ᠲᠦᠷᠦᠭᠦᠦ ᠭᠤᠷᠪᠠᠨ ᠤᠯᠠᠷᠢᠯ ᠳ᠋ᠤ ᠪᠤᠭᠤᠳᠤ ᠬᠤᠳᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ᠎ᠤᠨ ᠨᠡᠮᠡᠭ᠌ᠳᠡᠯ 50% ᠵᠢ ᠲᠠᠪᠠᠪᠠ
2021-11-07 10:56:19
ᠵᠣᠬᠢᠶᠠᠭ᠍ᠴᠢ᠄
ᠸ · ᠭᠡᠷᠡᠯᠳᠤ
ᠣᠩᠱᠢᠭ᠍ᠰᠠᠨ ᠣᠳᠠᠭ᠎ᠠ᠄
★★★☆☆

ᠡᠨᠡ ᠵᠢᠯ᠎ᠤᠨ ᠲᠦᠷᠦᠬᠦᠦ ᠭᠤᠷᠪᠠᠨ ᠤᠯᠠᠷᠢᠯ ᠳ᠋ᠤ᠂ ᠪᠤᠭᠤᠲᠤ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠤᠷᠤᠭᠤᠯᠤᠯᠳᠠ ᠭᠠᠷᠭᠠᠯᠳᠠ ᠵᠢᠨ ᠦᠷᠳᠡᠭ ᠨᠢ 191.13 ᠳ᠋ᠦᠩᠱᠢᠭᠤᠷ ᠲᠦᠭᠦᠷᠢᠭ ᠳᠦ᠍ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ ᠬᠢ ᠡᠴᠡ(ᠲᠤᠷᠤᠬ᠍ᠰᠢ ᠠᠳᠠᠯᠢ) 64.23%ᠪᠠᠷ ᠨᠡᠮᠡᠭ᠌ᠳᠡᠵᠠᠢ᠃ ᠡᠭᠦᠨ᠎ᠤ ᠲᠤᠳᠤᠷ᠎ᠠ᠂ ᠭᠠᠳᠠᠭᠠᠳᠤ ᠭᠠᠷᠭᠠᠯᠳᠠ ᠨᠢ 88.57 ᠳ᠋ᠦᠩᠱᠢᠭᠤᠷ ᠲᠦᠭᠦᠷᠢᠭ ᠎ᠲᠤ ᠬᠦᠷᠴᠦ᠍᠂ 74.27% ᠪᠡᠷ ᠨᠡᠮᠡᠭ᠌ᠳᠡᠨ᠂ ᠭᠠᠳᠠᠭᠠᠳᠤ ᠤᠷᠤᠭᠤᠯᠤᠯᠳᠠ ᠨᠢ 102.56 ᠳ᠋ᠦᠩᠱᠢᠭᠤᠷ ᠲᠦᠭᠦᠷᠢᠭ ᠳᠦ᠍ ᠬᠦᠷᠴᠦ᠂ 56.44% ᠪᠡᠷ ᠨᠡᠮᠡᠭ᠌ᠳᠡᠪᠡ᠃

ᠲᠦᠷᠦᠬᠦᠦ ᠭᠤᠷᠪᠠᠨ ᠤᠯᠠᠷᠢᠯ ᠳ᠋ᠤ᠂ ᠪᠤᠭᠤᠲᠤ ᠬᠤᠳᠠ ᠡᠩ᠎ᠤᠨ ᠠᠷᠠᠯᠵᠢᠶ᠎ᠠ ᠪᠡᠷ ᠭᠤᠤᠯᠯᠠᠵᠦ᠍᠂ ᠭᠠᠢ᠌ᠯᠢ ᠦᠭᠡᠢ ᠪᠠᠷᠠᠭᠠᠨ᠎ᠤ ᠬᠦᠢᠯᠭᠡᠭᠡ᠂ ᠬᠢᠯᠢ ᠬᠢᠵᠠᠭᠠᠷ᠎ᠤᠨ ᠪᠠᠭ᠎ᠠ ᠲᠤᠭᠠᠨ᠎ᠤ ᠠᠷᠠᠯᠵᠢᠶ᠎ᠠ᠂ ᠮᠠᠲ᠋ᠧᠷᠢᠶᠠᠯ ᠤᠷᠤᠭᠤᠯᠤᠨ ᠪᠤᠯᠪᠠᠰᠤᠷᠠᠭᠤᠯᠬᠤ ᠵᠡᠷᠭᠡ ᠵᠢᠨ ᠨᠡᠮᠡᠭ᠌ᠳᠡᠯ ᠲᠦᠷᠭᠡᠨ ᠪᠠᠢ᠌ᠨ᠎ᠠ᠃ ᠡᠩ᠎ᠤᠨ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ᠎ᠨᠢ 177.9  ᠳ᠋ᠦᠩᠱᠢᠭᠤᠷ ᠲᠦᠭᠦᠷᠢᠭ ᠳᠦ᠍ ᠬᠦᠷᠴᠦ᠍᠂  ᠨᠢᠳᠤᠨᠤᠨ᠎ᠤ ᠠᠳᠠᠯᠢ ᠬᠤᠭᠤᠴᠠᠭᠠᠨ᠎ᠤ ᠪᠦᠬᠦ᠌ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ᠎ᠤᠨ 93.07% ᠵᠢ ᠡᠵᠡᠯᠡᠪᠡ ᠃  ᠭᠠᠢᠯᠢ ᠦᠭᠡᠢ ᠪᠠᠷᠠᠭᠠᠨ ᠪ ᠬᠦᠢᠯᠭᠡᠭᠡ᠂ ᠬᠢᠯᠢ ᠬᠢᠵᠠᠭᠠᠷ᠎ᠤᠨ ᠪᠠᠭ᠎ᠠ ᠲᠤᠭᠠᠨ᠎ᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ᠂ ᠮᠠᠲ᠋ᠧᠷᠢᠶᠠᠯ ᠤᠷᠤᠭᠤᠯᠤᠨ ᠪᠤᠯᠪᠠᠰᠤᠷᠠᠭᠤᠯᠬᠤ ᠨᠢ ᠲᠤᠰᠪᠤᠷᠢ ᠪᠦᠬᠦ᠌ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ᠎ᠤᠨ 2.68%᠂ 1.47%᠂ 2.83% ᠵᠢ ᠡᠵᠡᠯᠡᠭ᠌ᠰᠡᠨ ᠪᠠᠢ᠌ᠨ᠎ᠠ᠃

ᠲᠦᠷᠦᠬᠦᠦ ᠭᠤᠷᠪᠠᠨ ᠤᠯᠠᠷᠢᠯ ᠳ᠋ᠤ ᠂  ᠪᠤᠭᠤᠲᠤ ᠬᠤᠳᠠ ᠠᠦ᠋ᠰᠲ᠋ᠷᠠᠯᠢᠶ᠎ᠠ᠂ ᠺᠤᠷᠢᠶᠠ᠂ ᠸᠢᠶᠧᠲ᠋ᠨᠠᠮ᠂ ᠮᠤᠩᠭᠤᠯ ᠤᠯᠤᠰ ᠵᠢᠡᠷ ᠭᠤᠤᠯ ᠠᠷᠠᠯᠵᠢᠶᠠᠨ᠎ᠤ ᠤᠯᠤᠰ ᠪᠤᠯᠭᠠᠵᠦ᠍᠂ ᠠᠷᠠᠯᠵᠢᠶᠠᠨ᠎ᠤ ᠦᠷᠳᠡᠭ ᠨᠢ ᠮᠡᠳᠡᠭ᠌ᠳᠡᠮ᠎ᠠ ᠨᠡᠮᠡᠭ᠌ᠳᠡᠵᠠᠢ᠃ ᠲᠤᠰ ᠲᠦᠷᠪᠡᠨ ᠤᠯᠤᠰ ᠯᠤᠭ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠠᠷᠠᠯᠵᠢᠶ᠎ᠠ ᠨᠢ ᠲᠤᠰᠪᠤᠷᠢ 84.05 ᠳ᠋ᠦᠩᠱᠢᠭᠤᠷ ᠲᠦᠭᠦᠷᠢᠭ᠂ 18.38 ᠳ᠋ᠦᠩᠱᠢᠭᠤᠷ ᠲᠦᠭᠦᠷᠢᠭ᠂ 12.03 ᠳ᠋ᠦᠩᠱᠢᠭᠤᠷ ᠲᠦᠭᠦᠷᠢᠭ ᠪᠤᠯᠤᠨ 10.25 ᠳ᠋ᠦᠩᠱᠢᠭᠤᠷ ᠲᠦᠭᠦᠷᠢᠭ ᠳᠦ᠍ ᠬᠦᠷᠴᠦ᠍᠂ ᠪᠤᠭᠤᠲᠤ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ᠎ᠤᠨ 43.98%᠂ 9.61%᠂ 6.29% ᠪᠤᠯᠤᠨ 5.36% ᠵᠢ ᠡᠵᠡᠯᠡᠭ᠌ᠰᠡᠨ ᠪᠠᠢ᠌ᠨ᠎ᠠ᠃

ᠤᠯᠤᠰ᠎ᠤᠨ ᠦᠮᠴᠢᠯᠡᠯᠳᠤ ᠠᠵᠤ ᠠᠬᠤᠢᠯᠠᠯ ᠪᠤᠯ ᠪᠤᠭᠤᠲᠤ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠤᠤᠯ ᠬᠦᠴᠤᠨ ᠪᠠᠢᠵᠦ᠍ ᠂ ᠤᠯᠤᠰ᠎ᠤᠨ ᠦᠮᠴᠢᠯᠡᠯᠳᠤ ᠠᠵᠤ ᠠᠬᠤᠢ᠌ᠯᠠᠯ ᠪᠤᠯᠤᠨ ᠬᠤᠪᠢ ᠵᠢᠨ ᠡᠵᠡᠩᠨᠡᠯᠳᠡ ᠵᠢᠨ ᠠᠵᠤ ᠠᠬᠤᠢ᠌ᠯᠠᠯ᠎ᠤᠨ ᠨᠡᠮᠡᠭ᠌ᠳᠡᠯ ᠨᠢ ᠪᠦᠷ ᠲᠦᠷᠭᠡᠨ ᠪᠠᠢ᠌ᠨ᠎ᠠ᠃ ᠲᠦᠷᠦᠬᠦᠦ ᠭᠤᠷᠪᠠᠨ ᠤᠯᠠᠷᠢᠯ ᠳ᠋ᠤ ᠪᠤᠭᠤᠲᠤ ᠬᠤᠳᠠ ᠵᠢᠨ ᠤᠯᠤᠰ᠎ᠤᠨ ᠦᠮᠴᠢᠯᠡᠯᠳᠤ ᠠᠵᠤ ᠠᠬᠤᠢ᠌ᠯᠠᠯ᠎ᠤᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ᠎ᠨᠢ 152.62  ᠳ᠋ᠦᠩᠱᠢᠭᠤᠷ ᠲᠦᠭᠦᠷᠢᠭ ᠳᠦ᠍ ᠬᠦᠷᠴᠦ᠍᠂  68.77% ᠪᠡᠷ ᠨᠡᠮᠡᠭ᠌ᠳᠡᠨ᠂ ᠪᠤᠭᠤᠲᠤ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ ᠤ᠋ᠨ 79.8% ᠵᠢ ᠡᠵᠡᠯᠡᠪᠡ᠃  ᠬᠤᠪᠢ ᠵᠢᠨ ᠡᠵᠡᠩᠨᠡᠯᠳᠡ ᠵᠢᠨ ᠠᠵᠤ ᠠᠬᠤᠢ᠌ᠯᠠᠯ᠎ᠤᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ ᠨᠢ 25.2 ᠳ᠋ᠦᠩᠱᠢᠭᠤᠷ ᠲᠦᠭᠦᠷᠢᠭ ᠳᠦ᠍ ᠬᠦᠷᠴᠦ᠍ ᠂ 60.27% ᠪᠡᠷ ᠨᠡᠮᠡᠭ᠌ᠳᠡᠨ᠂  ᠪᠤᠭᠤᠲᠤ ᠬᠤᠳᠠ ᠵᠢᠨ ᠭᠠᠳᠠᠭᠠᠳᠤ ᠠᠷᠠᠯᠵᠢᠶ᠎ᠠ ᠵᠢᠨ ᠭᠠᠳᠠᠭᠠᠳᠤ ᠤᠷᠤᠭᠤᠯᠤᠯᠳᠠ ᠭᠠᠷᠭᠠᠯᠳᠠ ᠵᠢᠨ ᠦᠷᠳᠡᠭ ᠤ᠋ᠨ13.19% ᠵᠢ ᠡᠵᠡᠯᠡᠪᠡ᠃

ᠲᠦᠷᠦᠬᠦᠦ ᠭᠤᠷᠪᠠᠨ ᠤᠯᠠᠷᠢᠯ ᠳ᠋ᠤ᠂ ᠪᠤᠭᠤᠲᠤ ᠬᠤᠳᠠ ᠵᠢᠨ ᠭᠠᠳᠠᠭᠠᠳᠤ ᠭᠠᠷᠭᠠᠯᠳᠠ ᠨᠢ ᠭᠤᠤᠯᠳᠠᠭᠤ ᠪᠤᠯᠤᠳ ᠮᠠᠲ᠋ᠧᠷᠢᠶᠠᠯ᠂ ᠮᠠᠱᠢᠨ ᠴᠠᠬᠢᠯᠭᠠᠨ᠎ᠤ ᠪᠦᠳᠦᠭᠡᠭ᠌ᠳᠡᠭᠦᠨ᠂  ᠬᠤᠪᠤᠷ ᠱᠢᠷᠤᠢ ᠵᠢᠴᠢ ᠲᠡᠭᠦᠨ᠎ᠤ ᠦᠢᠯᠡᠳᠬᠦᠨ ᠵᠢᠡᠷ ᠭᠤᠤᠯᠳᠠᠨ᠎ᠠ᠃ ᠡᠨᠡ ᠬᠤᠭᠤᠴᠠᠭᠠᠨ ᠳ᠋ᠦ ᠲᠤᠰ ᠬᠤᠳᠠ ᠵᠢᠨ ᠭᠠᠳᠠᠭᠠᠳᠤ ᠳ᠋ᠤ ᠭᠠᠷᠭᠠᠬ᠍ᠰᠠᠨ ᠪᠤᠯᠤᠳ ᠮᠠᠲ᠋ᠧᠷᠢᠶᠠᠯ ᠨᠢ  65.33 ᠳ᠋ᠦᠩᠱᠢᠭᠤᠷ ᠲᠦᠭᠦᠷᠢᠭ ᠳᠦ᠍ ᠬᠦᠷᠴᠦ᠍᠂ 78.71% ᠪᠡᠷ ᠨᠡᠮᠡᠭ᠌ᠳᠡᠨ᠂ ᠭᠠᠳᠠᠭᠠᠳᠤ ᠳ᠋ᠤ ᠭᠠᠷᠭᠠᠬ᠍ᠰᠠᠨ ᠮᠠᠱᠢᠨ ᠴᠠᠬᠢᠯᠭᠠᠨ᠎ᠤ ᠪᠦᠳᠦᠭᠡᠭᠳᠡᠭᠦᠨ᠎ᠨᠢ 10.35 ᠳ᠋ᠦᠩᠱᠢᠭᠤᠷ ᠲᠦᠭᠦᠷᠢᠭ ᠳᠦ᠍ ᠬᠦᠷᠴᠦ᠍᠂ 130.65% ᠪᠡᠷ ᠨᠡᠮᠡᠭ᠌ᠳᠡᠨ᠂  ᠭᠠᠳᠠᠭᠠᠳᠤ ᠳ᠋ᠤ ᠭᠠᠷᠭᠠᠬ᠍ᠰᠠᠨ ᠬᠤᠪᠤᠷ ᠱᠢᠷᠤᠢ ᠵᠢᠴᠢ ᠲᠡᠭᠦᠨ᠎ᠤ ᠦᠢᠯᠡᠳᠬᠦᠨ ᠨᠢ 7.43 ᠳ᠋ᠦᠩᠱᠢᠭᠤᠷ ᠲᠦᠭᠦᠷᠢᠭ ᠳᠦ᠍ ᠬᠦᠷᠴᠦ᠍᠂  56.45% ᠪᠡᠷ ᠨᠡᠮᠡᠭ᠌ᠳᠡᠵᠡᠢ᠃ ᠡᠨᠡ ᠬᠤᠭᠤᠴᠠᠭᠠᠨ ᠳ᠋ᠦ ᠪᠤᠭᠤᠲᠤ ᠬᠤᠳᠠ ᠵᠢᠨ ᠭᠠᠳᠠᠭᠠᠳᠤ ᠡᠴᠡ ᠤᠷᠤᠭᠤᠯᠤᠬ᠍ᠰᠠᠨ ᠲᠡᠮᠦᠷᠯᠢᠭ ᠬᠦᠳᠡᠷ ᠵᠢᠴᠢ ᠡᠯᠡᠰᠤᠯᠢᠭ᠌ ᠡᠷᠦᠳᠠᠰᠤ ᠨᠢ 86.78 ᠳ᠋ᠦᠩᠱᠢᠭᠤᠷ ᠲᠦᠭᠦᠷᠢᠭ ᠳᠦ᠍ ᠬᠦᠷᠴᠦ᠍᠂ 79.11% ᠪᠡᠷ ᠨᠡᠮᠡᠭ᠌ᠳᠡᠨ᠂ ᠭᠠᠳᠠᠭᠠᠳᠤ ᠡᠴᠡ ᠤᠷᠤᠭᠤᠯᠤᠬ᠍ᠰᠠᠨ ᠨᠡᠭᠦᠷᠡᠰᠤ 6.53 ᠳ᠋ᠦᠩᠱᠢᠭᠤᠷ ᠲᠦᠭᠦᠷᠢᠭ ᠳᠦ᠍ ᠬᠦᠷᠴᠦ᠍᠂ 11.87% ᠪᠡᠷ ᠪᠠᠭᠤᠷᠠᠵᠠᠢ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号