ᠤᠳᠤᠭ ᠬᠤᠰᠢᠭᠤ ᠣᠯᠠᠨ ᠨᠡᠢᠲᠡ ᠵᠢᠨ ᠰᠣᠶᠣᠯ ᠤᠨ ᠦᠢᠯᠡᠴᠢᠯᠡᠭᠡᠨᠦ ᠵᠢᠱ᠌ᠢᠶ᠎ᠡ ᠦᠵᠡᠭᠦᠯᠬᠦ᠌
ᠴᠡᠭ ᠤᠨ ᠪᠠᠢᠭᠤᠯᠤᠯᠳᠠ᠂ ᠭᠠᠴᠠᠭ᠎ᠠ ᠲᠣᠰᠭᠣᠨᠤ ᠰᠣᠶᠣᠯ ᠤᠨ ᠲᠠᠰᠤᠭ ᠤᠨ ᠪᠠᠢᠭᠤᠯᠤᠯᠲᠠ᠂ ᠦᠨᠳᠦᠰᠦᠨ
ᠱᠠᠲᠤᠨᠤ ᠶᠡᠷᠦᠩᠬᠡᠢᠯᠡᠭ᠌ᠰᠡᠨ ᠴᠢᠨᠠᠷᠲᠠᠢ ᠰᠣᠶᠣᠯᠤᠨ ᠠᠵᠢᠯᠯᠠᠭᠠᠨ ᠤ ᠲᠥᠪᠦᠨ ᠪᠠᠢᠭᠤᠯᠤᠯᠲᠠ ᠵᠢᠨ
ᠢᠨᠵᠧᠨᠧᠷᠢᠩᠢ ᠬᠦᠴᠦᠯᠡᠨ ᠠᠬᠢᠭᠤᠯᠤᠭᠰᠠᠨ ᠵᠢᠡᠷ ᠤᠳᠤ ᠭᠠᠴᠠᠭ᠎ᠠ ᠲᠣᠰᠭᠣᠨ ᠤ ᠪᠠᠷᠢᠮᠵᠢᠶᠠᠵᠢᠭᠰᠠᠨ ᠰᠣᠶᠣᠯ
ᠤᠨ ᠦᠢᠯᠡᠴᠢᠯᠡᠭᠡᠨ ᠦ ᠲᠥᠪ 75᠂ ᠨᠡᠢᠭᠡᠮ ᠲᠣᠭᠣᠷᠢᠭ
ᠤᠨ ᠶᠡᠷᠦᠩᠬᠡᠢᠯᠡᠭ᠌ᠰᠡᠨ ᠰᠣᠶᠣᠯ ᠤᠨ ᠦᠢᠯᠡᠴᠢᠯᠡᠭᠡᠨ
ᠦ ᠲᠥᠪ 22᠂ 《ᠲᠠᠯ᠎ᠠ ᠨᠤᠲᠤᠭᠤᠨ ᠨᠣᠮ ᠤᠨ ᠥᠷᠥᠭᠡ》 75 ᠂ ᠭᠣᠣᠯᠳᠠᠯᠭᠠᠳᠤ ᠰᠣᠶᠣᠯ ᠤᠨ ᠡᠷᠦᠬᠡ 182 ᠪᠤᠯᠵᠤ᠂ ᠣᠯᠠᠨ ᠨᠡᠢᠲᠡ ᠵᠢᠨ ᠰᠣᠶᠣᠯ ᠤᠨ ᠦᠢᠯᠡᠴᠢᠯᠡᠭᠡᠨ ᠦ
ᠲᠣᠣᠷᠵᠢᠯ ᠤᠷᠢᠳᠤ ᠭᠠᠷᠤᠭ᠎ᠠ ᠦᠬᠡᠢ ᠲᠡᠭᠦᠯᠳᠡᠷᠵᠢᠭᠰᠡᠨ ᠪᠠᠢᠨ᠎ᠠ᠃
ᠥᠪᠡᠷᠲᠡᠭᠡᠨ ᠵᠠᠰᠠᠬᠤ ᠣᠷᠣᠨ ᠤ ᠠᠷᠪᠠᠳᠤᠭᠠᠷ ᠤᠳᠠᠭ᠎ᠠ ᠶ᠋ᠢᠨ ᠨᠠᠮ ᠤᠨ ᠲᠥᠯᠥᠭᠡᠯᠡᠭ᠌ᠴᠢᠳᠦᠨ ᠶᠡᠬᠡ ᠬᠤᠷᠠᠯ ᠡᠴᠡ ᠨᠠᠭᠠᠰᠢ᠂ ᠪᠦᠬᠦ ᠤᠷᠤᠨ ᠲᠠᠶᠠᠭᠠᠷ ᠵᠢᠡᠨ ᠰᠢ ᠵᠢᠨ ᠫᠢᠩᠦᠨ ᠱᠢᠨ᠎ᠡ ᠴᠠᠭ ᠦᠶ᠎ᠡ ᠵᠢᠨ ᠳᠤᠮᠳᠠᠳᠤ ᠤᠯᠤᠰᠤᠨ ᠣᠨᠴᠠᠯᠢᠭ ᠲᠠᠢ ᠨᠡᠢᠭᠡᠮ ᠵᠢᠷᠤᠮᠤᠨ ᠦᠵᠡᠯ ᠰᠠᠨᠠᠭ᠎ᠠ ᠵᠢ ᠭᠦᠨᠵᠡᠭᠡᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂
ᠠᠷᠠᠳ ᠲᠦᠮᠡᠨ ᠢ ᠳᠡᠭᠡᠳᠦᠯᠡᠬᠦ᠌᠂ ᠠᠷᠠᠳ ᠲᠦᠮᠡᠨ ᠵᠢᠡᠷ ᠭᠣᠣᠯ ᠪᠣᠯᠭᠠᠬᠤ ᠵᠢ ᠪᠠᠷᠢᠮᠲᠠᠯᠠᠵᠤ ᠂ ᠤᠯᠠᠨ ᠨᠡᠢᠲᠡ
ᠵᠢᠨ ᠰᠣᠶᠣᠯ ᠤᠨ ᠦᠢᠯᠡᠴᠢᠯᠡᠭᠡ ᠵᠢ ᠪᠠᠷᠢᠮᠵᠢᠶᠠᠵᠢᠭᠤᠯᠬᠤ ᠪᠠ ᠲᠠᠩᠴᠡᠬᠦᠷᠢᠰᠢᠬᠦᠯᠬᠦ ᠪᠠᠷ ᠭᠣᠣᠯᠳᠠᠯᠭ᠎ᠠ
ᠪᠣᠯᠭᠠᠨ᠂ ᠤᠯᠠᠨ ᠨᠡᠢᠲᠡ ᠵᠢᠨ ᠰᠣᠶᠣᠯ ᠤᠨ ᠲᠥᠬᠥᠭᠡᠷᠦᠮᠵᠢ ᠵᠢᠨ ᠪᠦᠳᠦᠬᠡᠨᠪᠠᠢᠭᠤᠯᠤᠯᠲᠠᠵᠢᠴᠢᠩᠭᠠᠳᠭᠠᠨᠤᠯᠠᠨᠨᠡᠢᠲᠡᠵᠢᠨᠰᠣᠶᠣᠯ ᠤᠨ ᠦᠢᠯᠡᠴᠢᠯᠡᠭᠡᠨᠦ ᠬᠠᠩᠭᠠᠯᠭ᠎ᠠ ᠵᠢ ᠨᠡᠮᠡᠭ᠌ᠳᠡᠭᠦᠯᠵᠦ᠍᠂ ᠤᠯᠠᠨ ᠨᠡᠢᠲᠡ
ᠵᠢᠨ ᠰᠣᠶᠣᠯᠤᠨ ᠦᠢᠯᠡᠴᠢᠯᠡᠭᠡᠨᠦ ᠲᠦᠪᠱᠢᠨ ᠢ ᠢᠯᠡᠳᠳᠡ ᠳᠡᠭᠡᠭ᠌ᠰᠢᠯᠡᠭᠦᠯᠪᠡ ᠃
ᠤᠢᠷ᠎ᠠ ᠵᠢᠨ ᠬᠡᠳᠦᠨ ᠵᠢᠯ ᠳ᠋ᠤ᠂ ᠡᠵᠡᠨ ᠬᠤᠷᠤᠭ᠎ᠠ ᠬᠤᠰᠢᠭᠤᠨᠤ ᠰᠤᠪᠤᠷᠭ᠎ᠠ ᠪᠠᠯᠭᠠᠰᠤ ᠭᠠᠴᠠᠭ᠎ᠠ
ᠲᠤᠰᠬᠤᠨ ᠤ 27 ᠰᠣᠶᠣᠯ ᠤᠨ ᠲᠦᠪᠤᠨ ᠦᠢᠯᠡᠳᠤᠯ ᠴᠢᠳᠠᠪᠬᠢ
ᠵᠢ ᠬᠦᠢᠴᠡᠳ ᠪᠠᠳᠠᠷᠠᠭᠤᠯᠵᠤ᠂ ᠰᠣᠶᠣᠯ ᠵᠢᠡᠷ ᠠᠷᠠᠳ ᠲᠦ᠍ ᠠᠱᠢᠭ ᠬᠦᠷᠲᠡᠭᠡᠬᠦ᠌ ᠦᠶ᠋ᠯᠡᠴᠢᠯᠡᠭᠡ ᠵᠢ ᠡᠮᠬᠢ
ᠵᠢᠷᠤᠮ ᠲᠠᠶ ᠥᠷᠨᠢᠭᠦᠯᠦᠭᠰᠡᠬᠡᠷ ᠢᠷᠡᠵᠠᠢ᠃ ᠪᠠᠯᠭᠠᠰᠤᠨᠤ ᠪᠠᠨ ᠰᠣᠶᠣᠯᠤᠨ ᠥᠷᠲᠡᠭᠡ ᠨᠢᠭᠡᠪᠦᠷᠢ ᠳ᠋ᠤ
ᠲᠤᠰᠭᠠᠶ ᠲᠤᠱᠢᠶᠠᠯᠳᠠᠨ ᠪᠠ ᠲᠤᠱᠢᠶᠠᠯ ᠬᠠᠪᠰᠤᠷᠭᠠᠭ᠍ᠰᠠᠨ ᠠᠵᠢᠯᠲᠠᠨ ᠲᠣᠬᠢᠷᠠᠭᠤᠯᠵᠤ ᠰᠦᠢᠳᠭᠡᠯ ᠬᠤᠷᠢᠶᠠᠬᠤ
ᠦᠭᠡᠶ ᠪᠡᠷ ᠤᠯᠠᠨ ᠳ᠋ᠤ ᠨᠡᠭᠡᠭᠡᠬᠦ᠌ ᠵᠢᠨ ᠬᠠᠮᠳᠤ ᠰᠣᠶᠣᠯ ᠤᠨ ᠥᠷᠲᠡᠭᠡ ᠵᠢᠨ ᠣᠯᠠᠨ ᠲᠦᠮᠡᠨᠦ ᠤᠷᠠᠨ ᠰᠠᠢᠬᠠᠨ
ᠤ ᠪᠦᠯᠬᠦᠮ ᠢ ᠪᠠᠢᠭᠤᠯᠵᠤ᠂ ᠭᠠᠴᠠᠭ᠎ᠠ ᠲᠣᠰᠭᠣᠨᠤ ᠱᠠᠲᠤᠨ ᠤ ᠰᠣᠶᠣᠯ ᠤᠨ ᠲᠥᠪ ᠦᠨ ᠣᠯᠠᠨ ᠲᠦᠮᠡᠨ
ᠦ ᠥᠪᠡᠷᠰᠡᠳ ᠵᠢᠡᠨ ᠡᠷᠬᠢᠯᠡᠭ᠌ᠰᠡᠨ ᠰᠣᠶᠣᠯ ᠤᠨ ᠠᠵᠢᠯᠯᠠᠭ᠎ᠠ ᠳ᠋ᠤ ᠵᠢᠯᠣᠭᠣᠳᠣᠯᠭ᠎ᠠ ᠪᠠ ᠪᠣᠯᠪᠠᠰᠤᠷᠠᠭᠤᠯᠤᠯ
ᠬᠦᠷᠳᠡᠬᠡᠭᠰᠡᠨ ᠪᠠᠢᠨ᠎ᠠ᠃
ᠮᠠᠨ ᠤ ᠣᠷᠣᠨ ᠬᠤᠳᠠ ᠬᠥᠳᠡᠭᠡ ᠵᠢ ᠪᠦᠷᠬᠦᠭ᠌ᠰᠡᠨ ᠨᠢᠭᠡ ᠪᠦᠯᠦᠭ ᠤᠯᠠᠨ ᠨᠡᠢᠲᠡ ᠵᠢᠨ ᠰᠣᠶᠣᠯᠤᠨ ᠰᠠᠭᠤᠷᠢ ᠲᠥᠬᠥᠭᠡᠷᠦᠮᠵᠢ ᠵᠢ ᠪᠦᠳᠦᠭᠡᠨ ᠪᠠᠢᠭᠤᠯᠵᠤ᠂ ᠰᠦᠢᠳᠭᠡᠯ ᠬᠤᠷᠢᠶᠠᠬᠤ ᠦᠭᠡᠢ ᠪᠤᠶᠤ ᠪᠢᠯᠸᠲᠶᠢᠨ
ᠦᠨ᠎ᠡ ᠪᠠᠨ ᠬᠢᠮᠳᠠᠷᠠᠭᠤᠯᠵᠦ ᠤᠯᠠᠨ ᠲᠦᠮᠡᠨ ᠳ᠋ᠤ ᠡᠭᠦᠳᠡᠪᠠᠨ ᠨᠡᠬᠡᠬᠡᠨ᠂ ᠴᠠᠭ ᠵᠥᠷᠢᠭᠦᠯᠦᠨ ᠨᠡᠭᠡᠭᠡᠵᠤ᠂ ᠦᠢᠯᠡᠴᠢᠯᠡᠭᠡᠨᠦ ᠲᠦᠷᠦᠯ ᠵᠦᠢᠯ ᠢ ᠶᠡᠬᠡ ᠪᠡᠷ ᠨᠡᠮᠡᠭ᠌ᠳᠡᠭᠦᠯᠪᠡ᠃ ᠨᠢᠳᠤᠨᠤᠨ ᠤ ᠵᠢᠯᠤᠨ ᠰᠡᠬᠦᠯᠴᠢ
ᠪᠤᠯᠬᠤ ᠳ᠋ᠤ᠂ ᠪᠦᠬᠦ᠌ ᠣᠷᠣᠨ ᠳ᠋ᠤ 120 ᠰᠣᠶᠣᠯᠤᠨ ᠣᠷᠳᠣᠨ ᠪᠤᠯᠤᠨ 178 ᠮᠦᠽᠧᠶ ᠲᠠᠢ ᠪᠤᠯᠵᠤ᠂ 2016 ᠤᠨ
ᠤ ᠰᠡᠬᠦᠯᠴᠢ ᠵᠢᠨ ᠬᠢ ᠡᠴᠡ ᠲᠤᠰᠪᠤᠷᠢ 14 ᠪᠠ 91 ᠨᠡᠮᠡᠭᠳᠡᠪᠡ᠂ ᠡᠬᠦᠨ ᠤ ᠬᠠᠮᠳᠤ ᠰᠤᠮᠤ ᠱᠢᠶᠠᠩ ᠪᠠᠯᠭᠠᠰᠤ(ᠵᠡᠭᠡᠯᠢ ᠭᠤᠳᠤᠮᠵᠢ)ᠳ᠋ᠤ 1086 ᠶᠡᠷᠦᠩᠬᠡᠢᠯᠡᠭ᠌ᠰᠡᠨ ᠰᠣᠶᠣᠯ ᠤᠨ ᠥᠷᠲᠡᠭᠡ᠂ ᠭᠠᠴᠠᠭ᠎ᠠ ᠲᠣᠰᠭᠣᠨ(ᠨᠡᠢᠭᠡᠮ ᠲᠣᠭᠣᠷᠢᠭ) ᠳ᠋ᠤ 12522 ᠶᠡᠷᠦᠩᠬᠡᠢᠯᠡᠭ᠌ᠰᠡᠨ ᠴᠢᠨᠠᠷᠲᠠᠶ ᠰᠣᠶᠣᠯᠤᠨ ᠠᠵᠢᠯᠯᠠᠭ᠎ᠠ
ᠵᠢᠨ ᠲᠥᠪ ᠲᠠᠢ ᠪᠤᠯᠵᠤ᠂ ᠪᠦᠬᠦ᠌ ᠣᠷᠣᠨᠢ ᠪᠦᠷᠬᠦᠭ᠌ᠰᠡᠨ ᠲᠠᠪᠤᠨ ᠱᠠᠲᠤᠨ ᠤ ᠣᠯᠠᠨ ᠨᠡᠢᠲᠡ ᠵᠢᠨ ᠰᠣᠶᠣᠯ ᠤᠨ
ᠲᠦᠬᠦᠬᠡᠷᠦᠮᠵᠢ ᠵᠢᠨ ᠲᠣᠣᠷᠵᠢᠯᠢ ᠦᠨᠳᠦᠰᠦᠨ ᠳ᠋ᠡᠬᠡᠨ ᠪᠦᠷᠢᠯᠳᠦᠭᠦᠯᠵᠦ᠍᠂ ᠲᠤᠮᠳᠠᠴᠢ ᠪᠡᠷ ᠲᠦᠮᠡᠨ ᠬᠥᠮᠦᠨ ᠨᠢᠭᠡᠪᠦᠷᠢ ᠳ᠋ᠤ ᠨᠣᠭ᠍ᠳᠠᠬᠤ ᠣᠯᠠᠨ ᠲᠦᠮᠡᠨᠴᠢ ᠰᠣᠶᠣᠯ ᠤᠨ
ᠲᠦᠬᠦᠬᠡᠷᠦᠮᠵᠢ ᠵᠢᠨ ᠲᠠᠯᠠᠪᠠᠶ ᠪᠦᠬᠦ᠌ ᠤᠯᠤᠰᠤᠨ ᠡᠮᠦᠨ᠎ᠡ ᠡᠩᠨᠡᠭᠡᠨ ᠳ᠋ᠤ ᠣᠷᠣᠪᠠ ᠃
ᠤᠯᠠᠭᠠᠶ ᠬᠠᠮᠢᠶᠠᠷᠤᠯᠲᠠᠵᠢᠨᠣᠷᠣᠨᠡᠨᠡᠵᠢᠯᠤᠨ9 ᠰᠠᠷ᠎ᠠ ᠡᠴᠡ《ᠲᠣᠭᠠᠴᠢᠯᠠᠭ᠍ᠰᠠᠨ ᠰᠣᠶᠣᠯᠢ ᠮᠣᠩᠭᠣᠯ ᠬᠡᠷᠲᠦ ᠣᠷᠣᠭᠤᠯᠬᠤ》ᠢᠨᠵᠧᠨᠧᠷᠢᠩᠢ ᠬᠡᠷᠡᠭ᠌ᠵᠢᠭᠦᠯᠵᠦ᠍᠂ ᠪᠣᠢᠳᠠ ᠪᠦᠭ᠌ᠯᠡᠭᠦᠦ ᠭᠠᠵᠠᠷ
ᠤᠨ 894 ᠡᠷᠦᠬᠡ ᠵᠢᠨ ᠮᠠᠯᠴᠢᠨ ᠲᠠᠷᠢᠶᠠᠴᠢᠨ ᠤ ᠰᠣᠶᠣᠯ ᠤᠨ ᠠᠮᠢᠳᠤᠷᠠᠯᠢ ᠪᠠᠶᠠᠯᠢᠭ᠍ᠵᠢᠭᠤᠯᠤᠨ᠂ ᠣᠯᠠᠨ
ᠨᠡᠢᠲᠡ ᠵᠢᠨ ᠰᠣᠶᠣᠯ ᠤᠨ ᠦᠶ᠋ᠯᠡᠴᠢᠯᠡᠭᠡᠨ ᠦ ᠡᠴᠦᠰᠦᠨ ᠨᠢᠭᠡ ᠺᠢᠯᠣᠮᠧᠲ᠋ᠷ ᠢ ᠨᠡᠪᠲᠡᠷᠡᠭᠦᠯᠵᠤ ᠡᠬᠢᠯᠡᠪᠡ᠃ 《ᠲᠣᠭᠠᠴᠢᠯᠠᠭ᠍ᠰᠠᠨ ᠰᠣᠶᠣᠯ ᠢ ᠮᠣᠩᠭᠣᠯ ᠬᠡᠷ ᠲᠦ᠍ ᠣᠷᠣᠭᠤᠯᠬᠤ》 ᠭᠠᠷ ᠤᠲᠠᠰᠤᠨᠤ APP ᠳ᠋ᠡᠬᠡᠨ ᠲᠣᠭᠠᠴᠢᠯᠠᠭ᠍ᠰᠠᠨ ᠰᠣᠶᠣᠯ᠂ ᠮᠥᠩᠭᠥᠨ ᠭᠦᠶ᠋ᠯᠭᠡᠭᠡᠨᠦ ᠦᠶ᠋ᠯᠡᠴᠢᠯᠡᠭᠡ᠂ ᠮᠠᠯ ᠠᠵᠤ ᠠᠬᠤᠶ ᠲᠠᠷᠢᠶᠠᠯᠠᠩᠤᠨ ᠮᠡᠷᠭᠡᠵᠢᠯᠦᠨ ᠦᠶ᠋ᠯᠡᠴᠢᠯᠡᠭᠡ ᠵᠡᠷᠭᠡ ᠠᠭᠤᠯᠭᠠᠶ᠋ᠢ ᠪᠠᠭ᠍ᠲᠠᠭᠠᠵᠤ᠂ ᠮᠠᠯᠴᠢᠨ ᠲᠠᠷᠢᠶᠠᠴᠢᠳ ᠪᠣᠳᠠᠲᠠᠶ ᠬᠡᠷᠡᠭ᠌ᠴᠡᠭᠡ ᠪᠡᠨ ᠦᠨᠳᠦᠰᠦᠯᠡᠨ ᠴᠢᠳᠠᠮᠵᠢᠵᠢ ᠨᠢ ᠰᠣᠩᠭᠣᠵᠤ ᠪᠤᠯᠳᠠᠭ
᠃
ᠥᠪᠡᠷᠲᠡᠭᠡᠨ ᠵᠠᠰᠠᠬᠤ ᠣᠷᠣᠨᠤ ᠠᠷᠪᠠᠳᠤᠭᠠᠷ ᠤᠳᠠᠭ᠎ᠠ ᠶ᠋ᠢᠨ ᠨᠠᠮ ᠤᠨ ᠲᠥᠯᠥᠭᠡᠯᠡᠭ᠌ᠴᠢᠳᠦᠨ ᠶᠡᠬᠡ ᠬᠤᠷᠠᠯ ᠡᠴᠡ ᠨᠠᠭᠠᠰᠢ᠂ ᠮᠠᠨ ᠤ ᠤᠷᠤᠨ ᠥᠭᠡᠷᠡᠴᠢᠯᠡᠯᠲᠡ ᠬᠢᠵᠦ᠍ ᠱᠢᠨ᠎ᠡ ᠵᠢ ᠡᠭᠦᠳᠬᠦ᠌ ᠵᠢ ᠴᠢᠩᠭᠠᠳᠭᠠᠨ
ᠰᠣᠶᠣᠯ ᠵᠢᠡᠷ ᠠᠷᠠᠳ ᠲᠦ᠍ ᠠᠱᠢᠭ ᠬᠦᠷᠲᠡᠭᠡᠬᠦ᠌ ᠢᠨᠵᠧᠨᠧᠷᠢᠩ ᠢ ᠭᠦᠨᠵᠡᠭᠡᠶ ᠬᠡᠷᠡᠭ᠌ᠵᠢᠭᠦᠯᠵᠦ᠍᠂ ᠣᠯᠠᠨ
ᠨᠡᠢᠲᠡ ᠵᠢᠨ ᠰᠣᠶᠣᠯᠤᠨ ᠪᠦᠲᠦᠭᠡᠭ᠌ᠳᠡᠬᠦᠨ ᠪᠠ ᠦᠶ᠋ᠯᠡᠴᠢᠯᠡᠭᠡᠨᠦ ᠬᠠᠩᠭᠠᠯᠭ᠎ᠠ ᠵᠢ ᠪᠠᠶᠠᠯᠢᠭ᠍ᠵᠢᠭᠤᠯᠤᠨ
ᠦᠨᠳᠦᠰᠦᠲᠡᠨ ᠨᠦᠭᠦᠳᠦᠨ ᠣᠯᠠᠨ ᠲᠦᠮᠡᠨ ᠳ᠋ᠤ ᠪᠠᠶᠠᠷ ᠪᠠᠶᠠᠰᠤᠯ ᠪᠠ ᠪᠣᠯᠪᠠᠰᠤᠨᠢ ᠬᠦᠷᠭᠡᠵᠦ᠍᠂ ᠰᠠᠢᠨ
ᠰᠠᠢᠬᠠᠨ ᠨᠡᠢᠭᠡᠮ ᠦᠨ ᠦᠷ᠎ᠡ ᠠᠱᠢᠭᠢ ᠡᠬᠦᠳᠦᠭᠰᠡᠨ ᠪᠠᠢᠨ᠎ᠠ᠃ ᠨᠢᠳᠤᠨᠤᠨ ᠤ ᠵᠢᠯᠤᠨ ᠰᠡᠬᠦᠯᠴᠢ ᠪᠡᠷ
ᠪᠥᠬᠥ᠌ ᠣᠷᠣᠨᠤ ᠣᠯᠠᠨ ᠨᠡᠢᠲᠡ ᠵᠢᠨ ᠨᠣᠮᠤᠨ ᠰᠠᠩ ᠳ᠋ᠡᠬᠢ ᠨᠣᠮᠤᠨ ᠬᠠᠳᠠᠭᠠᠯᠠᠯᠳᠠ 1995.96 ᠲᠦᠮᠡᠨ
ᠳᠡᠪᠲᠡᠷ ᠲᠦ᠍ ᠬᠦᠷᠴᠦ᠍᠂ 2015 ᠣᠨ ᠤ ᠰᠡᠬᠦᠯᠴᠢ ᠵᠢᠨ ᠬᠢ ᠡᠴᠡ 24.18% ᠪᠡᠷ ᠨᠡᠮᠡᠭ᠌ᠳᠡᠪᠡ ; ᠣᠯᠠᠨ ᠨᠡᠢᠲᠡ ᠵᠢᠨ ᠨᠣᠮ ᠤᠨ ᠰᠠᠩ ᠳ᠋ᠤ ᠤᠷᠤᠭᠰᠠᠳ 1377.44 ᠲᠦᠮᠡᠨ
ᠬᠥᠮᠦᠨ ᠤᠳᠠᠭ᠎ᠠ ᠳ᠋ᠤ ᠬᠦᠷᠴᠤ᠂ 2015 ᠣᠨᠤ ᠬᠢ ᠡᠴᠡ 52.89% ᠪᠡᠷ ᠨᠡᠮᠡᠭ᠌ᠳᠡᠪᠡ᠃ ᠪᠣᠢᠳᠠ ᠪᠦᠭ᠌ᠯᠡᠭᠦᠦ
ᠭᠠᠵᠠᠷ ᠣᠷᠣᠨ ᠳ᠋ᠤ ᠰᠣᠶᠣᠯ ᠤᠨ ᠮᠡᠳᠡᠭᠡ ᠵᠠᠩᠭᠢ ᠵᠢᠨ ᠡᠬᠢ ᠪᠠᠶᠠᠯᠢᠭ ᠳᠤᠲᠠᠭ᠍ᠳᠠᠵᠤ ᠪᠠᠢᠭ᠎ᠠ ᠪᠣᠳᠠᠲᠤ ᠪᠠᠢᠳᠠᠯ
ᠳ᠋ᠤ ᠴᠢᠭ᠌ᠯᠡᠭᠦᠯᠦᠨ《ᠲᠣᠭᠠᠴᠢᠯᠠᠭ᠍ᠰᠠᠨ ᠰᠣᠶᠣᠯᠢ ᠮᠣᠩᠭᠣᠯ ᠬᠡᠷ ᠲᠦ᠍ ᠣᠷᠣᠭᠤᠯᠬᠤ》ᠢᠨᠵᠧᠨᠧᠷᠢᠩᠢ ᠬᠡᠷᠡᠭ᠌ᠵᠢᠭᠦᠯᠵᠦ᠍᠂ ᠬᠠᠮᠤᠷᠬᠤ ᠬᠡᠪᠴᠢᠶ᠎ᠡ ᠨᠢ
60 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ ᠢ ᠲᠠᠪᠠᠨ 300 ᠲᠦᠮᠡ ᠭᠠᠷᠤᠢᠮᠠᠯᠴᠢᠨᠲᠠᠷᠢᠶᠠᠴᠢᠨ ᠳ᠋ᠤ
ᠠᠱᠢᠭ ᠬᠦᠷᠲᠡᠭᠡᠪᠡ᠃ ᠪᠠᠰᠠ ᠪᠥᠬᠥ᠌ ᠤᠯᠤᠰ ᠲᠦ᠍ ᠲᠦᠷᠦᠬᠦᠯᠡᠨ《ᠣᠶᠤᠨᠳᠤ ᠷᠠᠳᠢᠣ᠋ ᠲᠧᠯᠸᠢᠰ》ᠵᠢᠡᠷ ᠬᠢᠯᠢ ᠬᠢᠵᠠᠭᠠᠷ ᠢ ᠪᠡᠬᠢᠵᠢᠭᠦᠯᠬᠦ᠌ ᠢᠨᠵᠧᠨᠧᠷᠢᠩ ᠪᠤᠯᠤᠨ ᠮᠠᠯᠵᠢᠬᠤ ᠣᠷᠣᠨ ᠳ᠋ᠤ 《ᠣᠶᠤᠨᠳᠤ ᠷᠠᠳᠢᠣ᠋ ᠲᠧᠯᠸᠢᠰ》ᠤ᠋ᠨ ᠥᠷᠭᠡᠨ ᠪᠦᠰᠡᠲᠦ ᠰᠦᠯᠵᠢᠶ᠎ᠡ ᠵᠢ ᠪᠦᠷᠬᠦᠭᠦᠯᠬᠦ᠌ ᠢᠨᠵᠧᠨᠧᠷᠢᠩ
ᠢ ᠬᠡᠷᠡᠭ᠌ᠵᠢᠭᠦᠯᠵᠦ᠍᠂ ᠬᠢᠯᠢ ᠬᠢᠵᠠᠭᠠᠷ ᠪᠠ ᠶᠠᠳᠠᠭᠤ ᠬᠦᠴᠢᠷᠳᠡᠯᠲᠡᠶ ᠭᠠᠵᠠᠷ ᠣᠷᠣᠨ ᠤ ᠣᠯᠠᠨ ᠲᠦᠮᠡᠨ
ᠦ ᠲᠧᠯᠸᠢᠰ ᠦᠵᠡᠬᠦ᠌ ᠳ᠋ᠤ ᠬᠦᠴᠢᠷᠲᠡᠶ᠂ ᠷᠠᠳᠢᠣ᠋ ᠰᠣᠨᠣᠰᠭᠤ ᠳ᠋ᠤ ᠬᠦᠴᠢᠷᠲᠡᠶ ᠠᠰᠠᠭᠤᠳᠠᠯ ᠢ ᠪᠦᠲᠦᠮᠵᠢᠲᠡᠶ
ᠱᠢᠶ᠋ᠳᠪᠦᠷᠢᠯᠡᠵᠦ᠍᠂ ᠬᠢᠯᠢ ᠬᠢᠵᠠᠭᠠᠷ ᠢ ᠪᠡᠬᠢᠵᠢᠭᠦᠯᠵᠦ᠍ ᠬᠢᠯᠢ ᠬᠢᠵᠠᠭᠠᠷ ᠢ ᠮᠠᠨᠳᠤᠭᠤᠯᠬᠤ᠂ ᠰᠢᠨ᠎ᠡ
ᠲᠢᠳᠢᠮᠯᠢᠭ ᠠᠭᠤᠰᠬᠢᠨ ᠦᠷᠪᠢᠰᠤᠯ ᠤᠨ ᠬᠢᠵᠢᠭᠦᠨ ᠪᠠᠢᠳᠠᠯᠢᠰᠡᠷᠭᠡᠢᠯᠡᠨᠡᠵᠡᠮᠳᠡᠬᠦ᠌ᠪᠠᠶᠠᠳᠠᠭᠤᠡᠴᠡᠠᠩᠭᠢᠵᠢᠷᠠᠭᠤᠯᠬᠤ ᠪᠤᠭᠤᠮᠳᠠ ᠱᠢᠪᠲᠤᠯᠤᠯᠲᠠ ᠵᠡᠷᠭᠡ ᠠᠵᠢᠯ ᠳ᠋ᠤ ᠴᠢᠬᠤᠯᠠ ᠦᠢᠯᠡᠳᠦᠯ ᠦᠵᠡᠭᠦᠯᠵᠠᠢ ᠃
ᠡᠨᠡ ᠵᠢᠯ ᠤᠨ 7 ᠰᠠᠷ᠎ᠠ ᠵᠢᠨ ᠰᠡᠬᠦᠯᠴᠢ ᠳ᠋ᠤ《2018 — 2020 ᠣᠨ ᠤ ᠪᠥᠬᠥ᠌
ᠣᠷᠣᠨᠤ ᠤᠯᠠᠭᠠᠨᠮᠥ᠋ᠴᠢᠷᠦᠨ ᠬᠢᠨᠠᠨ ᠰᠢᠯᠭᠠᠵᠤ ᠦᠨᠡᠯᠡᠨ ᠵᠢᠱ᠌ᠢᠭ᠌ᠰᠡᠨ》 ᠦᠷ᠎ᠡ ᠳ᠋ᠦᠩᠢ ᠨᠡᠢᠲᠡᠯᠡᠵᠤ᠂ ᠳᠥᠷᠪᠡᠳ ᠬᠣᠱᠢᠭᠤᠨᠤ ᠤᠯᠠᠭᠠᠨᠮᠥ᠋ᠴᠢᠷ
ᠪᠥᠬᠥ᠌ ᠣᠷᠣᠨ ᠤ ᠨᠢᠭᠡᠳᠦᠭᠡᠷ ᠲᠥᠷᠥᠯᠦᠨ ᠱᠢᠯᠢᠳᠡᠭ ᠤᠯᠠᠭᠠᠨᠮᠥ᠋ᠴᠢᠷ ᠵᠢᠡᠷ ᠦᠨᠡᠯᠡᠭ᠌ᠳᠡᠪᠡ᠃ ᠳᠥᠷᠪᠡᠳ
ᠬᠣᠱᠢᠭᠤᠨ ᠤ ᠤᠯᠠᠭᠠᠨᠮᠥ᠋ᠴᠢᠷ ᠢᠮᠠᠭᠳᠠ ᠠᠷᠠᠳ ᠲᠦᠮᠡᠨ ᠳ᠋ᠤ ᠦᠶ᠋ᠯᠡᠴᠢᠯᠡᠬᠦ᠌ ᠵᠢ ᠪᠠᠷᠢᠮᠳᠠᠯᠠᠨ ᠭᠣᠢᠳᠠ ᠰᠠᠢᠬᠠᠨ
ᠤᠳᠭ᠎ᠠ ᠤᠷᠠᠯᠢᠭᠤᠨ ᠲᠣᠭ᠍ᠯᠠᠯᠲᠠ ᠪᠡᠨ ᠦᠨᠳᠦᠰᠦᠨ ᠱᠠᠲᠤᠨ ᠳ᠋ᠤ ᠬᠦᠷᠬᠡᠭᠰᠡᠬᠡᠷ ᠢᠷᠡᠵᠠᠢ᠃ ᠲᠡᠳᠡᠱᠢᠨᠡᠴᠠᠭ ᠦᠶ᠎ᠡ ᠵᠢᠨ ᠪᠣᠯᠪᠠᠰᠤᠨ ᠤᠦᠶ᠋ᠯᠡᠳᠦᠯᠭᠡ ᠲᠠᠶ ᠤᠶᠠᠯᠳᠤᠭᠤᠯᠤᠨ ᠴᠠᠭ ᠦᠶ᠎ᠡ ᠵᠢᠨ ᠠᠯᠬᠤᠭ᠎ᠠ ᠵᠢ ᠳᠠᠭᠠᠵᠤ
᠂ ᠬᠤᠪᠢᠰᠭᠠᠯᠲᠤ ᠤᠳᠭ᠎ᠠ ᠤᠷᠠᠯᠢᠭ ᠤᠨ ᠬᠥᠩᠭᠡᠨ ᠮᠣᠷᠢᠲᠤ ᠴᠡᠷᠢᠭ ᠦᠨ ᠲᠣᠭᠢ ᠲᠠᠯ᠎ᠠ ᠨᠤᠲᠤᠭ ᠲᠦ᠍ ᠥᠨᠳᠥᠷ
ᠨᠠᠮᠢᠷᠠᠭᠤᠯᠤᠭᠰᠠᠨ ᠡᠴᠡ ᠤᠯᠠᠭᠠᠨᠮᠥ᠋ᠴᠢᠷ ᠬᠠᠮᠢᠭ᠎ᠠ ᠭᠦᠷᠦᠭ᠌ᠰᠡᠨ ᠴᠦ᠍ ᠮᠠᠯᠴᠢᠳ ᠳᠡᠳᠡᠨᠤᠰ ᠢ 《ᠮᠠᠨ ᠤ ᠤᠯᠠᠭᠠᠨᠮᠥ᠋ᠴᠢᠷ》ᠭᠡᠳᠡᠭᠶᠤᠮ᠃ᠥᠪᠡᠷᠲᠡᠭᠡᠨᠵᠠᠰᠠᠬᠤᠣᠷᠣᠨᠡᠴᠡᠤᠢᠷᠠᠵᠢᠨ ᠵᠢᠯ ᠳ᠋ᠤ《ᠤᠯᠠᠭᠠᠨᠮᠥ᠋ᠴᠢᠷᠦᠨ ᠲᠦᠷᠢᠮ》᠂ 《ᠤᠯᠠᠭᠠᠨᠮᠥ᠋ᠴᠢᠷ ᠦᠨ
ᠦᠶ᠋ᠯᠡᠰᠦᠨ ᠲᠤᠮᠳᠠ ᠣᠷᠳᠣ ᠬᠤᠭᠤᠴᠠᠭᠠᠨᠤ ᠬᠥᠭ᠌ᠵᠢᠯᠲᠡ ᠵᠢᠨ ᠲᠥᠯᠥᠪᠵᠢᠭᠦᠯᠭᠡ (2021 — 2030 ᠤᠨ)》ᠵᠢ ᠨᠡᠢᠲᠡᠯᠡᠵᠦ᠍᠂ ᠪᠥᠬᠥ᠌ ᠣᠷᠣᠨᠤ ᠤᠯᠠᠭᠠᠨᠮᠥ᠋ᠴᠢᠷᠦᠨ ᠦᠶ᠋ᠯᠡᠰᠦᠨ ᠬᠥᠭ᠌ᠵᠢᠯᠲᠡ ᠵᠢᠨ ᠲᠤᠰᠭᠠᠶ ᠵᠠᠷᠤᠳᠠᠯ ᠭᠠᠷᠭᠠᠨ᠂ 75 ᠤᠯᠠᠭᠠᠨᠮᠥ᠋ᠴᠢᠷ ᠲᠦ᠍ ᠲᠣᠮᠣ ᠮᠠᠱᠢᠨ ᠲᠡᠷᠭᠡ ᠲᠣᠬᠢᠷᠠᠭᠤᠯᠤᠨ
ᠦᠭᠴᠦ᠂ ᠤᠯᠠᠭᠠᠨᠮᠥ᠋ᠴᠢᠷ ᠦᠨ ᠤᠷᠠᠯᠢᠭ ᠤᠨ ᠨᠠᠢᠷ ᠂ 《ᠠᠯᠢᠪᠠ ᠪᠦᠬᠦᠨ ᠠᠷᠠᠳ ᠲᠦᠮᠡᠨ ᠦ ᠲᠥᠯᠥᠭᠡ·ᠤᠯᠠᠭᠠᠨᠮᠥ᠋ᠴᠢᠷ ᠦᠨ ᠰᠠᠷᠠᠶᠢᠨ ᠠᠵᠢᠯᠯᠠᠭ᠎ᠠ》ᠪᠤᠯᠤᠨ ᠪᠥᠬᠥ᠌ ᠣᠷᠣᠨᠤ ᠤᠯᠠᠭᠠᠨᠮᠥ᠋ᠴᠢᠷ ᠦᠨ ᠰᠣᠯᠢᠯᠴᠠᠭᠠᠨ ᠤ ᠲᠣᠭ᠍ᠯᠠᠯᠲᠠ ᠵᠡᠷᠭᠡ ᠠᠵᠢᠯᠯᠠᠭ᠎ᠠ
ᠵᠢ ᠤᠳᠠᠭ᠎ᠠ ᠲᠠᠷᠠᠭ᠎ᠠ ᠪᠡᠷ ᠡᠷᠬᠢᠯᠡᠨ ᠶᠠᠪᠤᠭᠳᠠᠭᠤᠯᠪᠠ᠃ ᠪᠥᠬᠥ᠌ ᠣᠷᠣᠨᠤ ᠤᠯᠠᠭᠠᠨᠮᠥ᠋ᠴᠢᠷ ᠤᠨ ᠬᠢᠨ ᠶᠡᠷᠦᠩᠬᠡᠶ
ᠱᠦᠵᠢ ᠵᠢᠨ ᠬᠦᠰᠡᠯ ᠨᠠᠢᠳᠠᠯᠭ᠎ᠠ ᠵᠢ ᠪᠠᠲᠤ ᠴᠡᠭᠡᠵᠢᠯᠡᠵᠦ᠍᠂ ᠦᠨᠳᠦᠰᠦᠨ ᠱᠠᠲᠤᠨ ᠳ᠋ᠤ ᠦᠨᠳᠤᠰᠤ ᠬᠠᠳᠬᠤᠨ ᠣᠯᠠᠨ
ᠲᠦᠮᠡᠨ ᠳ᠋ᠤ ᠦᠶ᠋ᠯᠡᠴᠢᠯᠡᠵᠦ᠍᠂ ᠵᠢᠯ ᠪᠦᠷᠢ ᠦᠨᠳᠦᠰᠦᠨ ᠱᠠᠲᠤᠨᠳᠤ ᠭᠦᠨᠵᠡᠭᠡᠢᠷᠡᠨ 7000 ᠭᠠᠷᠤᠶ ᠲᠠᠯᠠᠪᠠᠶ ᠲᠣᠭ᠍ᠯᠠᠯᠲᠠ ᠭᠠᠷᠭᠠᠵᠤ ᠪᠠᠢᠨ᠎ᠠ ᠃
ᠨᠢᠳᠤᠨᠤᠨ ᠤ 10 ᠰᠠᠷ᠎ᠠ ᠵᠢᠨ 6 ᠤ᠋ ᠡᠳᠦᠷ᠂ ᠠᠷᠪᠠᠨ ᠬᠤᠶᠠᠳᠤᠭᠠᠷ ᠬᠤᠭᠤᠴᠠᠭᠠᠨᠤ ᠲᠤᠮᠳᠠᠳᠦ
ᠤᠯᠤᠰᠤᠨ ᠪᠦᠵᠢᠭ ᠤᠨ《ᠯᠢᠩᠬᠤ᠎ᠠ ᠱᠠᠩᠨᠠᠯ》 ᠤ᠋ᠨ ᠪᠦᠵᠢᠭᠳᠦ ᠵᠦᠴᠦᠭᠡ ᠵᠢᠨ ᠰᠢᠯᠭᠠᠷᠠᠭᠤᠯᠤᠯᠳᠠ ᠵᠢᠨ ᠦᠷ᠎ᠡ ᠳ᠋ᠦᠩ
ᠲᠤᠳᠤᠷᠠᠵᠤ᠂ ᠦᠪᠦᠷ ᠮᠤᠨᠭᠭᠤᠯᠤᠨ ᠤᠷᠠᠯᠢᠭ ᠵᠦᠴᠦᠭᠡ ᠵᠢᠨ ᠬᠦᠷᠢᠶᠡᠯᠡᠩᠤᠨ ᠵᠤᠬᠢᠶᠠᠨ ᠪᠦᠳᠦᠭᠡᠭᠰᠡᠨ ᠦᠨᠳᠦᠰᠦᠳᠡᠨ
ᠤ ᠪᠦᠵᠢᠭᠳᠦ ᠵᠦᠴᠦᠭᠡ 《ᠮᠤᠷᠢᠲᠦ ᠴᠡᠷᠢᠭ》 ᠨᠢ ᠡᠨᠡ ᠬᠦ᠌ ᠱᠠᠩᠨᠠᠯ ᠢ ᠲᠤᠰᠴᠠᠢ᠃ 《ᠮᠤᠷᠢᠲᠦ ᠴᠡᠷᠢᠭ》ᠪᠠᠰᠠ 2020 ᠤᠨ ᠤ ᠲᠤᠮᠳᠠᠳᠦ ᠤᠯᠤᠰᠤᠨ ᠬᠡᠪᠯᠡᠯ ᠤᠨ ᠡᠷᠭᠡ ᠵᠢᠨ
ᠬᠠᠮᠤᠭᠤᠨ ᠰᠤᠳᠤᠨ ᠠᠭᠤᠯᠭ᠎ᠠ ᠪᠦᠬᠦᠢ ᠵᠤᠬᠢᠶᠠᠨ ᠪᠦᠳᠦᠭᠡᠯᠳᠠ ᠵᠢᠨ ᠱᠠᠩᠨᠠᠯᠢ ᠲᠤᠰᠴᠦ᠂ ᠨᠠᠮ ᠪᠠᠢᠭᠤᠯᠤᠭᠳᠠᠭᠰᠠᠨ
100 ᠵᠢᠯ ᠤᠨ ᠤᠢ ᠵᠢ ᠪᠡᠯᠭᠡᠯᠡᠬᠦ《ᠤᠳᠤ ᠦᠶ᠎ᠡ ᠵᠢᠨ ᠰᠢᠯᠢᠳᠡᠭ
ᠪᠦᠵᠢᠭᠳᠦ ᠵᠦᠴᠦᠭᠡ ᠵᠢᠨ ᠲᠤᠭᠯᠠᠯᠳᠠ ᠵᠢᠨ ᠤᠯᠠᠷᠢᠯ》 ᠳ᠋ᠦ ᠰᠤᠩᠭᠤᠭᠳᠠᠭᠰᠠᠨ ᠠᠵᠢ ᠃
ᠥᠪᠡᠷᠲᠡᠭᠡᠨ ᠵᠠᠰᠠᠬᠤ ᠣᠷᠣᠨᠤ ᠠᠷᠪᠠᠳᠤᠭᠠᠷ ᠤᠳᠠᠭ᠎ᠠ ᠵᠢᠨ ᠨᠠᠮ ᠤᠨ ᠲᠥᠯᠥᠭᠡᠯᠡᠭ᠌ᠴᠢᠳ
ᠦᠨ ᠶᠡᠬᠡ ᠬᠤᠷᠠᠯ ᠡᠴᠡ ᠨᠠᠭᠠᠰᠢ᠂ ᠮᠠᠨ ᠤ ᠤᠷᠤᠨ ᠲᠠᠢᠰᠠᠨᠤ ᠤᠷᠠᠯᠢᠭᠤᠨ ᠰᠣᠳᠣᠨ ᠪᠦᠲᠦᠭᠡᠯ ᠦᠨ ᠢᠨᠵᠧᠨᠧᠷᠢᠩ
ᠢ ᠬᠡᠷᠡᠭ᠌ᠵᠢᠭᠦᠯᠵᠦ᠍᠂ ᠨᠢᠭᠡ ᠪᠦᠯᠦᠭ ᠦᠵᠡᠯ ᠰᠠᠨᠠᠭ᠎ᠠ ᠪᠡᠷ ᠭᠦᠨᠵᠡᠭᠡᠢ᠂ ᠤᠷᠠᠯᠢᠭᠤᠨ ᠴᠢᠨᠠᠷ ᠵᠢᠡᠷ
ᠤᠬᠢ᠂ ᠵᠣᠬᠢᠶᠠᠨ ᠪᠦᠲᠦᠭᠡᠯᠲᠡ ᠰᠢᠨ᠎ᠡ ᠰᠡᠪᠡᠬᠦᠨ ᠤᠷᠠᠯᠢᠭ ᠤᠨ ᠪᠦᠲᠦᠭᠡᠯ ᠢ ᠵᠣᠬᠢᠶᠠᠨ ᠪᠦᠲᠦᠭᠡᠪᠡ᠃ ᠡᠬᠦᠨ
ᠳ᠋ᠤ ᠦᠨᠳᠦᠰᠦᠲᠡᠨ ᠦ ᠲᠠᠭᠤᠯᠠᠯᠳᠤ ᠵᠦᠴᠦᠭᠡ 《ᠵᠠᠩᠭᠠᠷ》ᠵᠡᠷᠭᠡ 7 ᠪᠦᠲᠦᠭᠡᠯ ᠨᠢ ᠨᠠᠮ ᠪᠠᠢᠭᠤᠯᠤᠭ᠍ᠳᠠᠭ᠍ᠰᠠᠨ 100 ᠵᠢᠯ ᠦᠨ
ᠤᠢ ᠵᠢ ᠪᠡᠯᠭᠡᠯᠡᠬᠦ᠌ ᠲᠠᠢᠰᠠᠨ ᠤ ᠤᠷᠠᠯᠢᠭ ᠤᠨ ᠰᠣᠳᠣᠨ ᠪᠦᠲᠦᠭᠡᠯᠤᠨ ᠵᠣᠬᠢᠶᠠᠨ ᠪᠦᠲᠦᠭᠡᠬᠦ᠌ ᠢᠨᠵᠧᠨᠧᠷᠢᠩ
ᠳ᠋ᠤ ᠰᠣᠩᠭᠣᠭ᠍ᠳᠠᠵᠤ᠂ ᠪᠥᠵᠢᠭ᠌ᠲᠦ ᠵᠦᠴᠦᠭᠡ《ᠲᠠᠯ᠎ᠠ ᠨᠤᠲᠤᠭᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ》ᠨᠢ 16 ᠳ᠋ᠤᠭᠠᠷ ᠬᠤᠭᠤᠴᠠᠭᠠᠨᠤ《ᠸᠧᠨ ᠬᠤᠧᠠ ᠳᠤᠮᠤ ᠱᠠᠩᠨᠠᠯ》 ᠢ᠋ ᠬᠦᠷᠳᠡᠨ᠂ ᠪᠥᠵᠢᠭ᠌ᠲᠦ ᠵᠦᠴᠦᠭᠡ《ᠮᠣᠷᠢᠲᠤ ᠴᠡᠷᠢᠭ》ᠨᠢ 12 ᠳ᠋ᠤᠭᠠᠷ ᠬᠤᠭᠤᠴᠠᠭᠠᠨᠤ ᠳᠤᠮᠳᠠᠳᠤ ᠤᠯᠤᠰ ᠤᠨ ᠪᠥᠵᠢᠭ ᠤᠨ《ᠯᠢᠩᠬᠤ᠎ᠠ ᠱᠠᠩᠨᠠᠯ》 ᠢ᠋ ᠬᠦᠷᠳᠡᠭᠰᠡᠨ ᠪᠠᠢᠨ᠎ᠠ ᠃