠬᠠᠩᠬᠢᠨᠠᠭᠤᠯᠤᠯ᠎ᠠ᠃

ᠡᠨᠡ ᠵᠢᠯ ᠎ᠤᠨ 6 ᠰᠠᠷ᠎ᠠ ᠵᠢᠨ 22 ᠤ᠋ᠨ ᠡᠳᠤᠷ ᠂ ᠪᠦᠬᠦ ᠤᠷᠤᠨ᠎ᠤ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠎ᠢ ᠬᠦᠬᠢᠬᠦᠯᠦᠨ ᠰᠠᠢᠰᠢᠶᠠᠬᠤ ᠶᠡᠬᠡ ᠬᠤᠷᠠᠯ ᠬᠦᠬᠡᠬᠤᠳᠡ ᠳ᠋ᠤ ᠦᠪᠡᠳᠡᠭᠰᠢ ᠶᠡᠬᠡ ᠪᠡᠷ ᠬᠤᠷᠠᠯᠳᠤᠵᠤ᠂ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ ᠵᠢᠡᠷ ᠲᠠᠮᠵᠢᠨ ᠮᠠᠨ᠎ᠤ ᠤᠷᠤᠨ ᠨᠡᠢᠳᠡ 157 ᠲᠦᠮᠡᠨ ᠶᠠᠳᠠᠭᠤ ᠬᠦᠴᠢᠷᠳᠡᠯᠳᠡᠢ ᠬᠦᠮᠦᠨ ᠠᠮᠠ ᠵᠢ ᠶᠠᠳᠠᠭᠤ ᠡᠴᠡ ᠠᠩᠬᠢᠵᠢᠷᠠᠭᠤᠯᠵᠤ ᠂ 57 ᠶᠠᠳᠠᠭᠤ ᠬᠦᠴᠢᠷᠳᠡᠯᠳᠡᠢ ᠬᠤᠰᠢᠭᠤ ᠰᠢᠶᠠᠨ ᠪᠤᠯᠤᠨ 3681 ᠶᠠᠳᠠᠭᠤ ᠬᠦᠴᠢᠷᠳᠡᠯᠳᠡᠢ ᠭᠠᠴᠠᠭ᠎ᠠ ᠲᠤᠰᠬᠤᠨ ᠎ᠢ ᠪᠦᠬᠦᠨ ᠎ᠢ ᠶᠠᠳᠠᠭᠤ ᠡᠴᠡ ᠠᠩᠬᠢᠵᠢᠷᠠᠭᠤᠯᠵᠤ᠂ ᠤᠷᠤᠨ ᠪᠦᠰᠡ ᠵᠢᠨ ᠴᠢᠨᠠᠷᠳᠠᠢ ᠪᠦᠬᠦᠯᠢ᠎ᠴᠤᠭᠴᠡ᠎ᠵᠢᠨ᠎ᠶᠠᠳᠠᠭᠤ᠎ᠬᠦᠴᠢᠷᠳᠡᠯ᠎ᠤᠨ᠎ᠠᠰᠠᠭᠤᠳᠠᠯ᠎ᠢ᠎ᠪᠦᠳᠦᠮᠵᠢᠳᠡᠢ ᠰᠢᠢᠳᠪᠤᠷᠢᠯᠡᠭᠰᠡᠨ᠎ᠢ ᠤᠯᠠᠨ ᠳ᠋ᠤ ᠵᠠᠷᠯᠠᠪᠠ ᠃

ᠡᠨᠡ ᠪᠤᠯ ᠲᠤᠮᠳᠠᠳᠤ ᠤᠯᠤᠰ᠎ᠤᠨ ᠡᠬᠦᠳᠦᠭᠰᠡᠨ ᠬᠦᠮᠦᠨ᠎ᠤ ᠶᠢᠷᠳᠢᠨᠴᠤ᠎ᠶᠢᠨ ᠭᠠᠢᠬᠠᠮᠰᠢᠭ ᠲᠡᠬᠢ ᠦᠪᠤᠷ ᠮᠤᠩᠭᠤᠯ᠎ᠤᠨ ᠬᠠᠭᠤᠳᠠᠰᠤ ᠮᠦᠨ᠂ ᠡᠨᠡ ᠬᠦ᠌ ᠬᠠᠭᠤᠳᠠᠰᠤ ᠵᠢ ᠤᠯᠠᠨ ᠲᠦᠮᠡᠨ ᠬᠠᠮᠳᠤ ᠪᠡᠷ ᠴᠦᠬᠦᠷᠡᠰᠢ ᠦᠬᠡᠢ ᠲᠡᠮᠡᠴᠡᠵᠤ ᠪᠠᠢᠭᠠᠳ ᠪᠢᠴᠢᠭᠯᠡᠭᠰᠡᠨ ᠶᠤᠮ᠃ ᠮᠠᠨ ᠎ᠤ ᠤᠷᠤᠨ ᠦᠪᠡᠷᠳᠡᠭᠡᠨ ᠵᠠᠰᠠᠬᠤ ᠤᠷᠤᠨ ᠎ᠤ ᠨᠠᠮ᠎ᠤᠨ ᠬᠤᠷᠢᠶᠠᠨ ᠎ᠤ ᠱᠦᠵᠢ᠂ ᠵᠠᠰᠠᠭ᠎ᠤᠨ ᠤᠷᠳᠤᠨ᠎ᠤ ᠲᠠᠷᠢᠬᠦᠯᠡᠭᠴᠢ ᠪᠡᠷ ᠲᠤᠭᠤᠢᠯᠠᠩ᠎ᠤᠨ ᠲᠠᠷᠤᠭ᠎ᠠ ᠪᠤᠯᠭᠠᠭᠰᠠᠨ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ᠎ᠤᠨ ᠤᠳᠤᠷᠢᠳᠬᠤ ᠲᠤᠭᠤᠢᠯᠠᠩ᠎ᠢ ᠪᠠᠢᠭᠤᠯᠵᠤ᠂ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ 18 ᠲᠤᠰᠬᠠᠢ ᠠᠵᠢᠯ᠎ᠤᠨ᠎ᠵᠢᠯᠤᠭᠤᠳᠬᠤ᠎ᠭᠠᠵᠠᠷ᠎ᠢ᠎ᠪᠠᠢᠭᠤᠯᠤᠨ᠎ᠪᠦᠬᠦ᠎ᠤᠷᠤᠨ᠎ᠤ᠎ᠶᠠᠳᠠᠭᠤ ᠡᠴᠡ ᠠᠩᠬᠢᠵᠢᠷᠠᠭᠤᠯᠬᠤ ᠪᠤᠭᠤᠮᠳᠠ᠎ᠰᠢᠪᠳᠤᠯᠬᠤ᠎ᠲᠠᠢᠯᠠᠯᠳᠤᠭᠠᠨ᠎ᠢ ᠵᠢᠯᠤᠭᠤᠳᠴᠠᠢ ;  ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠡᠮᠤᠨ᠎ᠠ ᠹᠷᠤᠨᠲ ᠲᠦ᠍ ᠨᠡᠢᠳᠡ 8.5 ᠲᠦᠮᠡᠨ ᠰᠢᠯᠢᠳᠡᠭ ᠨᠠᠮ ᠎ᠤᠨ ᠬᠡᠰᠢᠬᠦᠨ ᠺᠠᠳ᠋ᠷ ᠎ᠢ ᠰᠤᠩᠭᠤᠨ ᠲᠤᠮᠢᠯᠠᠵᠤ᠂《ᠬᠤᠶᠠᠷ ᠲᠦ᠍ ᠵᠤᠪᠠᠬᠤ ᠦᠬᠡᠢ ᠭᠤᠷᠪᠠ ᠵᠢ ᠪᠠᠳᠤᠯᠠᠬᠤ》ᠬᠠᠷᠠᠯᠳᠡ ᠵᠢ ᠪᠡᠶᠡᠯᠡᠬᠦᠯᠬᠦ ᠪᠡᠷ 《ᠬᠦᠴᠢᠷ ᠠᠰᠠᠭᠤᠳᠠᠯ》 ᠎ᠢ᠋ ᠤᠨᠢᠯᠠᠨ ᠠᠷᠭ᠎ᠠ ᠪᠤᠳᠤᠯᠭ᠎ᠠ ᠵᠢ ᠤᠨᠤᠴᠠᠳᠠᠢ ᠨᠠᠢᠳᠠᠪᠤᠷᠢᠵᠢᠭᠤᠯᠵᠤ᠂ ᠦᠨᠳᠦᠰᠦᠳᠡᠨ ᠨᠤᠬᠦᠳ᠎ᠤᠨ ᠺᠠᠳ᠋ᠷ ᠤᠯᠠᠨ ᠲᠦᠮᠡᠨ ᠲᠠᠢ ᠬᠠᠮᠳᠤ ᠪᠡᠷ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠢᠯᠠᠯᠳᠤᠭᠠᠨ ᠳ᠋ᠤ ᠡᠷᠡᠯᠬᠡᠭᠯᠡᠨ ᠪᠠᠢᠯᠳᠤᠵᠠᠢ ; ᠠᠬᠠᠮᠠᠳ ᠨᠠᠮ ᠎ᠤ᠋ᠨ ᠡᠭᠦᠷ ᠎ᠤᠨ ᠱᠦᠵᠢ᠂ ᠠᠬᠠᠮᠠᠳ ᠨᠠᠮ ᠎ᠤᠨ ᠭᠡᠰᠢᠭᠦᠳ ᠤᠭ ᠰᠠᠨᠠᠭ᠎ᠠ ᠪᠠᠨ ᠦᠯᠦ ᠮᠠᠷᠳᠠᠨ ᠭᠣᠣᠯ ᠲᠤᠯᠭᠠᠭᠤᠷᠢ ᠬᠦᠴᠦᠨ ᠪᠤᠯᠵᠤ᠂ ᠭᠠᠴᠠᠭ᠎ᠠ ᠲᠣᠰᠬᠣᠨ ᠳ᠋ᠤ ᠰᠠᠭᠤᠭ᠎ᠠ ᠨᠢᠭᠡᠳᠦᠭᠡᠷ ᠱᠦᠵᠢ᠂ ᠭᠠᠴᠠᠭ᠎ᠠ ᠲᠣᠰᠬᠣᠨ ᠳ᠋ᠤ ᠰᠠᠭᠤᠭ᠎ᠠ ᠺᠠᠳ᠋ᠷᠴᠤᠳ ᠥᠷᠯᠥᠭᠡ ᠦᠳᠡᠰᠢ ᠵᠢ ᠲᠡᠮᠡᠴᠡᠨ ᠠᠵᠢᠯᠯᠠᠵᠠᠢ ; ᠨᠠᠮ ᠵᠠᠰᠠᠭ᠎ᠤᠨ ᠪᠠᠢᠭᠤᠯᠭ᠎ᠠ᠂ ᠠᠵᠤ ᠠᠬᠤᠢᠯᠠᠯ ᠠᠵᠢᠯ ᠦᠢᠯᠡᠰ ᠎ᠤᠨ ᠨᠢᠭᠡᠴᠢ ᠂ ᠨᠡᠢᠭᠡᠮ ᠎ᠤᠨ ᠵᠣᠬᠢᠶᠠᠨ ᠪᠠᠢᠭᠤᠯᠤᠯᠲᠠ᠂ ᠠᠷᠠᠳᠴᠢᠯᠠᠭᠰᠠᠨ ᠨᠠᠮ ᠪᠦᠯᠦᠭ ᠪᠣᠯᠤᠨ ᠬᠠᠢᠷ᠎ᠠ ᠬᠠᠯᠠᠮᠵᠢ ᠲᠠᠶ ᠬᠥᠮᠦᠰ᠂ ᠰᠠᠢᠨ᠎ᠲᠤᠷᠠᠴᠤᠳ᠎ᠤᠨ᠎ᠶᠠᠳᠠᠭᠤ᠎ᠡᠴᠡ᠎ᠠᠩᠭᠢᠵᠢᠷᠠᠭᠤᠯᠬᠤ᠎ᠪᠣᠭᠣᠮᠲᠠ᠎ᠰᠢᠪᠲᠤᠯᠬᠤ ᠳᠠᠢᠯᠠᠯᠳᠤᠭᠠᠨ ᠳ᠋ᠤ ᠣᠷᠣᠯᠴᠠᠬᠤ ᠵᠢ ᠥᠷᠭᠡᠨ ᠵᠢᠡᠷ ᠲᠠᠢᠴᠢᠯᠠᠨ᠂ ᠴᠡᠭ ᠲᠣᠭᠲᠠᠭᠠᠨ ᠬᠠᠪᠰᠤᠷᠤᠨ ᠲᠡᠳᠬᠦᠵᠦ᠂ ᠠᠵᠢᠯ ᠲᠦᠷᠦᠯ ᠵᠢᠡᠷ ᠬᠠᠪᠰᠤᠷᠤᠨ ᠲᠡᠳᠬᠦᠵᠦ᠂ ᠮᠢᠩᠭᠠᠨ ᠠᠵᠤ ᠠᠬᠤᠢᠯᠠᠯ ᠮᠢᠩᠭᠠᠨ ᠭᠠᠴᠠᠭ᠎ᠠ ᠲᠣᠰᠬᠣᠨ᠎ᠢ ᠬᠠᠪᠰᠤᠷᠤᠨ ᠲᠡᠳᠬᠦᠵᠤ᠂ ᠨᠢᠭᠡ ᠰᠡᠳᠬᠢᠯ ᠨᠢᠭᠡ ᠴᠢᠭᠯᠡᠯ ᠵᠢᠡᠷ ᠶᠠᠳᠠᠭᠤ ᠵᠢ ᠲᠡᠳᠬᠦᠬᠦ ᠶᠡᠬᠡ ᠠᠵᠢᠯ ᠎ᠤᠨ ᠪᠠᠢᠷᠢᠰᠢᠯ ᠎ᠢ ᠦᠳᠲᠡᠷ ᠲᠦᠷᠭᠡᠨ ᠪᠦᠷᠢᠯᠳᠦᠬᠦᠯᠦᠭᠰᠡᠨ ᠪᠢᠯᠡ ᠃

ᠠᠭᠤᠳᠠᠮ ᠲᠠᠯ᠎ᠠ ᠡᠴᠡ ᠬᠦᠪᠴᠢᠳᠤ ᠤᠢ᠂ ᠨᠡᠯᠤᠬᠡᠷ ᠭᠤᠪᠢ ᠬᠦᠷᠳᠡᠯ᠎ᠠ᠂ ᠪᠦᠬᠦ ᠤᠷᠤᠨ᠎ᠤ ᠶᠠᠳᠠᠭᠤ᠎ᠬᠦᠴᠢᠷᠳᠡᠯᠳᠡᠢ᠎ᠪᠠᠢᠭᠰᠠᠨ᠎ᠭᠠᠴᠠᠭ᠎ᠠ᠎ᠲᠤᠰᠬᠤᠨ ᠳ᠋ᠤ ᠯᠤᠳᠤ ᠶᠡᠬᠡ ᠬᠤᠪᠢᠷᠠᠯᠳᠡ ᠭᠠᠷᠤᠯ᠎ᠠ᠃ 《ᠨᠠᠮ ᠵᠠᠰᠠᠭ ᠎ᠤᠨ ᠬᠠᠯᠠᠭᠤᠨ ᠲᠡᠮᠵᠢᠯᠬᠡ ᠪᠠᠢᠭᠰᠠᠨ ᠦᠬᠡᠢ ᠪᠤᠯ ᠮᠢᠨᠦ ᠠᠮᠢᠳᠤᠷᠠᠯ ᠶᠠᠭᠠᠬᠢᠨ ᠲᠡᠭᠵᠢᠷᠡᠵᠤ ᠴᠢᠳᠠᠬᠤ ᠪᠢᠯᠡ ⁈》 ᠬᠡᠵᠤ ᠬᠦᠷᠦᠰᠦᠯᠢᠭ ᠪᠤᠷᠤ ᠴᠢᠷᠠᠢ ᠲᠠᠢ ᠵᠤᠤ ᠽᠢ ᠴᠢᠩ ᠎ᠤᠨ ᠮᠠᠩᠨᠠᠢ ᠲᠠᠨᠢᠢᠨ ᠶᠠᠷᠢᠬᠤ ᠵᠢ ᠬᠠᠷᠠᠭᠠᠳ 4 ᠵᠢᠯ᠎ᠤᠨ ᠡᠮᠤᠨ᠎ᠠ ᠲᠤᠰᠬᠤᠨ᠎ᠤ᠎ᠪᠡᠨ ᠲᠠᠩᠰᠠᠯᠠᠵᠤ ᠺᠠᠷᠲ᠋ᠯᠠᠭᠰᠠᠨ ᠶᠠᠳᠠᠭᠤ ᠡᠷᠤᠬᠡ ᠪᠠᠢᠭᠰᠠᠨ ᠎ᠢ ᠨᠢ ᠢᠳᠡᠬᠡᠵᠤ ᠶᠠᠳᠠᠮᠠᠷ ᠶᠤᠮ᠃ ᠡᠨᠡ ᠵᠢᠯ 62 ᠨᠠᠰᠤᠳᠠᠢ ᠵᠤᠤ ᠽᠢ ᠴᠢᠩ ᠪᠤᠯ ᠦᠬᠠᠢ ᠬᠤᠳᠠ᠎ᠶᠢᠨ ᠬᠠᠢᠷᠤᠪ᠎ᠤᠨ ᠲᠤᠬᠤᠢ ᠲᠤᠭᠤᠷᠢᠭ᠎ᠤᠨ ᠴᠢᠶᠠᠨ ᠯᠢ ᠱᠠᠨ ᠪᠠᠯᠭᠠᠰᠤ᠎ᠶᠢᠨ ᠪᠠᠶᠠᠠᠡᠤᠰᠤ ᠲᠤᠰᠬᠤᠨ᠎ᠤ ᠲᠠᠷᠢᠶᠠᠴᠢᠨ ᠪᠤᠯᠤᠨ᠎ᠠ᠂ ᠵᠠᠯᠠᠭᠤ ᠳ᠋ᠠᠭᠠᠨ ᠪᠠᠷᠢᠭᠠᠳᠠ ᠳ᠋ᠤ ᠠᠵᠢᠯᠯᠠᠵᠤ ᠪᠠᠢᠭᠠᠳ ᠡᠨᠳᠡᠯ ᠭᠠᠷᠴᠤ᠂ ᠪᠠᠷᠠᠭᠤᠨ ᠭᠠᠷ ᠵᠢᠡᠨ ᠠᠯᠳᠠᠭᠰᠠᠨ ᠎ᠤ ᠲᠡᠭᠡᠷ᠎ᠠ ᠡᠬᠡᠨᠡᠷ ᠤᠶᠤᠩᠭᠤᠤ᠎ᠠ ᠨᠢ ᠴᠦ᠍ ᠡᠪᠡᠳᠴᠢᠯᠡᠭᠡᠳ ᠤᠳᠠᠭᠠᠨ ᠵᠢᠯ ᠪᠤᠯᠵᠤ ᠂ ᠪᠦᠬᠦ ᠬᠡᠷ ᠵᠢᠡᠷ ᠵᠢᠡᠨ 9 ᠮᠦ᠍ ᠲᠠᠷᠢᠶ᠎ᠠ ᠲᠠᠷᠢᠵᠤ ᠠᠮᠢᠳᠤᠷᠠᠯ ᠵᠢᠡᠨ ᠠᠷᠭᠠᠴᠠᠭᠠᠵᠤ ᠪᠠᠢᠪᠠ ᠃ ᠶᠠᠳᠠᠭᠤ ᠵᠢ ᠲᠡᠳᠬᠦᠬᠦ ᠲᠦᠷᠦ ᠵᠢᠨ ᠪᠤᠳᠤᠯᠭ᠎ᠠ ᠵᠢᠨ ᠲᠡᠮᠵᠢᠯᠬᠡ ᠪᠡᠷ ᠵᠤᠤ ᠽᠢ ᠴᠢᠩ ᠬᠡᠳᠤᠨ ᠲᠤᠭᠤᠯ ᠬᠤᠳᠠᠯᠳᠤᠨ ᠠᠪᠴᠤ ᠨᠢᠮᠪᠠᠢ ᠠᠷᠠᠴᠢᠯᠠᠨ ᠦᠰᠬᠡᠵᠤ᠂ ᠵᠢᠬᠡᠯᠡᠯᠬᠡ ᠪᠡᠨ ᠪᠤᠴᠠᠭᠠᠭᠰᠠᠨ ᠵᠢᠡᠷ ᠪᠠᠷᠠᠬᠤ ᠦᠬᠡᠢ ᠪᠠᠰᠠ ᠲᠡᠵᠢᠬᠡᠨ ᠦᠷᠡᠵᠢᠬᠦᠯᠬᠦ ᠬᠡᠪᠴᠢᠶ᠎ᠠ ᠪᠡᠨ ᠦᠷᠭᠡᠳᠭᠡᠵᠤ᠂ ᠤᠳᠤ ᠨᠢᠬᠡᠨᠳᠡ ᠤᠢᠷ᠎ᠠ ᠬᠠᠪᠢ ᠳ᠋ᠠᠭᠠᠨ ᠠᠯᠳᠠᠷᠰᠢᠭᠰᠠᠨ ᠦᠬᠡᠷ ᠲᠡᠵᠢᠬᠡᠬᠦ ᠴᠢᠳᠠᠪᠤᠷᠢᠳᠠᠨ ᠪᠤᠯᠴᠢᠬᠠᠵᠠᠢ ᠃

ᠮᠠᠨ ᠎ᠤ ᠤᠷᠤᠨ ᠳ᠋ᠤ ᠵᠤᠤ ᠽᠢ ᠴᠢᠩ ᠲᠠᠢ ᠠᠳᠠᠯᠢ ᠪᠡᠷ ᠶᠠᠳᠠᠭᠤ ᠡᠴᠡ ᠠᠩᠬᠢᠵᠢᠷᠠᠵᠤ ᠤᠷᠤᠯᠭ᠎ᠠ ᠪᠠᠨ ᠨᠡᠮᠡᠭᠳᠡᠬᠦᠯᠦᠭᠰᠡᠨ ᠦᠯᠢᠭᠡᠷ ᠵᠢᠱ᠌ᠢᠶ᠎ᠡ ᠵᠦᠩᠳᠡᠭᠡᠨ᠃ ᠪᠦᠷᠢᠳᠬᠡᠯ ᠵᠢᠡᠷ ᠂ ᠪᠦᠬᠦ ᠤᠷᠤᠨ᠎ᠤ ᠶᠠᠳᠠᠭᠤ ᠬᠦᠴᠢᠷᠳᠡᠯᠳᠡᠢ ᠤᠷᠤᠨ ᠎ᠤ ᠮᠠᠯᠴᠢᠨ ᠲᠠᠷᠢᠶᠠᠴᠢᠨ ᠎ᠤ ᠬᠦᠮᠦᠨ ᠲᠤᠮᠳᠠᠴᠢ ᠵᠢᠨ ᠡᠵᠡᠮᠳᠡᠵᠤ ᠪᠤᠯᠬᠤ ᠤᠷᠤᠯᠭ᠎ᠠ 2013 ᠤᠨ᠎ᠳ᠋ᠤ 7901 ᠲᠦᠬᠦᠷᠢᠭ ᠪᠠᠢᠭᠰᠠᠨ ᠡᠴᠡ ᠪᠡᠨ 2020 ᠤᠨ᠎ᠳ᠋ᠤ 15005 ᠲᠦᠬᠦᠷᠢᠭ ᠪᠤᠯᠤᠨ ᠨᠡᠮᠡᠭᠳᠡᠵᠤ ᠂ ᠵᠢᠯ ᠲᠤᠮᠳᠠᠴᠢ ᠪᠡᠷ 9.6% ᠪᠡᠷ ᠨᠡᠮᠡᠭᠳᠡᠪᠡ ᠃ ᠲᠠᠨᠭᠰᠠᠯᠠᠵᠤ ᠺᠠᠷᠲ᠋ᠯᠠᠭᠰᠠᠨ ᠶᠠᠳᠠᠭᠤ ᠬᠦᠴᠢᠷᠳᠡᠯᠳᠡᠢ ᠬᠦᠮᠦᠨ ᠠᠮᠠ ᠵᠢᠨ ᠬᠦᠮᠦᠨ ᠲᠤᠮᠳᠠᠴᠢ ᠵᠢᠨ ᠤᠷᠤᠯᠭ᠎ᠠ 2014 ᠤᠨ ᠳ᠋ᠤ 2902 ᠲᠦᠬᠦᠷᠢᠭ ᠪᠠᠢᠭᠰᠠᠨ ᠡᠴᠡ ᠪᠠᠨ 2020 ᠎ᠤᠨ ᠳ᠋ᠤ 13159 ᠲᠥᠭᠥᠷᠢᠭ ᠪᠣᠯᠤᠨ ᠨᠡᠮᠡᠭ᠌ᠳᠡᠵᠦ᠍᠂ ᠵᠢᠯ ᠳᠤᠮᠳᠠᠴᠢ ᠪᠠᠷ 28.7% ᠪᠡᠷ ᠨᠡᠮᠡᠭ᠌ᠳᠡᠪᠡ ᠃

ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠬᠤ ᠬᠠᠳᠠᠭᠤ ᠲᠠᠢᠯᠠᠯᠳᠤᠭᠠᠨ ᠳ᠋ᠤ᠂ ᠮᠠᠨ᠎ᠤ ᠤᠷᠤᠨ ᠡᠯ᠎ᠡ ᠭᠠᠵᠠᠷ᠎ᠤᠨ ᠪᠤᠳᠠᠳᠤ ᠪᠠᠢᠳᠠᠯ ᠳ᠋ᠤᠨᠢ ᠲᠤᠬᠢᠷᠠᠭᠤᠯᠤᠨ ᠠᠵᠤ ᠤᠢᠯᠡᠰ ᠵᠢᠡᠷ ᠶᠠᠳᠠᠭᠤ ᠵᠢ ᠲᠡᠳᠬᠦᠬᠦ᠂ ᠤᠨᠳᠤᠤ ᠭᠠᠵᠠᠷ ᠲᠦ᠍ ᠨᠡᠬᠦᠯᠬᠡᠨ ᠶᠠᠳᠠᠭᠤ ᠵᠢ ᠲᠡᠳᠬᠦᠬᠦ᠂ ᠦᠨᠳᠦᠰᠦᠨ ᠵᠦᠢᠯ ᠵᠢᠡᠷ ᠪᠠᠳᠤᠯᠠᠬᠤ᠂ ᠪᠡᠯᠡ ᠮᠦᠩᠬᠦᠨ᠎ᠤ ᠪᠠᠳᠤᠯᠠᠭ᠎ᠠ ᠬᠠᠩᠭᠠᠬᠤ᠂ ᠲᠤᠳᠤᠭᠠᠳᠤ ᠬᠦᠳᠡᠯᠬᠡᠬᠦ ᠬᠦᠴᠦᠨ ᠎ᠢ ᠬᠦᠭᠵᠢᠬᠡᠬᠦ ᠵᠡᠷᠬᠡ ᠠᠳᠠᠯᠢ ᠪᠤᠰᠤ 《ᠵᠤᠷ》 ᠵᠢᠡᠷ ᠬᠦᠴᠢᠷ ᠪᠠᠬᠢᠯᠡᠯᠳᠡ ᠵᠢ ᠨᠢᠭᠡᠳ᠎ᠨᠢᠭᠡ ᠪᠡᠷ ᠰᠢᠪᠳᠤᠯᠵᠠᠢ᠃ ᠶᠠᠳᠠᠭᠤ ᠬᠦᠴᠢᠷᠳᠡᠯᠲᠡᠶ ᠬᠥᠮᠦᠨ ᠠᠮᠠ᠎ᠪᠦᠬᠦᠨ᠎ᠢ ᠦᠨᠳᠦᠰᠦᠨ ᠡᠮᠴᠢᠯᠡᠭᠡᠨ᠎ᠦ ᠳᠠᠭᠠᠳᠭᠠᠯ᠂ ᠬᠦᠨᠳᠦ ᠡᠪᠡᠳᠴᠢᠨ ᠎ᠦ ᠳᠠᠭᠠᠳᠭᠠᠯ᠂ ᠡᠮᠴᠢᠯᠡᠭᠡᠨ ᠎ᠦ ᠠᠪᠤᠷᠠᠨ᠎ᠲᠤᠰᠠᠯᠠᠬᠤ᠎ᠬᠡᠪᠴᠢᠶᠡᠨ ᠳ᠋ᠤ ᠤᠷᠤᠭᠤᠯᠪᠠ; 13.7 ᠲᠦᠮᠡᠨ ᠶᠠᠳᠠᠭᠤ ᠬᠦᠴᠢᠷᠳᠡᠯᠳᠡᠢ ᠬᠦᠮᠦᠨ ᠠᠮᠠ ᠵᠢᠨ ᠨᠤᠷᠠᠬᠤ ᠠᠶᠤᠯᠲᠠᠢ ᠭᠡᠷ ᠪᠠᠢᠱᠢᠩ ᠎ᠢ ᠦᠬᠡᠷᠡᠴᠢᠯᠡᠨ ᠵᠠᠰᠠᠵᠤ᠂ 18.3 ᠲᠦᠮᠡᠨ ᠶᠠᠳᠠᠭᠤ ᠬᠦᠴᠢᠷᠳᠡᠯᠲᠡᠶ ᠬᠥᠮᠦᠨ ᠠᠮᠠ ᠵᠢᠨ ᠤᠤᠭᠤᠬᠤ ᠤᠰᠤᠨ᠎ᠤ ᠠᠮᠤᠷ ᠲᠦᠪᠰᠢᠨ᠎ᠢ ᠪᠠᠳᠤᠯᠠᠪᠠ; ᠮᠠᠯᠵᠢᠬᠤ ᠲᠠᠷᠢᠶᠠᠯᠠᠬᠤ ᠣᠷᠣᠨ ᠳ᠋ᠤ 6.5 ᠲᠦᠮᠡᠨ ᠺᠢᠯᠣᠮᠧᠲᠷ ᠤᠷᠳᠤ ᠵᠠᠰᠠᠮᠠᠯ ᠵᠠᠮ᠎ᠢ ᠱᠢᠨ᠎ᠡ ᠪᠡᠷ ᠵᠠᠰᠠᠭᠰᠠᠨ ᠪᠤᠶᠤ ᠥᠭᠡᠷᠡᠴᠢᠯᠡᠨ ᠵᠠᠰᠠᠵᠤ᠂ ᠶᠠᠳᠠᠭᠤ ᠬᠦᠴᠢᠷᠳᠡᠯᠳᠡᠢ ᠪᠠᠢᠭᠰᠠᠨ ᠭᠠᠴᠠᠭ᠎ᠠ ᠲᠤᠰᠬᠤᠨ ᠳ᠋ᠤ ᠴᠦᠮ ᠡᠷᠡᠭᠦᠯ ᠬᠠᠮᠠᠭᠠᠯᠠᠯ ᠎ᠤᠨ ᠲᠠᠰᠤᠭ᠂ ᠰᠣᠶᠣᠯ ᠎ᠤᠨ ᠦᠷᠦᠬᠡ᠂ ᠰᠣᠶᠣᠯ᠎ᠤᠨ ᠠᠭᠤᠳᠠᠮ ᠲᠠᠯᠠᠪᠠᠶ ᠪᠠ ᠬᠠᠮ ᠳᠡᠯᠭᠡᠭᠦᠷ ᠲᠠᠢ ᠪᠤᠯᠵᠠᠢ ; 42.37 ᠲᠦᠮᠡᠨ ᠶᠠᠳᠠᠭᠤ ᠬᠦᠴᠢᠷᠳᠡᠯᠲᠡᠶ ᠬᠥᠮᠦᠨ ᠠᠮᠠ ᠳ᠋ᠤ ᠨᠠᠭᠠᠳᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠎ᠠ ᠪᠤᠶᠤ ᠣᠨᠴᠠ ᠶᠠᠳᠠᠭᠤ ᠬᠦᠴᠢᠷᠳᠡᠯ ᠎ᠤᠨ ᠠᠰᠠᠷᠠᠮᠵᠢ ᠬᠦᠷᠳᠡᠭᠡᠪᠠ; 8.56 ᠲᠦᠮᠡᠨ ᠬᠦᠴᠢᠷᠳᠡᠯᠲᠡᠶ ᠪᠠ ᠬᠦᠨᠳᠦ ᠵᠡᠮᠳᠡᠭ ᠬᠦᠮᠦᠰ ᠲᠦ᠍ ᠠᠮᠢᠳᠤᠷᠠᠯ ᠎ᠤᠨ ᠨᠦᠬᠦᠪᠤᠷᠢ ᠪᠤᠶᠤ ᠰᠤᠪᠢᠯᠠᠯᠲᠠ ᠵᠢᠨ ᠨᠥᠬᠥᠪᠥᠷᠢ ᠤᠯᠭᠤᠪᠠ ᠁ ᠶᠠᠳᠠᠭᠤ ᠡᠴᠡ ᠠᠩᠬᠢᠵᠢᠷᠠᠵᠤ ᠬᠠᠮᠳᠤ ᠪᠡᠷ ᠪᠠᠶᠠᠵᠢᠨ ᠴᠢᠨᠡᠬᠡᠯᠢᠭᠵᠢᠬᠦ ᠵᠠᠮ ᠳ᠋ᠤ ᠠᠷᠠᠳ ᠤᠯᠠᠨ᠎ᠤ ᠬᠦᠷᠳᠡᠮᠵᠢ ᠵᠢᠨ ᠲᠦᠷᠦᠭᠳᠡᠯ᠂ ᠵᠢᠷᠭᠠᠯᠳᠤ ᠲᠦᠷᠦᠭᠳᠡᠯ ᠡᠳᠤᠷ ᠢᠷᠡᠬᠦᠶ᠎ᠡ ᠨᠡᠮᠡᠭᠳᠡᠭᠰᠡᠬᠡᠷ᠃

ᠢᠳᠡᠰᠢᠨ ᠨᠤᠭᠤᠭ᠎ᠠ᠂ ᠵᠢᠮᠢᠰ ᠪᠠ ᠦᠬᠡᠷ ᠵᠢᠡᠷ ᠭᠤᠤᠯᠯᠠᠭᠤᠯᠤᠭᠰᠠᠨ ᠪᠣᠬᠢᠷᠲᠤᠯ ᠥᠬᠡᠶ ᠠᠵᠤ ᠦᠶ᠋ᠯᠡᠰ᠎ᠦᠨ ᠬᠥᠭ᠌ᠵᠢᠯᠲᠡ᠎ᠨᠢ ᠯᠢᠨᠰᠢ ᠰᠢᠶᠠᠨ᠎ᠤ ᠱᠡᠬᠡᠷᠳᠤ ᠱᠢᠶᠠᠩ᠎ᠤᠨ ᠲᠠᠨᠭᠰᠠᠯᠠᠵᠤ ᠺᠠᠷᠲ᠋ᠯᠠᠭᠰᠠᠨ 980 ᠲᠠᠷᠢᠶᠠᠴᠢᠨ ᠎ᠢ ᠶᠠᠳᠠᠭᠤ ᠡᠴᠡ ᠠᠩᠭᠢᠵᠢᠷᠠᠭᠤᠯᠤᠭ᠍ᠰᠠᠨ ᠵᠢᠡᠷ ᠪᠠᠷᠠᠬᠤ ᠥᠬᠡᠶ ᠤᠯᠠᠨ ᠎ᠢ ᠳᠠᠢᠴᠢᠯᠠᠨ ᠠᠵᠤ ᠦᠶ᠋ᠯᠡᠰ ᠎ᠦᠨ ᠬᠡᠯᠬᠢᠶ᠎ᠡ ᠳ᠋ᠤ ᠤᠷᠤᠭᠤᠯᠪᠠ᠃ ᠤᠳᠤ ᠲᠤᠰ ᠱᠢᠶᠠᠩ ᠎ᠤᠨ 7 ᠵᠠᠰᠠᠭ ᠵᠠᠬᠢᠷᠭᠠᠨ ᠎ᠤ ᠲᠤᠰᠬᠤᠨ ᠴᠦᠮ《ᠨᠢᠬᠡ ᠲᠤᠰᠬᠤᠨ ᠳ᠋ᠤ ᠨᠢᠬᠡ ᠲᠦᠷᠦᠯ ᠲᠡᠮᠳᠡᠭ ᠲᠠᠢ ᠪᠠᠢᠬᠤ》ᠵᠢ ᠪᠠᠶᠠᠯᠡᠬᠦᠯᠵᠤ ᠂ ᠭᠠᠵᠠᠷ ᠣᠷᠣᠨ ᠎ᠤ ᠪᠠᠢᠳᠠᠯ᠎ᠳᠠᠭᠠᠨ ᠲᠤᠬᠢᠷᠠᠭᠤᠯᠤᠨ ᠠᠵᠤ ᠦᠢᠯᠡᠰ ᠎ᠢ ᠬᠥᠭ᠌ᠵᠢᠭᠦᠯᠬᠦ ᠵᠢᠨ ᠬᠠᠮᠲᠤ ᠠᠵᠢᠯ᠎ᠤᠨ ᠪᠠᠢᠷᠢ ᠬᠠᠩᠭᠠᠬᠤ᠂ ᠦᠨᠳᠦᠰᠦᠨ ᠵᠦᠢᠯ ᠎ᠢ ᠪᠠᠲᠤᠯᠠᠬᠤ᠂ ᠠᠵᠤ ᠦᠢᠯᠡᠰ ᠎ᠦᠨ ᠠᠱᠢᠭ ᠬᠤᠪᠢᠶᠠᠷᠢᠯᠠᠬᠤ ᠵᠡᠷᠭᠡ ᠠᠷᠭ᠎ᠠ᠎ᠬᠡᠯᠪᠡᠷᠢ᠎ᠪᠡᠷ᠎ᠲᠠᠮᠵᠢᠨ᠎ᠲᠠᠷᠢᠶᠠᠴᠢᠳ᠎ᠤᠨ᠎ᠣᠷᠣᠯᠭ᠎ᠠ ᠵᠢ ᠦᠷᠭᠦᠯᠵᠢᠯᠡᠨ ᠨᠡᠮᠡᠭᠳᠡᠬᠦᠯᠦᠭᠰᠡᠬᠡᠷ ᠁ ᠮᠠᠨ ᠎ᠤ ᠤᠷᠤᠨ ᠤᠷᠢᠳ ᠬᠤᠵᠢᠳ ᠨᠡᠢᠳᠡ 394.1 ᠳ᠋ᠦᠩᠱᠢᠭᠤᠷ ᠲᠥᠭᠥᠷᠢᠭ ᠎ᠤᠨ ᠪᠠᠯᠠ ᠮᠦᠩᠬᠦ ᠣᠷᠣᠭᠤᠯᠤᠨ 3.5 ᠲᠦᠮᠡᠨ ᠲᠥᠷᠥᠯ ᠵᠦᠶ᠋ᠯ ᠎ᠢ ᠬᠡᠷᠡᠭ᠌ᠵᠢᠭᠦᠯᠵᠤ ᠂ ᠬᠣᠱᠢᠭᠤ ᠱᠢᠶᠠᠨ ᠡᠴᠡ ᠬᠥᠳᠡᠭᠡ ᠲᠣᠰᠭᠣᠨ᠂ ᠮᠠᠯᠵᠢᠬᠤ ᠲᠠᠷᠢᠶᠠᠯᠠᠬᠤ ᠡᠷᠦᠬᠡ ᠬᠦᠷᠲᠡᠯ᠎ᠡ ᠢᠵᠢ ᠪᠦᠷᠢᠳᠦᠭᠰᠡᠨ ᠲᠤᠯᠭᠠᠭᠤᠷᠢ ᠠᠵᠤ ᠦᠶ᠋ᠯᠡᠰ ᠂ ᠣᠨᠴᠠᠯᠢᠭ᠍ᠲᠤ ᠠᠵᠤ ᠦᠶ᠋ᠯᠡᠰ᠂ ᠪᠠᠶᠠᠵᠢᠯ᠎ᠤᠨ ᠠᠵᠤ ᠦᠶ᠋ᠯᠡᠰ ᠪᠠ ᠣᠷᠣᠯᠭ᠎ᠠ᠎ᠶ᠋ᠢ ᠨᠡᠮᠡᠭ᠌ᠳᠡᠭᠦᠯᠬᠦ᠌ ᠲᠥᠷᠥᠯ ᠵᠦᠶ᠋ᠯ᠎ᠦᠨ ᠱᠢᠰᠲ᠋ᠧᠮ᠎ᠢ ᠦᠨᠳᠦᠰᠦᠨ ᠳ᠋ᠡᠬᠡᠨ ᠪᠠᠢᠭᠤᠯᠵᠤ ᠂ ᠠᠵᠤ ᠤᠢᠯᠡᠰ ᠵᠢᠡᠷ ᠲᠠᠮᠵᠢᠨ ᠪᠦᠬᠦ ᠤᠷᠤᠨ ᠎ᠤ 50% ᠤᠷᠴᠢᠮ᠎ᠤᠨ ᠶᠠᠳᠠᠭᠤ ᠬᠦᠴᠢᠷᠳᠡᠯᠳᠡᠢ ᠬᠦᠮᠦᠨ ᠠᠮᠠ ᠵᠢ ᠶᠠᠳᠠᠭᠤ ᠡᠴᠡ ᠠᠩᠬᠢᠵᠢᠷᠠᠭᠤᠯᠤᠭᠰᠠᠨ ᠵᠢᠡᠷ ᠪᠠᠷᠠᠬᠤ ᠦᠬᠡᠢ᠎ᠬᠦᠳᠡᠬᠡ᠎ᠲᠤᠰᠬᠤᠨ᠎ᠢ᠎ᠬᠦᠭᠵᠢᠬᠦᠯᠤᠨ᠎ᠮᠠᠨᠳᠤᠭᠤᠯᠬᠤ᠎ᠯᠤᠭ᠎ᠠ ᠪᠦᠳᠦᠮᠵᠢᠳᠠᠢ ᠵᠤᠯᠭᠠᠭᠤᠯᠵᠠᠢ᠃

ᠶᠠᠳᠠᠭᠤ ᠡᠴᠡ ᠠᠩᠬᠢᠵᠢᠷᠠᠭᠤᠯᠬᠤ ᠪᠤᠯ ᠡᠴᠤᠰ ᠎ᠤᠨ ᠴᠡᠭ ᠪᠢᠰᠢ᠂ ᠬᠠᠷᠢᠨ ᠰᠢᠨ᠎ᠠ ᠠᠮᠢᠳᠤᠷᠠᠯ ᠰᠢᠨ᠎ᠠ ᠲᠡᠮᠡᠴᠡᠯ ᠎ᠤᠨ ᠡᠬᠢᠯᠡᠯᠳᠡ ᠪᠤᠯᠬᠤ ᠶᠤᠮ᠃ ᠮᠠᠨ ᠎ᠤ ᠤᠷᠤᠨ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠤᠭᠰᠠᠨ ᠠᠮᠵᠢᠯᠳᠠ ᠪᠦᠳᠦᠮᠵᠢ ᠵᠢ ᠪᠡᠬᠢᠵᠢᠬᠦᠯᠦᠨ ᠦᠷᠭᠡᠳᠬᠡᠬᠦ ᠵᠢ ᠬᠦᠳᠡᠭᠡ ᠲᠤᠰᠬᠤᠨ᠎ᠢ ᠬᠦᠭᠵᠢᠬᠦᠯᠦᠨ ᠮᠠᠨᠳᠤᠭᠤᠯᠬᠤ ᠯᠤᠭ᠎ᠠ ᠪᠦᠳᠦᠮᠵᠢᠳᠡᠢ ᠵᠤᠯᠭᠠᠭᠤᠯᠬᠤ᠎ᠵᠢ ᠯᠠᠪᠳᠠᠭᠤᠨ ᠪᠠᠳᠤᠳᠡᠢ ᠠᠬᠢᠭᠤᠯᠵᠤ᠂ ᠠᠷᠠᠳ ᠲᠦᠮᠡᠨ᠎ᠤ ᠬᠠᠮᠳᠤ ᠵᠢᠨ ᠴᠢᠨᠡᠬᠡᠯᠢᠭᠵᠢᠯ ᠎ᠢ ᠪᠡᠶᠡᠯᠡᠬᠦᠯᠬᠦ ᠰᠢᠨ᠎ᠠ ᠠᠶᠠᠨ ᠳ᠋ᠠᠭᠠᠨ ᠮᠤᠷᠳᠠᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号