ᠱᠢᠶᠤᠤ ᠮᠢᠶᠤᠤ ᠽᠢ ᠲᠤᠰᠭᠤᠨ᠎ᠤ ᠪᠠᠬᠠᠷᠠᠮ᠎ᠠ ᠬᠤᠪᠢᠷᠠᠯᠲᠠ
2021-11-24 09:47:10
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

11 ᠰᠠᠷ᠎ᠠ᠎ᠶ᠋ᠢᠨ18᠎ᠤ᠎ᠥᠷᠯᠥᠭᠡ᠂ ᠵᠤᠤ ᠬᠤᠢ ᠵᠢᠶ᠍ᠸ ᠥᠷᠯᠥᠭᠡ᠎ᠶ᠋ᠢᠨ ᠬᠣᠭᠣᠯᠠ᠎ᠪᠠᠨ ᠶᠠᠭᠠᠷᠠᠤ ᠰᠠᠨᠳᠤᠷᠤᠤ ᠢᠳᠡᠵᠦ᠍ ᠪᠠᠷᠠᠮᠠᠭ᠍ᠴᠠ ᠲᠡᠷᠭᠡ᠎ᠪᠡᠨ ᠵᠢᠯᠣᠭᠣᠳᠤᠨ ᠬᠤᠷᠱᠢᠶ᠎ᠠ ᠵᠢᠨ ᠡᠮ᠎ᠦᠨ ᠮᠠᠲ᠋ᠧᠷᠢᠶᠠᠯ᠎ᠢ ᠡᠳ᠋ᠱᠢᠭᠦᠯᠵᠦ᠍ ᠪᠠᠢᠭ᠎ᠠ ᠪᠠᠢᠳᠠᠯ᠎ᠢ ᠪᠠᠢᠴᠠᠭᠠᠨ ᠦᠵᠡᠬᠦ᠌᠎ᠪᠡᠷ ᠮᠤᠷᠳᠠᠪᠠ᠃《ᠣᠲᠣ ᠪᠣᠯ ᠶᠠᠭ ᠡᠮ᠎ᠦᠨ ᠮᠠᠲ᠋ᠧᠷᠢᠶᠠᠯ ᠡᠳ᠋ᠱᠢᠭᠦᠯᠬᠦ᠌ ᠤᠯᠠᠷᠢᠯ ᠮᠥᠨ᠂ ᠡᠳᠦᠷ ᠪᠦᠷᠢ ᠵᠠᠪ ᠭᠠᠷᠭᠠᠵᠤ ᠣᠴᠢᠵᠤ ᠦᠵᠡᠬᠦ᠌ ᠥᠬᠡᠶ ᠪᠣᠯ ᠶᠡᠷᠦ᠍ ᠨᠢ ᠰᠠᠨᠠᠭ᠎ᠠ ᠠᠮᠠᠷᠠᠬᠤ ᠦᠭᠡᠢ᠃ ᠪᠢᠳᠠ ᠤᠳᠤ ᠲᠣᠰᠭᠣᠨ᠎ᠳᠤ ᠡᠮ᠎ᠦᠨ ᠮᠠᠲ᠋ᠧᠷᠢᠶᠠᠯ᠎ᠤᠨ ᠠᠩᠬ᠎ᠠ ᠡᠳ᠋ᠱᠢᠭᠦᠯᠦᠯᠲᠡ᠎ᠶ᠋ᠢ ᠪᠡᠶᠡᠯᠡᠭᠦᠯᠵᠦ᠍ ᠳᠡᠢ᠌ᠯᠬᠦ᠌ ᠪᠤᠯᠪᠠ》 ᠭᠡᠵᠦ᠍ ᠵᠤᠤ ᠬᠤᠢ ᠵᠢᠶ᠍ᠸ ᠰᠤᠷᠪᠤᠯᠵᠢᠯᠠᠭ᠍ᠴᠢ᠎ᠳᠤ ᠬᠡᠯᠡᠨ᠎ᠠ᠃

ᠵᠤᠤ ᠬᠤᠢ ᠵᠢᠶ᠍ᠸ ᠪᠣᠯ ᠤᠯᠠᠭᠠᠨᠬᠠᠳᠠ ᠬᠤᠳᠠ᠎ᠶ᠋ᠢᠨ ᠰᠦᠩᠱᠠᠨ ᠲᠣᠭᠣᠷᠢᠭ᠎ᠤᠨ ᠳ᠋ᠠ ᠮᠢᠶᠣᠣ ᠪᠠᠯᠭᠠᠰᠤ᠎ᠶ᠋ᠢᠨ ᠱᠢᠶᠤᠤ ᠮᠢᠶᠣᠣ ᠽᠢ ᠲᠣᠰᠭᠣᠨ᠎ᠤ ᠨᠠᠮ᠎ᠤᠨ ᠶᠡᠷᠦᠩᠬᠡᠢ ᠡᠭᠦᠷ᠎ᠦᠨ ᠱᠦᠵᠢ ᠪᠤᠯᠤᠨ᠎ᠠ ᠃ ᠲᠡᠷᠡ ᠪᠡᠷ  ᠶᠠᠷᠢᠶ᠎ᠠ ᠬᠦᠭᠡᠷᠦᠭᠡ ᠲᠠᠢ᠂ ᠨᠠᠮᠬᠠᠨ ᠮᠠᠷᠢᠶᠠᠯᠢᠭ ᠪᠡᠶ᠎ᠠ ᠪᠢᠯᠳᠡᠷ ᠲᠠᠢ᠂ ᠠᠵᠢᠯ ᠳ᠋ᠠᠭᠠᠨ ᠰᠢᠭᠤᠷᠬᠠᠢ ᠲᠤᠯᠠ ᠲᠣᠰᠭᠣᠨ᠎ᠤ ᠠᠷᠠᠳ᠎ᠤᠨ ᠰᠡᠳᠭᠢᠯ ᠳ᠋ᠡᠬᠢ 《ᠬᠥᠭᠡᠷᠦᠬᠦᠨ ᠠᠪᠠᠭ᠎ᠠ ᠡᠵᠢ》 ᠬᠡᠳᠡᠭ ᠪᠢᠯᠠ᠃ 2009 ᠣᠨ᠎ᠳᠤ ᠱᠢᠶᠤᠤ ᠮᠢᠶᠣᠣ ᠽᠢ ᠲᠣᠰᠭᠣᠨ᠎ᠤ ᠨᠠᠮ᠎ᠤᠨ᠎ᠶᠡᠷᠦᠩᠬᠡᠢ ᠡᠭᠦᠷ᠎ᠦᠨ ᠱᠦᠵᠢ᠎ᠪᠡᠷ ᠰᠣᠩᠭᠣᠭ᠍ᠳᠠᠭ᠍ᠰᠠᠨ᠎ᠠᠴᠠ ᠨᠠᠭᠠᠰᠢ᠂ ᠲᠡᠷᠡ ᠨᠤᠲᠤᠭ᠎ᠤᠨ ᠠᠬ᠎ᠠ ᠳᠡᠭᠦᠦ᠍᠎ᠨᠡᠷ᠎ᠢᠶᠡᠨ ᠳᠠᠭᠠᠭᠤᠯᠤᠨ ᠬᠤᠷᠱᠢᠶ᠎ᠠ ᠪᠠᠢᠭᠤᠯᠤᠨ ᠠᠵᠤ ᠦᠢᠯᠡᠰ᠎ᠢ ᠬᠥᠭ᠌ᠵᠢᠭᠦᠯᠵᠦ᠍᠂ ᠲᠣᠰᠭᠣᠨ ᠵᠢᠡᠨ ᠬᠦᠭ᠌ᠵᠢᠭᠦᠯᠬᠦ᠌ ᠪᠡᠷ ᠴᠢᠷᠮᠠᠢ᠌ᠭ᠍ᠰᠠᠭᠠᠷ ᠢᠷᠡᠵᠡᠢ᠃ ᠣᠳᠣᠬᠠᠨ᠎ᠳᠤ᠂ ᠱᠢᠶᠤᠤ ᠮᠢᠶᠤᠤ ᠽᠢ ᠲᠣᠰᠭᠣᠨ᠎ᠤ ᠡᠮ᠎ᠦᠨ ᠮᠠᠲ᠋ᠧᠷᠢᠶᠠᠯ᠎ᠤᠨ ᠠᠵᠤ ᠦᠶ᠋ᠯᠡᠰ ᠨᠢ ᠨᠢᠭᠡᠨᠲᠡ ᠬᠡᠪᠴᠢᠶᠡᠵᠢᠵᠦ᠍᠂ ᠲᠠᠷᠢᠮᠠᠯ᠎ᠤᠨ ᠲᠠᠯᠠᠪᠠᠶ ᠨᠢ 3000 ᠮᠦ᠍᠎ᠳᠦ ᠬᠦᠷᠴᠦ᠍᠂ ᠲᠥᠷᠥᠯ ᠵᠦᠶ᠋ᠯ ᠨᠢ 10 ᠭᠠᠷᠤᠶ ᠪᠣᠯᠵᠤ᠂ ᠲᠣᠰᠭᠣᠨ᠎ᠤ ᠠᠷᠠᠳ ᠴᠤ᠌ ᠡᠮ᠎ᠦᠨ ᠮᠠᠲ᠋ᠧᠷᠢᠶᠠᠯ᠎ᠤᠨ ᠠᠵᠤ ᠦᠶ᠋ᠯᠡᠰ᠎ᠢ ᠬᠥᠭ᠌ᠵᠢᠭᠦᠯᠬᠦ᠌᠎ᠪᠡᠷ ᠳᠠᠮᠵᠢᠨ ᠣᠷᠣᠯᠭ᠎ᠠ᠎ᠪᠠᠨ ᠨᠡᠮᠡᠭ᠌ᠳᠡᠭᠦᠯᠬᠦ᠌ ᠬᠦᠰᠡᠯ ᠵᠢᠡᠨ ᠪᠡᠶᠡᠯᠡᠭᠦᠯᠪᠡ᠃

ᠨᠢᠳᠤᠨᠤᠨ᠂ ᠱᠢᠶᠤᠤ ᠮᠢᠶᠤᠤ ᠽᠢ ᠲᠣᠰᠭᠣᠨ᠎ᠤ ᠲᠠᠩᠰᠠᠯᠠᠵᠥ᠍ ᠺᠠᠷᠲᠯᠠᠭ᠍ᠰᠠᠨ 47 ᠡᠷᠦᠬᠡ᠎ᠶ᠋ᠢᠨ95 ᠬᠥᠮᠦᠨ ᠪᠦᠬᠦᠨ᠎ᠢᠶᠡᠷ᠎ᠢᠶᠡᠨ ᠶᠠᠳᠠᠭᠤ᠎ᠠᠴᠠ ᠠᠩᠭᠢᠵᠢᠷᠠᠵᠤ᠂ ᠪᠦᠬᠦ᠌ ᠲᠣᠰᠭᠣᠨ᠎ᠤ ᠬᠥᠮᠦᠨ ᠳᠤᠮᠳᠠᠴᠢ᠎ᠶ᠋ᠢᠨ ᠴᠡᠪᠡᠷ ᠣᠷᠣᠯᠭ᠎ᠠ 1.6 ᠲᠦᠮᠡᠨ ᠲᠥᠭᠥᠷᠢᠭ᠎ᠢ ᠳᠠᠪᠠᠪᠠ᠃ 《ᠱᠢᠶᠤᠤ ᠮᠢᠶᠤᠤ ᠽᠢ ᠲᠣᠰᠭᠣᠨ ᠠᠮᠵᠢᠯᠲᠠ ᠲᠠᠢ ᠪᠡᠷ ᠶᠠᠳᠠᠭᠤ᠎ᠠᠴᠠ ᠠᠩᠭᠢᠵᠢᠷᠠᠵᠤ ᠴᠢᠨᠡᠭᠡᠯᠢᠭ ᠨᠡᠢ᠌ᠭᠡᠮ ᠲᠡᠢᠰᠢ ᠵᠢᠪᠬᠤᠭ᠎ᠠ ᠲᠡᠭᠦᠯᠳᠡᠷ ᠤᠷᠤᠭ᠍ᠰᠢᠯᠠᠵᠤ ᠪᠠᠢ᠌ᠭ᠎ᠠ ᠬᠠᠮᠤᠭ᠎ᠤᠨ ᠴᠢᠬᠤᠯᠠ ᠱᠢᠯᠲᠠᠭᠠᠨ ᠨᠢ ᠪᠢᠳᠡ ᠰᠠᠢ᠌ᠨ ᠴᠠᠭ ᠦᠶ᠎ᠡ ᠳ᠋ᠤ ᠲᠤᠬᠢᠶᠠᠭᠰᠠᠨ ᠳ᠋ᠤ ᠪᠤᠢ᠃ ᠶᠡᠷᠦᠩᠬᠡᠶ ᠱᠦᠵᠢ ᠰᠢ᠎ᠶ᠋ᠢᠨ ᠫᠢᠩ᠎ᠦᠨ ᠬᠠᠯᠠᠮᠵᠢᠯᠠᠯ ᠳᠤᠤᠷ᠎ᠠ᠂ ᠨᠠᠮ᠎ᠤᠨ ᠰᠠᠢᠨ ᠲᠥᠷᠥ᠎ᠶ᠋ᠢᠨ ᠪᠣᠳᠣᠯᠭ᠎ᠠ᠎ᠶ᠋ᠢᠨ ᠳᠡᠮᠵᠢᠯᠭᠡ ᠪᠠᠷ᠂ ᠱᠢᠶᠤᠤ ᠮᠢᠶᠤᠤ ᠽᠢ ᠲᠣᠰᠭᠣᠨ ᠰᠠᠶᠢ ᠯᠠᠪᠳᠠᠭᠤᠨ ᠪᠠᠲᠤᠲᠠᠶ ᠬᠦᠭᠵᠢᠵᠦ ᠪᠤᠢ》 ᠭᠡᠵᠤ ᠱᠢᠶᠤᠤ ᠮᠢᠶᠤᠤ ᠽᠢ ᠲᠣᠰᠭᠣᠨ᠎ᠤ ᠬᠥᠭ᠌ᠵᠢᠯᠲᠡ᠎ᠶ᠋ᠢᠨ ᠶᠠᠪᠤᠴᠠ᠎ᠶ᠋ᠢ ᠶᠠᠷᠢᠬᠤᠯᠠᠷ ᠵᠤᠤ ᠬᠤᠢ ᠵᠢᠶ᠍ᠸ ᠳᠣᠭ᠍ᠳᠣᠯᠤᠭ᠍ᠰᠠᠨ ᠰᠡᠳᠭᠢᠯᠭᠡ᠎ᠪᠡᠨ ᠳᠠᠷᠤᠵᠤ ᠶᠠᠳᠠᠨ᠎ᠠ᠃

2018ᠣᠨ᠎ᠳᠤ᠂ ᠵᠤᠤ ᠬᠤᠢ ᠵᠢᠶ᠍ᠸ ᠪᠦᠬᠦ᠌ ᠤᠯᠤᠰ᠎ᠤᠨ᠎ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠎ᠪᠡᠷ ᠰᠣᠩᠭᠣᠭ᠍ᠳᠠᠵᠤ᠂ ᠪᠦᠬᠦ ᠤᠯᠤᠰ᠎ᠦᠨ ᠬᠤᠶᠠᠷ ᠬᠤᠷᠠᠯ᠎ᠦᠨ ᠦᠪᠦᠷ ᠮᠤᠨᠭᠭᠤᠯ ᠎ᠦᠨ ᠲᠦᠯᠦᠭᠡᠯᠡᠭᠴᠢᠳ᠎ᠦᠨ ᠪᠦᠯᠬᠦᠮ ᠎ᠦᠨ ᠬᠢᠨᠠᠨ ᠵᠦᠪᠯᠡᠬᠦ ᠎ᠳᠦ ᠤᠷᠤᠯᠴᠠᠬᠤ ᠎ᠳᠠᠭᠠᠨ᠂ ᠵᠤᠤ ᠬᠤᠢ ᠵᠢᠶ᠍ᠸ ᠶᠡᠷᠦᠩᠬᠡᠢ ᠱᠦᠵᠢ ᠰᠢ᠎ᠶ᠋ᠢᠨ ᠫᠢᠩ᠎ᠳᠦ ᠱᠢᠶᠤᠤ ᠮᠢᠶᠤᠤ ᠽᠢ ᠲᠣᠰᠭᠣᠨ᠎ᠤ ᠬᠥᠭ᠌ᠵᠢᠯᠲᠡ᠎ᠶ᠋ᠢᠨ ᠪᠠᠢᠳᠠᠯ᠎ᠢ ᠲᠠᠨᠢᠯᠴᠠᠭᠤᠯᠵᠤ᠂ ᠶᠡᠷᠦᠩᠬᠡᠢ ᠱᠦᠵᠢ᠎ᠶ᠋ᠢ ᠤᠯᠠᠭᠠᠨᠬᠠᠳᠠ᠎ᠳᠤ ᠲᠤᠭᠤᠷᠢᠨ ᠪᠠᠢ᠌ᠴᠠᠭᠠᠬᠤ ᠪᠡᠷ ᠢᠷᠡᠭᠡᠷᠡᠢ ᠭᠡᠵᠦ ᠤᠷᠢᠯᠭ᠎ᠠ ᠲᠠᠯᠪᠢᠪᠠ᠃ 2019 ᠣᠨ᠎ᠳᠤ ᠶᠡᠷᠦᠩᠬᠡᠢ ᠱᠦᠵᠢ ᠰᠢ᠎ᠶ᠋ᠢᠨ ᠫᠢᠩ ᠤᠯᠠᠭᠠᠨᠬᠠᠳᠠ ᠬᠤᠳᠠ᠎ᠳᠤ ᠱᠢᠨᠵᠢᠯᠡᠨ ᠪᠠᠢᠴᠠᠭᠠᠬᠤ᠎ᠳᠠᠭᠠᠨ ᠵᠤᠤ ᠬᠤᠢ ᠵᠢᠶ᠍ᠸ ᠵᠢ ᠤᠷᠢᠵᠤ ᠶᠠᠷᠢᠯᠴᠠᠬᠤ ᠬᠤᠷᠠᠯ᠎ᠳᠤ ᠣᠷᠣᠯᠴᠠᠭᠤᠯᠵᠤ᠂ ᠱᠢᠶᠤᠤ ᠮᠢᠶᠤᠤ ᠽᠢ ᠲᠣᠰᠭᠣᠨ᠎ᠤ ᠬᠥᠭ᠌ᠵᠢᠯᠲᠡ᠎ᠶ᠋ᠢᠨ ᠪᠠᠢᠳᠠᠯ᠎ᠢ ᠯᠠᠪᠯᠠᠨ ᠠᠰᠠᠭᠤᠪᠠ᠃ ᠵᠤᠤ ᠬᠤᠢ ᠵᠢᠶ᠍ᠸ 6 ᠭᠡᠷᠡᠯ ᠵᠢᠷᠤᠭ᠎ᠢᠶᠠᠷ ᠶᠡᠷᠦᠩᠬᠡᠢ ᠱᠦᠵᠢ᠎ᠳᠦ ᠱᠢᠶᠤᠤ ᠮᠢᠶᠣᠣ ᠽᠢ ᠲᠣᠰᠭᠣᠨ᠎ᠤ ᠬᠥᠭ᠌ᠵᠢᠯᠲᠡ ᠬᠤᠪᠢᠷᠠᠯᠲᠠ᠎ᠶ᠋ᠢ ᠬᠠᠷᠢᠭᠤ ᠮᠡᠳᠡᠭᠦᠯᠵᠡᠢ᠃᠂ ᠬᠡᠳᠦᠢᠪᠡᠷ ᠲᠡᠷᠡ ᠤᠳᠠᠭ᠎ᠠ᠎ᠶ᠋ᠢᠨ ᠶᠠᠷᠢᠯᠴᠠᠭ᠎ᠠ᠎ᠨᠢ ᠦᠩᠭᠡᠷᠡᠭᠡᠳ ᠨᠢᠭᠡᠨᠲᠡ ᠬᠣᠶᠠᠷ ᠵᠢᠯ ᠭᠠᠷᠤᠢ ᠪᠣᠯᠤᠭ᠍ᠰᠠᠨ ᠪᠣᠯᠪᠠᠴᠤ᠌ ᠤᠳᠤ ᠳᠠᠬᠢᠭᠠᠳ ᠡᠷᠭᠢᠴᠡᠭᠦᠯᠦᠨ ᠲᠤᠷᠠᠰᠬᠤ ᠪᠡᠷ ᠵᠤᠤ ᠬᠤᠢ ᠵᠢᠶ᠍ᠸ ᠮᠦᠨ ᠬᠦ᠌ ᠲᠡᠰᠭᠡᠯ ᠦᠭᠡᠢ ᠬᠠᠯᠠᠭᠤᠨ ᠨᠢᠯᠪᠤᠰᠤ ᠠᠰᠭᠠᠷᠠᠭᠤᠯᠵᠤ ᠪᠠᠢᠯ᠎ᠠ᠃ 《ᠲᠡᠷᠡ ᠤᠳᠠᠭ᠎ᠠ᠎ᠶ᠋ᠢᠨ ᠶᠠᠷᠢᠶ᠎ᠠ ᠨᠢ ᠱᠢᠶᠤᠤ ᠮᠢᠶᠤᠤ ᠽᠢ ᠲᠣᠰᠭᠣᠨ᠎ᠳᠤ ᠯᠤᠲᠤ ᠶᠡᠬᠡ ᠵᠣᠷᠢᠭ᠍ᠵᠢᠭᠤᠯᠤᠯ ᠪᠤᠯᠪᠠ᠂ ᠪᠢ ᠴᠤ᠌ ᠬᠦᠨᠳᠦ ᠬᠠᠷᠢᠭᠤᠴᠠᠯᠭ᠎ᠠ ᠡᠭᠦᠷᠭᠡᠯᠡᠭ᠌ᠰᠡᠨ ᠶᠤᠮ》 ᠭᠡᠵᠦ᠍ ᠵᠤᠤ ᠬᠤᠢ ᠵᠢᠶ᠍ᠸ ᠡᠷᠭᠢᠴᠡᠭᠦᠯᠦᠨ᠎ᠠ᠃

ᠵᠤᠤ ᠬᠤᠢ ᠵᠢᠶ᠍ᠸ ᠵᠢᠨ ᠣᠢᠯᠠᠭᠠᠵᠤ ᠪᠠᠢᠭ᠎ᠠ《ᠬᠠᠷᠢᠭᠤᠴᠠᠯᠭ᠎ᠠ》ᠪᠣᠯ ᠳᠠᠷᠤᠢ ᠢᠮᠠᠭ᠍ᠲᠠ ᠠᠷᠠᠳ ᠤᠯᠠᠨ᠎ᠤ ᠶᠠᠪᠤᠳᠠᠯ᠎ᠢ ᠬᠠᠮᠤᠭ᠎ᠤᠨ ᠴᠢᠬᠤᠯᠠ ᠪᠠᠢᠷᠢᠨ᠎ᠳᠤ ᠲᠠᠯᠪᠢᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠱᠢᠪᠲᠤᠯᠬᠤ ᠪᠣᠯᠤᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ᠎ᠶ᠋ᠢ ᠪᠦᠲᠦᠮᠵᠢᠲᠡᠢ ᠵᠣᠯᠭᠠᠭᠤᠯᠬᠤ ᠶᠠᠪᠤᠳᠠᠯ ᠪᠣᠯᠤᠨ᠎ᠠ᠃ ᠲᠡᠷᠡ ᠤᠯᠠᠨ᠎ᠢ ᠳᠠᠭᠠᠭᠤᠯᠤᠨ ᠮᠠᠱᠢᠨ ᠴᠠᠬᠢᠯᠭᠠᠨ ᠬᠤᠳᠳᠤᠭ ᠤᠭ᠍ᠰᠠᠷᠠᠵᠤ᠂ ᠤᠰᠤ ᠠᠷᠪᠢᠯᠠᠬᠤ ᠬᠣᠭᠣᠯᠠᠢ ᠳᠡᠪᠢᠰᠴᠦ᠍ ᠂ ᠲᠦᠭᠡᠭᠡᠯ ᠤᠰᠤᠨ᠎ᠤ ᠬᠤᠭᠤᠯᠠᠢ ᠤᠭ᠍ᠰᠠᠷᠠᠵᠤ᠂ ᠲᠣᠰᠭᠣᠨ᠎ᠳᠤ ᠨᠡᠪᠲᠡᠷᠡᠬᠦ᠌ ᠵᠠᠮ᠎ᠢ ᠬᠠᠲᠠᠭᠤᠷᠠᠭᠤᠯᠵᠤ᠂ ᠬᠥᠭᠥᠷᠭᠡ ᠪᠠᠢᠭᠤᠯᠤᠨ᠂ ᠨᠤᠷᠠᠬᠤ ᠠᠶᠤᠯᠲᠠᠢ ᠭᠡᠷ ᠪᠠᠢᠱᠢᠩ᠎ᠢ ᠥᠭᠡᠷᠡᠴᠢᠯᠡᠨ ᠵᠠᠰᠠᠵᠤ᠂ ᠶᠢᠩ᠎ᠤᠨ ᠭᠤᠤᠯ᠎ᠢ ᠵᠠᠰᠠᠵᠠᠢ᠃

《ᠭᠤᠷᠪᠠᠳᠤᠭᠠᠷ ᠪᠦᠯᠦᠭ ᠪᠥᠬᠥ᠌ ᠤᠯᠤᠰ᠎ᠤᠨ ᠬᠥᠳᠡᠭᠡ ᠲᠣᠰᠭᠣᠨ᠎ᠤ ᠵᠢᠭᠤᠯᠴᠢᠯᠠᠯ᠎ᠤᠨ ᠭᠤᠤᠯᠳᠠᠯᠭ᠎ᠠ᠎ᠲᠠᠶ ᠲᠣᠰᠭᠣᠨ》᠂《ᠪᠥᠬᠥ᠌ ᠤᠯᠤᠰ᠎ᠤᠨ ᠬᠥᠳᠡᠭᠡ ᠲᠣᠰᠭᠣᠨ᠎ᠤ ᠵᠠᠰᠠᠯᠲᠠ᠎ᠶ᠋ᠢᠨ ᠲᠡᠷᠢᠭᠦᠨ᠎ᠦ ᠲᠣᠰᠭᠣᠨ》᠂《ᠤᠯᠠᠭᠠᠨᠬᠠᠳᠠ ᠬᠣᠲᠠ᠎ᠶ᠋ᠢᠨ ᠦᠨᠳᠦᠰᠦᠲᠡᠨ᠎ᠦ ᠪᠦᠯᠬᠦᠮᠳᠡᠯ᠎ᠦᠨ ᠵᠢᠱ᠌ᠢᠶᠡᠴᠢ ᠬᠠᠮᠲᠤ ᠨᠢᠭᠡᠴᠢ》᠂《ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠯᠪᠠᠰᠤᠨ ᠲᠣᠰᠭᠣᠨ》᠂《ᠥᠪᠡᠷᠲᠡᠭᠡᠨ ᠵᠠᠰᠠᠬᠤ ᠣᠷᠣᠨ᠎ᠤ ᠤᠯᠤᠰ᠎ᠤᠨ ᠤᠢ ᠱᠢᠭᠤᠢ᠌ᠲᠤ ᠬᠥᠳᠡᠭᠡ ᠲᠣᠰᠭᠣᠨ》᠂《ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠪᠦᠯᠬᠦᠮᠳᠡᠯ᠎ᠦᠨ ᠲᠡᠷᠢᠭᠦᠨ᠎ᠦ ᠬᠠᠮᠲᠤ ᠨᠢᠭᠡᠴᠢ》 ᠬᠡᠮᠡᠨ ᠱᠢᠶᠤᠤ ᠮᠢᠶᠤᠤ ᠽᠢ ᠲᠣᠰᠭᠣᠨ᠎ᠤ ᠨᠡᠷ᠎ᠡ᠎ᠶ᠋ᠢᠨ ᠬᠠᠭᠤᠳᠠᠰᠤ ᠶᠠᠪᠤᠬᠤ ᠲᠤᠲᠤᠮ ᠣᠯᠠᠱᠢᠷᠠᠵᠤ ᠪᠤᠢ ᠃

ᠵᠤᠤ ᠬᠤᠢ ᠵᠢᠶ᠍ᠸ᠄ 《ᠨᠡᠩ ᠰᠠᠢ᠌ᠨ ᠠᠮᠢᠳᠤᠷᠠᠯ ᠠᠷᠤ ᠳ᠋ᠦ ᠪᠤᠢ᠂ ᠪᠢᠳᠡᠨ᠎ᠦ ᠬᠢᠬᠦ᠌ ᠠᠵᠢᠯ ᠪᠠᠰᠠ ᠮᠠᠰᠢ ᠤᠯᠠᠨ ᠪᠤᠢ!ᠡᠨᠡ ᠵᠢᠯ ᠮᠠᠨ᠎ᠤ ᠲᠤᠰᠭᠤᠨ ᠪᠠᠰᠠ1000 ᠮᠦ᠍ ᠵᠢᠮᠢᠰ᠎ᠤᠨ ᠮᠤᠳᠤ ᠲᠠᠷᠢᠵᠤ᠂ ᠭᠤᠷᠪᠠᠨ ᠵᠢᠯ᠎ᠦᠨ ᠳᠠᠷᠠᠭ᠎ᠠ ᠪᠤᠯᠪᠠᠰᠤᠷᠠᠬᠤ ᠪᠤᠯᠤᠨ᠎ᠠ᠃ ᠪᠢᠳᠡ ᠪᠠᠰᠠ ᠲᠠᠪᠤᠰᠤᠯᠠᠭᠰᠠᠨ ᠨᠣᠭᠣᠭ᠎ᠠ ᠪᠣᠯᠪᠠᠰᠤᠷᠠᠭᠤᠯᠬᠤ ᠦᠶ᠋ᠯᠡᠳᠪᠦᠷᠢ᠂ ᠬᠢᠲᠠᠳ᠎ᠡᠮ᠎ᠦᠨ ᠮᠠᠲ᠋ᠧᠷᠢᠶᠠᠯ᠎ᠤᠨ ᠠᠷᠠᠯᠵᠢᠶᠠᠨ᠎ᠤ ᠶᠡᠷᠦᠩᠬᠡᠶ ᠵᠠᠬ᠎ᠠ ᠳᠡᠯᠭᠡᠭᠦᠷ ᠪᠠᠢ᠌ᠭᠤᠯᠬᠤ᠎ᠪᠠᠷ ᠲᠥᠯᠥᠪᠯᠡᠵᠦ ᠪᠤᠢ》 ᠭᠡᠵᠦ᠍ ᠢᠲᠡᠭᠡᠯ ᠲᠡᠭᠦᠯᠳᠡᠷ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号