ᠲᠠᠰᠤᠷᠠᠯᠳᠠ ᠦᠭᠡᠢ ᠰᠢᠯᠢᠳᠡᠭᠵᠢᠭᠰᠡᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ
2021-11-24 09:54:44
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

2016 ᠤᠨ ᠎ᠤ ᠦᠶᠡᠰ ᠲᠦ᠍᠂ ᠮᠠᠨ ᠎ᠤ ᠤᠷᠤᠨ ᠬᠤᠳᠠᠯᠳᠤᠭᠠᠨ ᠎ᠤ ᠶᠠᠪᠤᠳᠠᠯ ᠎ᠤᠨ ᠳᠦᠷᠢᠮ᠎ᠤᠨ ᠦᠭᠡᠷᠡᠴᠢᠯᠡᠯᠳᠡ ᠢ᠋ᠢ ᠭᠦᠨᠵᠡᠭᠡᠢᠷᠡᠭᠦᠯᠵᠦ ᠵᠠᠬ᠎ᠠ ᠳᠡᠯᠭᠡᠭᠦᠷ ᠲᠦ᠍ ᠤᠷᠤᠬᠤ ᠵᠦᠪᠰᠢᠶᠡᠷᠡᠯ ᠎ᠢ ᠲᠠᠰᠤᠷᠠᠯᠳᠠ ᠦᠭᠡᠢ ᠰᠢᠯᠢᠳᠡᠭᠵᠢᠭᠦᠯᠦᠭᠰᠡᠨ ᠎ᠢᠶᠡᠷ  ᠪᠦᠬᠦ ᠤᠷᠤᠨ ᠎ᠤ ᠵᠠᠬ᠎ᠠ ᠳᠡᠯᠭᠡᠭᠦᠷ᠎ᠤᠨ ᠭᠤᠤᠯ ᠴᠤᠭᠴᠠ174.66 ᠲᠦᠮᠡᠨ ᠡᠷᠦᠬᠡ ᠪᠤᠯᠵᠤ᠂ ᠲᠠᠩᠰᠠᠯᠠᠭᠤᠯᠤᠭᠰᠠᠨ ᠪᠡᠯᠡ ᠮᠦᠩᠬᠦ  3.75 ᠲᠦᠮᠡᠨ ᠳ᠋ᠦᠩᠰᠢᠭᠤᠷ ᠲᠦᠭᠦᠷᠢᠭ ᠲᠦ᠍ ᠬᠦᠷᠴᠤ ᠪᠠᠢᠪᠠ ᠃

2018 ᠤᠨ ᠎ᠤ 8 ᠰᠠᠷ᠎ᠠ ᠎ᠳᠤ᠂ ᠳᠤᠭᠳᠠᠭᠤᠨ ᠲᠦᠪ ᠭᠤᠤᠯᠴᠢ ᠢᠯᠡ ᠲᠤᠳᠤ ᠂ ᠵᠢᠱ᠌ᠢᠵᠤ ᠪᠤᠯᠬᠤ ᠳᠡᠯᠡᠬᠡᠢᠴᠢᠯᠡᠭᠰᠡᠨ ᠬᠠᠤᠯᠢᠵᠢᠭᠰᠠᠨ ᠳᠦᠭᠦᠮ ᠲᠦᠳᠡ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠡᠭᠦᠳᠴᠤ᠂ ᠠᠵᠤ ᠠᠬᠤᠢ ᠎ᠶᠢᠨ ᠴᠢᠨᠠᠷ ᠰᠠᠢᠳᠠᠢ ᠬᠦᠭᠵᠢᠯᠳᠡ ᠎ᠶᠢ ᠠᠬᠢᠭᠤᠯᠬᠤ ᠵᠤᠷᠢᠯᠳᠠ ᠡᠴᠡ ᠮᠠᠨ᠎ᠤ ᠤᠷᠤᠨ 《ᠦᠪᠡᠷᠳᠡᠭᠡᠨ ᠵᠠᠰᠠᠬᠤ ᠤᠷᠤᠨ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠬᠦ ᠠᠵᠢᠯ ᠎ᠤᠨ ᠬᠡᠷᠡᠭᠵᠢᠭᠦᠯᠬᠦ ᠲᠦᠰᠦᠯ》 ᠢ᠋ ᠨᠡᠢᠳᠡᠯᠡᠵᠦ᠂ ᠳᠡᠯᠡᠬᠡᠢ ᠎ᠶᠢᠨ ᠪᠠᠩᠬᠢ ᠎ᠶᠢᠨ 《ᠪᠦᠬᠦ ᠳᠡᠯᠡᠬᠡᠢ ᠎ᠶᠢᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠤᠨ ᠮᠡᠳᠡᠭᠦᠯᠦᠯᠳᠡ》 ᠢ᠋ᠢᠨ ᠭᠤᠤᠯ ᠪᠤᠯᠬᠤ ᠪᠠᠷᠢᠮᠵᠢᠶ᠎ᠠ ᠲᠠᠢ ᠬᠠᠷᠭᠤᠭᠤᠯᠤᠨ᠂ ᠠᠵᠤ ᠠᠬᠤᠢᠯᠠᠯ ᠡᠷᠬᠢᠯᠡᠨ ᠪᠠᠢᠭᠤᠯᠬᠤ᠂ ᠪᠠᠷᠢᠯᠭ᠎ᠠ᠎ᠶᠢᠨ ᠵᠦᠪᠰᠢᠶᠡᠷᠡᠯ᠎ᠢ ᠤᠯᠬᠤ᠂ ᠤᠰᠤ ᠴᠠᠬᠢᠯᠭᠠᠨ ᠰᠢᠳᠠᠮᠠᠬᠠᠢ ᠬᠡᠢ ᠲᠤᠯᠠᠭᠠᠯᠠᠭ᠎ᠠ ᠤᠷᠤᠭᠤᠯᠬᠤ᠂ ᠦᠯᠦ ᠬᠦᠳᠡᠯᠬᠦ ᠬᠦᠷᠦᠩᠭᠡ᠎ᠶᠢ ᠳᠠᠩᠰᠠᠯᠠᠨ ᠲᠡᠮᠳᠡᠭᠯᠡᠬᠦ᠂ ᠢᠳᠡᠭᠡᠮᠵᠢᠳᠦ ᠵᠢᠭᠡᠯᠡᠯᠭᠡ ᠤᠯᠭᠤᠬᠤ᠂ ᠭᠠᠢᠯᠢ ᠲᠤᠰᠢᠶᠠᠬᠤ᠂ ᠬᠢᠯᠢ ᠠᠯᠤᠰᠯᠠᠭᠰᠠᠨ ᠠᠷᠠᠯᠵᠢᠶ᠎ᠠ ᠪᠠ ᠪᠡᠯᠡ ᠤᠷᠤᠭᠤᠯᠤᠯᠳᠠ᠂ ᠠᠵᠤ ᠠᠬᠤᠢᠯᠠᠯ᠎ᠤᠨ ᠦᠪᠡᠷ ᠎ᠤᠨ ᠦᠷᠳᠡᠭ ᠎ᠢ ᠪᠠᠭᠤᠷᠠᠭᠤᠯᠬᠤ ᠵᠡᠷᠭᠡ  8 ᠭᠤᠤᠯᠳᠠᠯᠭ᠎ᠠ ᠲᠠᠢ ᠬᠦᠷᠢᠶ᠎ᠠ ᠪᠠ ᠪᠠᠭᠤᠷᠠᠢ ᠭᠤᠭᠴᠤᠭ᠎ᠠ ᠎ᠶᠢᠨ ᠲᠤᠭᠤᠷᠢᠨ᠎ᠳᠤ᠂ 《ᠳᠤᠮᠳᠠᠬᠢ ᠭᠤᠭᠴᠤᠭ᠎ᠠ ᠎ᠶᠢ ᠴᠤᠮᠬᠠᠳᠬᠠᠬᠤ ᠂ ᠴᠠᠭ ᠎ᠢ ᠴᠤᠮᠬᠠᠳᠬᠠᠬᠤ ᠂ ᠵᠠᠷᠤᠳᠠᠯ ᠎ᠢ ᠴᠤᠮᠬᠠᠳᠬᠠᠬᠤ᠂ ᠶᠠᠪᠤᠴᠠ ᠎ᠶᠢ ᠰᠢᠯᠢᠳᠡᠭᠵᠢᠭᠦᠯᠬᠦ 》 ᠵᠠᠷᠴᠢᠮ ᠎ᠢᠶᠡᠷ᠂  8 ᠲᠠᠯ᠎ᠠ ᠎ᠶᠢᠨ 30  ᠭᠠᠷᠤᠢ ᠵᠦᠢᠯ ᠎ᠤᠨ ᠪᠤᠳᠠᠳᠠᠢ ᠡᠭᠦᠷᠭᠡ ᠳᠤᠭᠳᠠᠭᠠᠵᠤ᠂ ᠮᠠᠨ᠎ᠤ ᠤᠷᠤᠨ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠤᠨ ᠰᠠᠢᠵᠢᠷᠠᠭᠤᠯᠬᠤ ᠠᠵᠢᠯ ᠎ᠤᠨ 1.0  ᠬᠡᠪ ᠎ᠢ ᠡᠬᠢᠯᠡᠭᠦᠯᠪᠡ ᠃

2019 ᠤᠨ᠎ᠤ 10 ᠰᠠᠷ᠎ᠠ᠎ᠳᠤ᠂ ᠲᠦᠷᠦ ᠢ᠋ᠢᠨ ᠶᠠᠪᠤᠳᠠᠯ᠎ᠤᠨ ᠬᠤᠷᠢᠶ᠎ᠠ《ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ᠋ ᠰᠢᠯᠢᠳᠡᠭᠵᠢᠭᠦᠯᠬᠦ ᠳᠦᠷᠢᠮ 》 ᠢ᠋ ᠳᠠᠷᠤᠮᠠᠯᠯᠠᠨ ᠲᠠᠷᠬᠠᠭᠠᠵᠤ ᠂ ᠡᠯ᠎ᠠ ᠭᠠᠵᠠᠷ ᠡᠯ᠎ᠠ ᠰᠠᠯᠠᠭ᠎ᠠ ᠮᠦᠴᠢᠷ ᠎ᠤᠨ ᠬᠢᠨ ᠦᠨᠡᠨ ᠪᠤᠳᠠᠳᠠᠢ ᠪᠦᠲᠦᠮᠵᠢᠳᠠᠢ ᠠᠷᠭ᠎ᠠ ᠬᠡᠮᠵᠢᠶ᠎ᠠ ᠠᠪᠴᠤ᠂ ᠳᠦᠷᠢᠮ᠎ᠤᠨ ᠡᠯ᠎ᠠ ᠵᠦᠢᠯ ᠎ᠤᠨ ᠳᠤᠭᠳᠠᠭᠠᠯ ᠎ᠢ ᠪᠤᠳᠠᠳᠠᠢ ᠳ᠋ᠤ ᠨᠠᠢᠳᠠᠪᠤᠷᠢᠵᠢᠭᠤᠯᠬᠤ ᠵᠢ ᠱᠠᠭᠠᠷᠳᠠᠪᠠ᠃ 11 ᠰᠠᠷ᠎ᠠ ᠎ᠳᠤᠨᠢ᠂ ᠮᠠᠨ ᠤ᠋ ᠣᠷᠣᠨ ᠠᠵᠤ ᠠᠬᠤᠶ᠋ᠢᠯᠠᠯ ᠎ᠤᠨ《ᠨᠢᠭᠡ ᠰᠦᠯᠵᠢᠶ᠎ᠡ ᠪᠡᠷ ᠭᠦᠢᠴᠡᠳᠭᠡᠬᠦ》 ᠲᠠᠪᠴᠠᠩ ᠎ᠢ ᠠᠰᠢᠡᠡᠯᠠᠯᠳᠠ ᠎ᠳᠤ ᠤᠷᠤᠭᠤᠯᠵᠤ᠂ ᠠᠵᠤ ᠠᠬᠤᠶ᠋ᠢᠯᠠᠯ ᠪᠠᠶ᠋ᠢᠭᠤᠯᠬᠤ᠂ ᠲᠠᠮᠠᠭ᠎ᠠ ᠦᠢᠯᠡᠳᠬᠦ ᠂ ᠲᠠᠩᠰᠠ ᠳᠠᠢᠯᠬᠤ ᠪᠠᠷᠢᠮᠲᠠ ᠠᠪᠬᠤ᠂ ᠨᠡᠶ᠋ᠢᠭᠡᠮ ᠎ᠤᠨ ᠪᠠᠳᠤᠯᠠᠭ᠎ᠠ ᠎ᠶᠢᠨ ᠳᠠᠭᠠᠳᠬᠠᠯ ᠎ᠢ ᠳᠡᠩᠰᠡᠯᠡᠨ ᠲᠡᠮᠳᠡᠭᠯᠡᠬᠦ ᠵᠡᠷᠭᠡ ᠠᠵᠤ ᠠᠬᠤᠶ᠋ᠢᠯᠠᠯ ᠪᠠᠢᠭᠤᠯᠤᠨ ᠡᠷᠭᠢᠯᠡᠬᠦ ᠲᠤᠬᠠᠶ᠋ᠢᠯᠠᠭᠰᠠᠨ ᠠᠵᠢᠯ ᠎ᠢ ᠨᠡᠢᠳᠭᠡᠨ ᠂ ᠠᠵᠤ ᠠᠬᠤᠶ᠋ᠢᠯᠠᠯ ᠪᠠᠢᠭᠤᠯᠤᠨ ᠡᠷᠭᠢᠯᠡᠬᠦ ᠬᠠᠮᠢᠶ᠎ᠠ ᠪᠥᠬᠥᠶ ᠭᠣᠭᠴᠣᠭ᠎ᠠ ᠎ᠶᠢ ᠰᠦᠯᠵᠢᠶᠡᠨ ᠳᠡᠭᠡᠷ᠎ᠡ 《ᠨᠢᠭᠡ ᠬᠦᠰᠦᠨᠦᠭᠲᠦ ᠪᠡᠷ ᠲᠠᠭᠯᠠᠨ ᠮᠡᠳᠡᠭᠦᠯᠬᠦ 》 《ᠨᠢᠭᠡ ᠰᠦᠯᠵᠢᠶ᠎ᠡ ᠪᠡᠷ ᠭᠦᠶ᠋ᠴᠡᠳᠬᠡᠬᠦ 》 ᠶ᠋ᠢ ᠪᠡᠶᠡᠯᠡᠭᠦᠯᠪᠡ ᠃

2020 ᠤᠨ ᠎ᠤ 6 ᠰᠠᠷ᠎ᠠ ᠎ᠳᠤ᠂ ᠵᠠᠬ᠎ᠠ ᠳᠡᠯᠭᠡᠭᠦᠷᠴᠢᠯᠡᠬᠦ ᠬᠠᠤᠯᠢᠵᠢᠭᠤᠯᠬᠤ ᠳᠡᠯᠡᠬᠡᠢᠴᠢᠯᠡᠬᠦ ᠵᠠᠷᠴᠢᠮ᠎ᠢ ᠪᠠᠷᠢᠮᠳᠠᠯᠠᠨ᠂ ᠵᠠᠬ᠎ᠠ ᠳᠡᠯᠭᠡᠭᠦᠷ᠎ᠤᠨ ᠭᠤᠤᠯ ᠴᠤᠭᠴᠠ᠎ᠶᠢᠨ ᠬᠡᠷᠡᠭᠴᠡᠭᠡ ᠱᠠᠭᠠᠷᠳᠠᠯᠭ᠎ᠠ ᠪᠡᠷ ᠤᠳᠤᠷᠢᠳᠤᠮᠵᠢ ᠪᠤᠯᠭᠠᠵᠤ ᠂ ᠵᠠᠰᠠᠭ ᠎ᠤᠨ ᠤᠷᠳᠤᠨ ᠎ᠤ ᠡᠭᠦᠷᠭᠡ ᠴᠢᠳᠠᠪᠬᠢ᠎ᠶᠢ ᠭᠦᠨᠵᠡᠭᠡᠢ ᠬᠤᠪᠢᠷᠠᠭᠤᠯᠬᠤ ᠪᠡᠷ ᠭᠤᠤᠯ ᠪᠤᠯᠭᠠᠨ᠂ ᠪᠠᠢᠭᠤᠯᠤᠮᠵᠢ ᠳᠤᠭᠳᠠᠴᠠ ᠎ᠶᠢᠨ ᠰᠢᠨ᠎ᠠ ᠎ᠶᠢ ᠡᠭᠦᠳᠴᠤ᠂ ᠬᠠᠮᠵᠢᠯᠴᠠᠨ ᠬᠠᠮᠳᠤᠷᠠᠯᠴᠠᠬᠤ ᠎ᠶᠢ ᠴᠢᠩᠭᠠᠳᠬᠠᠨ᠂ ᠬᠠᠤᠯᠢᠵᠢᠯ ᠎ᠤᠨ ᠪᠠᠳᠤᠯᠠᠭ᠎ᠠ ᠎ᠶᠢ ᠲᠡᠭᠦᠯᠳᠡᠷᠵᠢᠭᠦᠯᠵᠦ᠂ ᠠᠵᠤ ᠠᠬᠤᠢᠯᠠᠯ ᠎ᠤᠨ ᠲᠤᠰᠬᠠᠭᠰᠠᠨ ᠲᠤᠪᠤᠢᠮ᠎ᠠ ᠠᠰᠠᠭᠤᠳᠠᠯ᠎ᠢ ᠰᠢᠢᠳᠪᠤᠷᠢᠯᠡᠨ᠂ ᠠᠵᠤ ᠠᠬᠤᠢᠯᠠᠯ ᠎ᠤᠨ ᠬᠦᠭᠵᠢᠯᠳᠡ ᠎ᠶᠢᠨ ᠢᠳᠡᠭᠡᠯ ᠪᠤᠯᠤᠨ ᠦᠷᠢᠰᠦᠯᠳᠦᠬᠦ ᠬᠦᠴᠦᠨ ᠎ᠢ ᠳᠡᠭᠡᠭᠰᠢᠯᠡᠭᠦᠯᠵᠦ᠂ ᠠᠵᠤ ᠠᠬᠤᠢᠯᠠᠯ ᠎ᠤᠨ ᠬᠦᠷᠳᠡᠮᠵᠢ ᠎ᠶᠢᠨ ᠲᠦᠷᠦᠭᠳᠡᠯ ᠪᠠ ᠬᠠᠨᠤᠮᠵᠢᠳᠤ ᠬᠡᠮᠵᠢᠶ᠎ᠠ᠎ᠶᠢ ᠴᠢᠩᠭᠠᠳᠬᠠᠬᠤ ᠪᠡᠷ ᠵᠤᠷᠢᠯᠳᠠ ᠪᠤᠯᠭᠠᠨ᠂ ᠮᠠᠨ᠎ᠤ ᠤᠷᠤᠨ 《ᠦᠪᠡᠷᠳᠡᠭᠡᠨ ᠵᠠᠰᠠᠬᠤ ᠤᠷᠤᠨ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ᠎ᠢ ᠰᠢᠯᠢᠳᠡᠭᠵᠢᠭᠦᠯᠬᠦ ᠠᠵᠢᠯᠯᠠᠭᠠᠨ ᠎ᠤ ᠲᠦᠰᠦᠯ》 ᠢ᠋ ᠨᠡᠢᠳᠡᠯᠡᠵᠦ᠂ ᠮᠠᠨ ᠎ᠤ ᠤᠷᠤᠨ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠤᠨ ᠰᠠᠢᠵᠢᠷᠠᠭᠤᠯᠬᠤ ᠠᠵᠢᠯ᠎ᠤᠨ 2.0  ᠬᠡᠪ ᠎ᠢ ᠡᠬᠢᠯᠡᠭᠦᠯᠪᠡ ᠃

2020 ᠣᠨ ᠎ᠤ  9 ᠰᠠᠷ᠎ᠠ ᠎ᠡᠴᠡ ᠡᠬᠢᠯᠡᠨ ᠂ ᠥᠪᠡᠷᠲᠡᠭᠡᠨ ᠵᠠᠰᠠᠬᠤ ᠣᠷᠣᠨ ᠎ᠤ ᠬᠥᠭᠵᠢᠭᠦᠯᠦᠯᠲᠡ ᠪᠠ ᠦᠭᠡᠷᠡᠴᠢᠯᠡᠯᠳᠡ ᠎ᠶᠢᠨ ᠵᠥᠪᠯᠡᠯ ᠪᠥᠬᠥ ᠣᠷᠣᠨ ᠎ᠤ ᠠᠯᠪᠠᠲᠠᠨ ᠡᠯᠰᠡᠨ ᠬᠡᠷᠡᠭᠯᠡᠬᠦ᠂ ᠲᠤᠰᠢᠶᠠᠯ᠎ᠳᠤ ᠳᠤᠬᠢᠷᠠᠭᠤᠯᠤᠨ ᠲᠣᠮᠢᠯᠠᠬᠤ ᠶᠠᠪᠤᠴᠠ ᠎ᠳᠤ ᠢᠲᠡᠭᠡᠮᠵᠢ ᠎ᠶᠢ ᠪᠠᠶ᠋ᠢᠴᠠᠭᠠᠬᠤ ᠭᠣᠭᠴᠣᠭ᠎ᠠ ᠎ᠶᠢ ᠨᠡᠮᠡᠵᠦ ᠤᠷᠤᠭᠤᠯᠪᠠ ᠃

2020 ᠤᠨ᠎ᠤ  9 ᠰᠠᠷ᠎ᠠ ᠎ᠶᠢᠨ 23 ᠎ᠳ᠋ᠤ ᠂ ᠮᠠᠨ ᠎ᠤ ᠤᠷᠤᠨ ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠬᠦ ᠲᠤᠬᠠᠢ ᠠᠩᠬᠠᠳᠠᠭᠴᠢ ᠬᠠᠤᠯᠢ ᠳᠤᠭᠳᠠᠭᠠᠯ 《ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠴᠢᠨᠠᠭᠰᠢᠳᠠ ᠰᠢᠯᠢᠳᠡᠭᠵᠢᠭᠦᠯᠬᠦ ᠲᠤᠬᠠᠢ ᠦᠪᠦᠷ ᠮᠤᠩᠭᠤᠯ ᠎ᠤᠨ ᠦᠪᠡᠷᠳᠡᠭᠡᠨ ᠵᠠᠰᠠᠬᠤ ᠤᠷᠤᠨ ᠎ᠤ ᠠᠷᠠᠳ ᠎ᠤᠨ ᠲᠦᠯᠦᠭᠡᠯᠡᠭᠴᠢᠳ ᠎ᠤᠨ ᠶᠡᠬᠡ ᠬᠤᠷᠠᠯ᠎ᠤᠨ ᠪᠠᠢᠩᠭᠤ᠎ᠶᠢᠨ ᠬᠤᠷᠢᠶᠠᠨ ᠎ᠤ ᠳᠤᠭᠳᠠᠭᠠᠯ》 ᠪᠠᠳᠤᠯᠠᠭᠳᠠᠪᠠ᠃ ᠳᠤᠭᠳᠠᠭᠠᠯ᠎ᠳᠤ ᠲᠤᠳᠤᠨᠤ ᠪᠦᠭᠡᠳ ᠴᠢᠭᠡᠴᠢ ᠵᠠᠰᠠᠭ ᠎ᠤ ᠤᠷᠳᠤᠨ ᠪᠤᠯᠤᠨ ᠬᠤᠳᠠᠯᠳᠤᠭᠠᠨ ᠎ᠤ ᠬᠠᠷᠢᠴᠠᠭ᠎ᠠ ᠎ᠶᠢ ᠪᠠᠢᠭᠤᠯᠬᠤ᠂ ᠠᠵᠤ ᠎ᠠᠬᠤᠢᠯᠠᠯ ᠎ᠤᠨ ᠎ᠪᠡᠯᠡ ᠬᠤᠷᠠᠮᠳᠤᠭᠤᠯᠬᠤ ᠎ᠳᠤ ᠬᠦᠴᠢᠷ ᠪᠡᠯᠡ ᠬᠤᠷᠠᠮᠳᠤᠭᠤᠯᠬᠤ᠎ᠳᠤ ᠦᠨᠡᠳᠠᠢ ᠠᠰᠠᠭᠤᠳᠠᠯ ᠎ᠢ ᠬᠦᠴᠦᠯᠡᠨ ᠰᠢᠢᠳᠪᠤᠷᠢᠯᠡᠬᠦ ᠂ ᠡᠯ᠎ᠠ ᠲᠦᠷᠦᠯ᠎ᠤᠨ ᠵᠠᠬ᠎ᠠ ᠳᠡᠯᠭᠡᠭᠦᠷ ᠎ᠤᠨ ᠭᠤᠤᠯ ᠴᠤᠭᠴᠠ ᠎ᠶᠢᠨ ᠦᠮᠴᠢᠯᠡᠬᠦ ᠡᠷᠬᠡ ᠪᠤᠯᠤᠨ ᠬᠠᠤᠯᠢ ᠶᠤᠰᠤᠨ ᠎ᠤ ᠡᠷᠬᠡ ᠠᠰᠢᠭ ᠎ᠢ ᠪᠠᠳᠤᠯᠠᠬᠤ ᠂ 《ᠲᠠᠯᠪᠢᠬᠤ ᠬᠠᠮᠢᠶᠠᠷᠬᠤ ᠦᠢᠯᠡᠴᠢᠯᠡᠬᠦ》 ᠦᠭᠡᠷᠡᠴᠢᠯᠡᠯᠳᠡ ᠎ᠶᠢ ᠭᠦᠨᠵᠡᠭᠡᠢᠷᠡᠭᠦᠯᠬᠦ ᠂ ᠬᠢᠨᠠᠯᠳᠠ ᠲᠠᠯᠪᠢᠬᠤ ᠠᠵᠢᠯ ᠎ᠢ ᠴᠢᠩᠭᠠᠳᠬᠠᠬᠤ ᠵᠡᠷᠭᠡ ᠲᠠᠯ᠎ᠠ ᠪᠡᠷ ᠪᠤᠳᠠᠳᠠᠢ ᠳᠤᠭᠳᠠᠭᠠᠯ ᠭᠠᠷᠭᠠᠵᠠᠢ ᠃

2018 ᠤᠨ᠂ 2019 ᠤᠨ᠂ 2020 ᠤᠨ᠎ᠳᠤ ᠂ ᠮᠠᠨ  ᠤ᠋ ᠤᠷᠤᠨ ᠭᠤᠷᠪᠠᠨ ᠵᠢᠯ ᠳᠠᠷᠠᠭᠠᠯᠠᠨ ᠪᠦᠬᠦ ᠤᠷᠤᠨ ᠤ᠋ ᠬᠡᠪᠴᠢᠶᠠᠨ ᠳ᠋ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ᠋ ᠦᠨᠡᠯᠡᠨ ᠵᠢᠱ᠌ᠢᠬᠦ ᠠᠵᠢᠯ ᠦᠷᠨᠢᠭᠦᠯᠪᠡ᠃ ᠦᠨᠡᠯᠡᠨ ᠵᠢᠱ᠌ᠢᠭᠰᠡᠨ ᠦᠷ᠎ᠠ ᠳ᠋ᠦᠩ ᠳ᠋ᠤ ᠬᠠᠷᠠᠭᠤᠯᠤᠭᠰᠠᠨ  ᠢ᠋ᠢᠡᠷ᠂  ᠮᠠᠨ ᠎ᠤ ᠤᠷᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠤᠨ ᠰᠠᠢᠵᠢᠷᠠᠭᠤᠯᠬᠤ ᠠᠵᠢᠯ ᠎ᠤᠨ 1.0  ᠬᠡᠪ  ᠪᠠ 2.0  ᠬᠡᠪ  ᠤ᠋ᠨ ᠲᠦᠰᠦᠯ᠎ᠤᠨ ᠡᠯ᠎ᠠ ᠵᠦᠢᠯ ᠤ᠋ᠨ ᠡᠭᠦᠷᠭᠡ ᠢ᠋ᠢ ᠦᠨᠳᠦᠰᠦᠨ ᠳ᠋ᠡᠭᠡᠨ ᠴᠦᠮ ᠨᠠᠢᠳᠠᠪᠤᠷᠢᠵᠢᠭᠤᠯᠵᠤ᠂ ᠡᠯ᠎ᠠ ᠲᠦᠷᠦᠯ ᠎ᠤᠨ ᠭᠦᠢᠴᠡᠳᠭᠡᠯ ᠲᠤᠭᠠᠨ ᠤ᠋ ᠱᠠᠭᠠᠷᠳᠠᠯᠭ᠎ᠠ ᠢ᠋ᠢ ᠦᠨᠳᠦᠰᠦᠨ ᠳ᠋ᠡᠭᠡᠨ ᠪᠦᠷ ᠪᠦᠲᠦᠮᠵᠢᠳᠠᠢ ᠨᠠᠢᠳᠠᠪᠤᠷᠢᠵᠢᠭᠤᠯᠤᠭᠰᠠᠨ ᠪᠤᠶᠤ ᠢᠯᠡᠳᠳᠡ ᠳᠠᠪᠰᠢᠯᠳᠠ  ᠲᠠᠢ  ᠪᠤᠯᠵᠤ ᠂ ᠪᠦᠬᠦ ᠤᠷᠤᠨ ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢᠯᠡᠳᠳᠡ ᠰᠠᠢᠵᠢᠷᠠᠪᠠ᠃

ᠡᠨᠡ ᠵᠢᠯ ᠎ᠤᠨ 6  ᠰᠠᠷ᠎ᠠ ᠡᠴᠡ ᠦᠪᠡᠷᠳᠡᠭᠡᠨ ᠵᠠᠰᠠᠬᠤ ᠤᠷᠤᠨ ᠎ᠤ ᠬᠦᠭᠵᠢᠭᠦᠯᠦᠯᠳᠡ ᠪᠠ ᠦᠭᠡᠷᠡᠴᠢᠯᠡᠯᠳᠡ ᠎ᠶᠢᠨ ᠵᠦᠪᠯᠡᠯ ᠎ᠤᠨ ᠬᠢᠨ ᠮᠠᠨ ᠎ᠤ ᠤᠷᠤᠨ ᠎ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠤᠨ ᠰᠠᠢᠵᠢᠷᠠᠭᠤᠯᠬᠤ ᠠᠵᠢᠯ ᠎ᠤᠨ 3.0  ᠬᠡᠪ ᠎ᠤᠨ ᠲᠦᠷᠦ ᠎ᠶᠢᠨ ᠪᠤᠳᠤᠯᠭ᠎ᠠ ᠢ᠋ᠢ ᠳᠤᠭᠳᠠᠭᠠᠬᠤ ᠲᠤᠬᠠᠢ ᠤᠯᠠᠨ ᠡᠴᠡ ᠰᠠᠨᠠᠯ ᠰᠠᠨᠠᠭᠤᠯᠭ᠎ᠠ ᠬᠤᠷᠢᠶᠠᠵᠤ ᠡᠬᠢᠯᠡᠪᠡ ᠃

ᠡᠨᠡ ᠵᠢᠯ  ᠤ᠋ᠨ 7  ᠰᠠᠷ᠎ᠠ ᠎ᠳᠤ ᠂ ᠲᠡᠷᠢᠭᠦᠨ ᠎ᠤ ᠬᠤᠳᠠᠯᠳᠤᠭ᠎ᠠ ᠡᠷᠬᠢᠯᠡᠬᠦ ᠤᠷᠴᠢᠨ ᠨᠦᠭᠦᠴᠡᠯ᠎ᠢ ᠱᠠᠯᠠᠪᠳᠠᠨ ᠪᠠᠢᠭᠤᠯᠵᠤ᠂ ᠵᠠᠬ᠎ᠠ ᠳᠡᠯᠭᠡᠭᠦᠷ᠎ᠤᠨ ᠭᠤᠤᠯ ᠴᠤᠭᠴᠠ᠎ᠶᠢᠨ ᠠᠮᠢᠵᠢᠷᠠᠯ᠎ᠤᠨ ᠬᠦᠴᠦᠨ ᠎ᠢ ᠲᠠᠰᠤᠷᠠᠯᠳᠠ ᠦᠭᠡᠢ ᠬᠦᠭᠵᠢᠭᠡᠬᠦ ᠪᠡᠷ ᠵᠤᠷᠢᠯᠳᠠ ᠪᠤᠯᠭᠠᠨ᠂ ᠮᠠᠨ᠎ᠤ ᠤᠷᠤᠨ《ᠥᠪᠥᠷ ᠮᠣᠩᠭᠣᠯ ᠎ᠤᠨ ᠥᠪᠡᠷᠲᠡᠭᠡᠨ ᠵᠠᠰᠠᠬᠤ ᠣᠷᠣᠨ ᠎ᠤ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ ᠎ᠢ ᠦᠨᠡᠯᠡᠨ ᠵᠢᠱ᠌ᠢᠬᠦ ᠲᠤᠬᠠᠢ ᠬᠡᠷᠡᠭᠵᠢᠭᠦᠯᠬᠦ ᠠᠷᠭ᠎ᠠ(ᠲᠤᠷᠰᠢᠨ ᠬᠡᠷᠡᠭᠵᠢᠭᠦᠯᠬᠦ)》 ᠶ᠋ᠢ ᠨᠡᠢᠳᠡᠯᠡᠵᠦ ᠂ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ  ᠢ᠋ ᠦᠨᠡᠯᠡᠨ ᠵᠢᠱ᠌ᠢᠬᠦ ᠭᠦᠢᠴᠡᠳᠭᠡᠯ ᠲᠣᠭᠠᠨ ᠤ᠋ ᠰᠢᠰᠲ᠋ᠧᠮ ᠢ᠋  4 ᠲᠠᠯ᠎ᠠ ᠡᠴᠡ 20 ᠵᠦᠢᠯ ᠤ᠋ᠨ ᠨᠢᠭᠡᠳᠦᠭᠡᠷ ᠳᠡᠰ ᠤ᠋ᠨ ᠭᠦᠢᠴᠡᠳᠭᠡᠯ ᠲᠣᠭ᠎ᠠ ᠪᠤᠯᠤᠨ 92  ᠵᠦᠢᠯ  ᠤ᠋ᠨ ᠬᠣᠶᠠᠳᠤᠭᠠᠷ ᠳᠡᠰ  ᠤ᠋ᠨ ᠭᠦᠢᠴᠡᠳᠭᠡᠯ ᠲᠣᠭ᠎ᠠ ᠳ᠋ᠤ ᠬᠤᠪᠢᠶᠠᠵᠤ᠂ ᠦᠨᠡᠯᠡᠨ ᠵᠢᠱ᠌ᠢᠭᠰᠡᠨ ᠦᠷ᠎ᠠ ᠳ᠋ᠦᠩ ᠢ᠋ ᠡᠯ᠎ᠠ ᠠᠢᠮᠠᠭ ᠬᠣᠲᠠ ᠢ᠋ᠢᠨ ᠠᠵᠢᠯ ᠤ᠋ᠨ ᠠᠮᠵᠢᠯᠳᠠ ᠪᠦᠲᠦᠮᠵᠢ ᠢ᠋ᠢ ᠬᠢᠨᠠᠨ ᠰᠢᠯᠭᠠᠬᠤ ᠭᠦᠢᠴᠡᠳᠭᠡᠯ ᠲᠣᠭ᠎ᠠ ᠢ᠋ᠢᠨ ᠰᠢᠰᠲ᠋ᠧᠮ  ᠳ᠋ᠤ ᠣᠷᠣᠭᠤᠯᠪᠡ ᠃

ᠳᠠᠪᠤᠨ ᠵᠢᠯ ᠎ᠤᠨ ᠲᠤᠷᠰᠢ ᠂ ᠦᠪᠡᠷᠳᠡᠭᠡᠨ ᠵᠠᠰᠠᠬᠤ ᠤᠷᠤᠨ ᠎ᠤ ᠨᠠᠮ ᠎ᠤᠨ ᠬᠤᠷᠢᠶ᠎ᠠ ᠵᠠᠰᠠᠭ ᠤ᠋ᠨ ᠤᠷᠳᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠎ᠢ ᠰᠢᠯᠢᠳᠡᠭᠵᠢᠭᠦᠯᠬᠦ ᠢ᠋ᠢ ᠳᠡᠭᠡᠳᠦ ᠬᠡᠮᠵᠢᠶ᠎ᠠ  ᠪᠡᠷ ᠴᠢᠬᠤᠯᠠᠴᠢᠯᠠᠵᠤ ᠂ ᠠᠯᠢ ᠤᠯᠠᠨ ᠠᠷᠭ᠎ᠠ ᠬᠡᠮᠵᠢᠶ᠎ᠡ ᠎ᠶᠢ ᠤᠨᠢᠨ ᠳᠡᠭᠡᠷ᠎ᠠ ᠨᠢ ᠲᠤᠭᠳᠠᠭᠠᠵᠤ᠂ ᠲᠥᠷᠥ ᠎ᠶᠢᠨ ᠪᠣᠳᠣᠯᠭ᠎ᠠ ᠎ᠶᠢ ᠬᠡᠷᠡᠭᠵᠢᠭᠦᠯᠬᠦ ᠥᠬᠡᠶ᠂ ᠠᠮᠠᠯᠠᠯᠲᠠ ᠪᠡᠨ ᠭᠦᠶ᠋ᠴᠡᠳᠬᠡᠬᠦ ᠥᠬᠡᠶ᠂ ᠬᠤᠳᠠᠯᠳᠤᠭᠠᠴᠢᠨ ᠎ᠢ ᠮᠡᠬᠡᠯᠡᠨ ᠠᠵᠤ ᠠᠬᠤᠶ᠋ᠢᠯᠠᠯ ᠎ᠢ ᠮᠡᠬᠡᠯᠡᠬᠦ ᠵᠡᠷᠭᠡ ᠨᠡᠶ᠋ᠢᠲᠡᠯᠢᠭ ᠠᠰᠠᠭᠤᠳᠠᠯ ᠎ᠢ ᠵᠠᠯᠬᠠᠭᠠᠨ ᠰᠢᠶ᠋ᠳᠬᠡᠵᠦ᠂ ᠨᠢᠭᠡ ᠪᠦᠯᠦᠭ ᠵᠠᠬ᠎ᠠ ᠳᠡᠯᠭᠡᠭᠦᠷ ᠎ᠤᠨ ᠭᠤᠤᠯ ᠴᠣᠭᠴᠠ ᠎ᠶᠢᠨ ᠲᠤᠰᠬᠠᠯ ᠴᠢᠩᠭ᠎ᠠ ᠪᠠᠶ᠋ᠢᠭ᠎ᠠ ᠲᠣᠪᠣᠶ᠋ᠢᠮ᠎ᠠ ᠠᠰᠠᠭᠤᠳᠠᠯ ᠎ᠢ ᠦᠨᠡᠨ᠎ᠬᠦ ᠰᠢᠶ᠋ᠳᠪᠦᠷᠢᠯᠡᠭᠰᠡᠨ ᠎ᠢᠶᠡᠷ᠂ ᠡᠨᠡ ᠵᠢᠯ ᠎ᠤᠨ10 ᠰᠠᠷ᠎ᠠ ᠎ᠶᠢᠨ ᠰᠡᠭᠦᠯᠴᠢ ᠪᠣᠯᠲᠠᠯ᠎ᠠ ᠪᠥᠬᠥ ᠣᠷᠣᠨ᠎ᠤ ᠡᠯ᠎ᠡ ᠲᠥᠷᠥᠯ ᠎ᠤᠨ ᠵᠠᠬ᠎ᠠ ᠳᠡᠯᠭᠡᠭᠦᠷ ᠎ᠤᠨ ᠭᠤᠤᠯ ᠴᠣᠭᠴᠠ ᠨᠡᠶ᠋ᠢᠲᠡ 236  ᠲᠦᠮᠡᠨ ᠡᠷᠦᠬᠡ ᠪᠤᠯᠵᠤ ᠂ ᠨᠢᠳᠤᠨᠤᠨ ᠎ᠤ  ᠬᠢ  ᠡᠴᠡ 5.2%  ᠢ᠋ᠢᠡᠷ ᠨᠡᠮᠡᠭᠳᠡᠨ᠂  ᠠᠵᠤ ᠠᠬᠤᠶ᠋ᠢᠯᠠᠯ  53 ᠲᠦᠮᠡ ᠪᠤᠯᠵᠤ᠂ ᠨᠢᠳᠤᠨᠤᠨ ᠎ᠤ ᠬᠢ  ᠡᠴᠡ 10% ᠪᠠᠷ ᠨᠡᠮᠡᠭᠳᠡᠨ᠂  ᠠᠷᠠᠳ᠎ᠤᠨ ᠡᠵᠡᠩᠨᠡᠯᠳᠡ᠎ᠶᠢᠨ ᠠᠵᠤ ᠠᠬᠤᠢ᠎ᠶᠢᠨ ᠵᠠᠬ᠎ᠠ ᠳᠡᠯᠭᠡᠭᠦᠷ ᠎ᠤᠨ  ᠭᠤᠤᠯ ᠴᠤᠭᠴᠠ 228.56 ᠲᠦᠮᠡᠨ ᠡᠷᠦᠬᠡ ᠪᠤᠯᠵᠤ᠂  ᠨᠢᠳᠤᠨᠤᠨ ᠎ᠤ  ᠬᠢ  ᠡᠴᠡ 4.3% ᠪᠡᠷ ᠨᠡᠮᠡᠭᠳᠡᠪᠠ᠃ ᠡᠭᠦᠨ᠎ᠳᠤ《ᠨᠢᠭᠡ ᠰᠦᠯᠵᠢᠶ᠎ᠡ ᠪᠡᠷ ᠭᠦᠢᠴᠡᠳᠭᠡᠬᠦ》 ᠲᠠᠪᠴᠠᠩ ᠎ᠢᠶᠡᠷ ᠳᠠᠮᠵᠢᠨ ᠪᠠᠢᠭᠤᠯᠤᠭᠳᠠᠭᠰᠠᠨ ᠵᠠᠬ᠎ᠠ ᠳᠡᠯᠭᠡᠭᠦᠷ ᠎ᠤᠨ ᠭᠤᠤᠯ ᠴᠣᠭᠴᠠ 33.9  ᠲᠦᠮᠡ ᠭᠠᠷᠤᠢ ᠪᠠᠢᠯ᠎ᠠ ᠃

ᠨᠢᠳᠤᠨᠤᠨ ᠎ᠤ ᠬᠢᠵᠢᠭ ᠎ᠤᠨ ᠦᠶᠡᠰ ᠮᠠᠨ ᠎ᠤ ᠤᠷᠤᠨ 《ᠰᠦᠯᠵᠢᠶᠡᠨ ᠳᠡᠭᠡᠷᠡᠬᠢ ᠬᠤᠳᠠᠯᠳᠤᠭᠠᠴᠢᠨ ᠤᠷᠢᠬᠤ ᠰᠠᠷ᠎ᠠ》 ᠢ᠋ᠢᠨ ᠠᠵᠢᠯᠯᠠᠭ᠎ᠠ ᠡᠷᠬᠢᠯᠡᠵᠤ ᠂ ᠪᠦᠬᠦ ᠤᠷᠤᠨ ᠎ᠢᠶᠡᠷ ᠎ᠢᠶᠡᠨ 3079.68 ᠳ᠋ᠦᠩᠰᠢᠭᠤᠷ ᠲᠦᠭᠦᠷᠢᠭ ᠎ᠤᠨ ᠪᠡᠯᠡ ᠤᠷᠤᠭᠤᠯᠤᠯᠳᠠ ᠎ᠳᠤ ᠬᠤᠯᠪᠤᠭᠳᠠᠬᠤ 186 ᠲᠦᠷᠦᠯ ᠵᠦᠢᠯ ᠎ᠤᠨ ᠭᠡᠷ᠎ᠠ ᠳᠤᠬᠢᠷᠠᠯᠴᠠᠪᠠ᠃

ᠡᠨᠡ ᠵᠢᠯ ᠎ᠤᠨ 6 ᠰᠠᠷ᠎ᠠ᠎ᠳᠤ ᠂ ᠮᠠᠨ ᠎ᠤ ᠣᠷᠣᠨ ᠠᠵᠤ ᠠᠬᠤᠢᠯᠠᠯ ᠪᠠᠢᠭᠤᠯᠬᠤ ᠎ᠳᠤ ᠬᠥᠮᠦᠨ ᠎ᠤ ᠬᠦᠴᠦ ᠪᠡᠷ ᠭᠠᠷ ᠥᠯᠥ ᠲᠦᠷᠦᠭᠦ ᠣᠶᠤᠨᠴᠢ ᠬᠢᠨᠠᠨ ᠵᠥᠪᠰᠢᠶᠡᠷᠡᠬᠦ ᠰᠢᠰᠲ᠋ᠧᠮ ᠎ᠢ ᠨᠡᠪᠲᠡᠷᠡᠭᠦᠯᠵᠦ᠂ ᠡᠯᠧᠺᠲ᠋ᠷᠣᠨ ᠲᠠᠮᠠᠭ᠎ᠠ ᠪᠠ ᠡᠯᠧᠺᠲ᠋ᠷᠣᠨ ᠡᠵᠡᠩᠨᠡᠯᠲᠡ᠎ᠶᠢᠨ ᠦᠨᠡᠮᠯᠡᠯ᠎ᠢ ᠵᠡᠷᠭᠡ ᠪᠡᠷ᠎ᠣᠯᠭᠣᠬᠤ᠂ ᠲᠥᠪᠯᠡᠷᠡᠭᠦᠯᠦᠨ ᠬᠡᠷᠡᠭᠯᠡᠬᠦ᠎ᠶᠢ ᠪᠡᠶᠡᠯᠡᠭᠦᠯᠵᠦ᠂ ᠠᠵᠤ ᠠᠬᠤᠶ᠋ᠢᠯᠠᠯ ᠳᠡᠩᠰᠡᠯᠡᠭᠤᠯᠬᠤ ᠴᠠᠭ ᠬᠤᠭᠤᠴᠠᠭ᠎ᠠ᠂ ᠣᠷᠣᠨ ᠵᠠᠶ᠂ ᠭᠠᠵᠠᠷ᠂ ᠨᠥᠬᠥᠴᠡᠯ ᠎ᠤᠨ ᠬᠢᠵᠠᠭᠠᠷᠯᠠᠯ ᠎ᠢ ᠤᠯᠠᠮ ᠨᠢᠭᠡ ᠠᠯᠬᠤᠮ ᠴᠢᠯᠦᠭᠡᠳᠠᠢ ᠪᠤᠯᠭᠠᠨ᠂ ᠠᠵᠤ ᠠᠬᠤᠶ᠋ᠢᠯᠠᠯ ᠢ᠋ ᠳᠠᠩᠰᠠᠯᠠᠭᠤᠯᠵᠤ ᠬᠢᠨᠠᠨ ᠵᠥᠪᠰᠢᠶᠡᠷᠡᠬᠦ ᠠᠵᠢᠯ ᠤ᠋ᠨ ᠠᠬᠢᠴᠠ ᠵᠢ《ᠡᠳᠦᠷ》 ᠶ᠋ᠢᠡᠷ ᠲᠤᠭᠠᠯᠠᠵᠤ ᠪᠠᠢᠭᠰᠠᠨ ᠎ᠡᠴᠡ ᠪᠡᠨ 《ᠰᠧᠺᠦ᠋ᠨ᠋ᠳ᠋》 ᠶ᠋ᠢᠡᠷ ᠲᠤᠭᠠᠯᠠᠬᠤ ᠪᠤᠯᠤᠭᠰᠠᠨ ᠦᠰᠦᠷᠦᠯᠲᠡ ᠎ᠶᠢ ᠪᠡᠶᠡᠯᠡᠭᠦᠯᠪᠡ ᠃

ᠡᠨᠡ ᠵᠢᠯ ᠎ᠤᠨ 11 ᠰᠠᠷ᠎ᠠ ᠎ᠶᠢᠨ 15 ᠎ᠤ᠋ ᠡᠳᠦᠷ᠂ ᠦᠪᠦᠷ ᠮᠤᠩᠭᠤᠯ ᠎ᠤᠨ  ᠳ᠋ᠠ ᠲᠠᠩ ᠡᠮ ᠎ᠤᠨ ᠦᠢᠯᠡᠰ ᠎ᠤᠨ ᠬᠢᠵᠠᠭᠠᠷᠳᠦ ᠺᠤᠮᠫᠠᠨᠢ ᠪᠡᠭᠡᠵᠢᠩ ᠎ᠤᠨ ᠦᠨᠡᠳᠦ ᠲᠡᠮᠳᠡᠭᠳᠤ ᠎ᠶᠢᠨ ᠠᠷᠠᠯᠵᠢᠶᠠᠨ ᠎ᠤ ᠭᠠᠵᠠᠷ ᠲᠦ᠍ ᠰᠲ᠋ᠤᠺ ᠎ᠢᠶᠡᠨ ᠵᠠᠬ᠎ᠠ ᠳᠡᠯᠭᠡᠭᠦᠷ ᠲᠦ᠍ ᠭᠠᠷᠭᠠᠵᠤ᠂ ᠮᠠᠨ ᠎ᠤ ᠤᠷᠤᠨ᠎ᠤ ᠰᠲ᠋ᠤᠺ᠎ᠢᠶᠡᠨ ᠵᠠᠬ᠎ᠠ ᠳᠡᠯᠭᠡᠭᠦᠷ ᠲᠦ᠍ ᠭᠠᠷᠭᠠᠭᠰᠠᠨ ᠠᠵᠤ ᠠᠬᠤᠢᠯᠠᠯ ᠱᠠᠩᠬᠠᠢ᠂ ᠱᠧᠨᠵᠧᠨ᠂ ᠪᠡᠭᠡᠵᠢᠩ᠂ ᠰᠢᠶᠠᠩᠭᠠᠩ᠎ᠤᠨ ᠦᠨᠡᠳᠦ ᠲᠡᠮᠳᠡᠭᠳᠦ ᠎ᠶᠢᠨ ᠠᠷᠠᠯᠵᠢᠶᠠᠨ ᠎ᠤ ᠭᠠᠵᠠᠷ ᠎ᠢ ᠴᠦᠮ ᠬᠠᠮᠤᠷᠤᠭᠰᠠᠨ ᠪᠠᠢᠨ᠎ᠠ᠃

ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠪᠤᠯ ᠬᠦᠭᠵᠢᠯᠳᠡ ᠎ᠶᠢᠨ ᠤᠷᠴᠢᠨ ᠎ᠤ ᠴᠢᠬᠤᠯᠠ ᠠᠭᠤᠯᠭ᠎ᠠ ᠮᠦᠨ ᠂ ᠨᠢᠭᠡ ᠭᠠᠵᠠᠷ ᠤᠷᠤᠨ ᠎ᠤ ᠠᠵᠤ ᠠᠬᠤᠢ ᠎ᠶᠢᠨ ᠵᠦᠭᠡᠯᠡᠨ ᠪᠤᠳᠠᠳᠤ ᠬᠦᠴᠦᠨ ᠪᠠ ᠦᠷᠢᠰᠦᠯᠳᠦᠬᠦ ᠬᠦᠴᠦᠨ᠎ᠤ ᠲᠦᠪᠯᠡᠷᠡᠩᠭᠦᠢ ᠢᠯᠡᠷᠡᠯ ᠪᠤᠯᠤᠨ᠎ᠠ᠃ ᠤᠷᠤᠨ ᠳᠠᠶᠠᠭᠠᠷ᠎ᠤᠨ ᠬᠠᠮᠳᠤ ᠎ᠶᠢᠨ ᠴᠢᠷᠮᠠᠢᠯᠭ᠎ᠠ ᠪᠡᠷ ᠮᠠᠨ ᠎ᠤ ᠤᠷᠤᠨ ᠎ᠤ ᠬᠤᠳᠠᠯᠳᠤᠭ᠎ᠠ ᠡᠷᠬᠢᠯᠡᠬᠦ ᠤᠷᠴᠢᠨ ᠨᠦᠭᠦᠴᠡᠯ ᠲᠠᠰᠤᠷᠠᠯᠳᠠ ᠦᠭᠡᠢ ᠰᠢᠯᠢᠳᠡᠭᠵᠢᠨ ᠰᠠᠢᠵᠢᠷᠠᠵᠤ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ᠎ᠢ ᠰᠠᠢᠵᠢᠷᠠᠭᠤᠯᠬᠤ《ᠳᠦᠷᠪᠡᠨ ᠨᠢᠷᠤᠭᠤ ᠨᠠᠢ᠍ᠮᠠᠨ ᠲᠤᠯᠭᠠᠭᠤᠷᠢ》 ᠨᠢᠭᠡᠨᠳᠡ ᠪᠠᠢᠭᠤᠯᠤᠭᠳᠠᠨ᠂ ᠦᠪᠡᠷᠳᠡᠭᠡᠨ ᠵᠠᠰᠠᠬᠤ ᠤᠷᠤᠨ᠎ᠤ ᠴᠢᠨᠠᠷ ᠰᠠᠢᠳᠠᠢ ᠬᠦᠭᠵᠢᠯᠳᠡ᠎ᠶᠢ ᠠᠬᠢᠭᠤᠯᠬᠤ ᠎ᠳᠤ ᠴᠢᠬᠤᠯᠠ ᠦᠢᠯᠡᠳᠦᠯ ᠦᠵᠡᠭᠦᠯᠵᠦ ᠪᠤᠢ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号