11 ᠰᠠᠷ᠎ᠠ ᠵᠢᠨ 7 — 8 ᠤ᠋ ᠡᠳᠦᠷ ᠲᠥᠩᠯᠢᠶᠤᠤ
ᠬᠤᠲᠠ ᠳ᠋ᠤ ᠶᠡᠭᠡ ᠴᠠᠰᠤ ᠤᠷᠤᠵᠤ᠂ ᠤᠯᠠᠨ ᠭᠠᠵᠠᠷ ᠲᠤ᠌ ᠭᠠᠮᠰᠢᠭ ᠪᠤᠯᠵᠠᠢ᠃ ᠲᠦᠩᠯᠢᠶᠤᠤ ᠬᠤᠳᠠ ᠵᠢᠨ ᠪᠠᠴᠢᠮ
ᠪᠠᠢᠳᠠᠯᠢ ᠠᠷᠭᠠᠴᠠᠭᠠᠬᠤ ᠬᠠᠮᠢᠶᠠᠷᠤᠯᠲᠠ ᠵᠢᠨ ᠳᠤᠪᠴᠢᠶ᠎ᠠ
ᠡᠴᠡ ᠥᠢᠯᠡᠭᠠᠬ᠍ᠰᠠᠨ ᠵᠢᠨᠷ᠂ ᠲᠤᠰ ᠬᠤᠲᠠ ᠵᠢᠨ ᠬᠣᠷᠴᠢᠨ ᠲᠣᠭᠣᠷᠢᠭ᠂ ᠺᠠᠢᠯᠦ᠍ ᠱᠢᠶᠠᠨ᠂ ᠬᠣᠷᠴᠢᠨ ᠵᠡᠭᠦᠨ ᠭᠠᠷᠤᠨ
ᠳᠤᠮᠳᠠᠳᠤ ᠬᠣᠱᠢᠭᠤ᠂ ᠬᠣᠷᠴᠢᠨ ᠵᠡᠭᠦᠨ ᠭᠠᠷᠤᠨ ᠬᠣᠢᠲᠤ ᠬᠣᠱᠢᠭᠤ᠂ ᠬᠦᠷᠢᠶ᠎ᠡ ᠬᠣᠱᠢᠭᠤ᠂ ᠨᠠᠶ᠋ᠮᠠᠨ ᠬᠣᠱᠢᠭᠤ᠂
ᠵᠠᠷᠤᠳ ᠬᠣᠱᠢᠭᠤ᠂ ᠲᠥᠩᠯᠢᠶᠤᠤ ᠬᠤᠲᠠ ᠵᠢᠨ ᠠᠵᠤ ᠠᠬᠤᠢ ᠮᠡᠷᠭᠡᠵᠢᠯᠤᠨ ᠨᠡᠭᠡᠭᠡᠯᠲᠡᠶ᠋ᠢᠨ ᠲᠣᠭᠣᠷᠢᠭ ᠵᠡᠷᠬᠡ
8 ᠬᠣᠱᠢᠭᠤ ᠱᠢᠶᠠᠨ ᠲᠣᠭᠣᠷᠢᠭᠤᠨ
ᠳᠠᠯᠠᠩ ᠪᠠᠯᠭᠠᠰᠤ᠂ ᠮᠡᠯᠡᠬᠡᠢᠲᠦ ᠪᠠᠯᠭᠠᠰᠤ᠂ ᠹᠧᠩ ᠲᠢᠶᠠᠨ ᠪᠠᠯᠭᠠᠰᠤ ᠵᠡᠷᠬᠡ 50 ᠰᠤᠮᠤ ᠪᠠᠯᠭᠠᠰᠤ ᠬᠦᠨᠳᠤ
ᠨᠤᠴᠢᠳᠠᠢ ᠭᠠᠮᠱᠢᠭ᠍ᠳᠠᠵᠤ᠂ 11 ᠰᠠᠷᠠᠶ᠋ᠢᠨ 8 ᠤ᠋ ᠡᠳᠦᠷᠦᠨ 16 ᠴᠠᠭ 30
ᠮᠢᠨᠥ᠋ᠲ ᠪᠣᠯᠲᠠᠯ᠎ᠠ᠂
ᠭᠠᠮᠱᠢᠬ᠍ᠳᠠᠬ᠍ᠰᠠᠨ ᠬᠥᠮᠥᠨ ᠠᠮᠠ ᠵᠢᠨ ᠳᠤᠭ᠎ᠠ 5609 ᠳ᠋ᠤ ᠬᠥᠷᠴᠥ᠍᠂ ᠠᠵᠤ ᠠᠬᠤᠶᠶ᠋ᠢᠨ ᠱᠢᠭᠤᠳ ᠬᠣᠬᠢᠷᠠᠯ
3446.53 ᠲᠥᠮᠡᠨ ᠲᠥᠭᠥᠷᠢᠭ ᠲᠤ᠌
ᠬᠦᠷᠴᠡᠢ᠃
ᠨᠠᠷᠢᠨ
ᠪᠦᠷᠢᠳᠬᠡᠯᠢ ᠦᠨᠳᠦᠰᠦᠯᠡᠪᠡᠯ᠂ 8 ᠤ᠋ ᠡᠳᠦᠷᠤᠨ 16 ᠴᠠᠭ 30 ᠮᠢᠨᠦ᠋ᠲ ᠪᠤᠯᠳᠠᠯ᠎ᠠ᠂
1 ᠬᠦᠮᠦᠨ ᠡᠨᠳᠡᠵᠤ᠂ 176 ᠳᠡᠵᠢᠭᠡᠪᠥᠷᠢ(7 ᠭᠠᠬᠠᠢ᠂ 56 ᠥᠭᠡᠷ᠂ 113 ᠬᠤᠨᠢ)ᠡᠨᠳᠡᠪᠡ; 2245 ᠬᠠᠱᠢᠶᠠ ᠰᠠᠷᠠᠪᠴᠢ ᠡᠪᠳᠡᠭ᠌ᠳᠡᠵᠦ᠍᠂ 17 ᠡᠪᠡᠰᠦ ᠪᠣᠷᠳᠣᠭᠠᠨᠤ
ᠬᠥᠮᠥᠷᠭᠡ᠂ 98 ᠰᠠᠭᠤᠷᠢ ᠫᠧᠩ᠂ 62 ᠭᠡᠷ ᠡᠪᠳᠡᠭ᠌ᠳᠡᠵᠠᠢ; 1 ᠥᠢᠯᠡᠳᠪᠥᠷᠢ ᠵᠢᠨ ᠭᠡᠷ᠂ 1 ᠳᠤᠭᠤᠢ ᠳᠡᠷᠭᠡᠨᠤ
ᠫᠧᠩ᠂ 1 ᠴᠡᠩᠬᠡᠯᠤᠨ ᠭᠠᠵᠠᠷᠤᠨ
ᠫᠧᠩ ᠡᠪᠳᠡᠭ᠌ᠳᠡᠵᠤ᠂ ᠵᠢᠶᠠᠨ ᠠᠨ ᠡᠮᠨᠡᠯᠭᠡ ᠵᠢᠨ ᠬᠤᠷᠢᠶᠠᠨᠤ ᠡᠭᠥᠳᠡᠨ ᠡᠮᠨᠡᠯᠭᠡ ᠵᠢᠨ ᠶᠡᠬᠡ ᠲᠢᠩᠬᠢᠮ ᠨᠢ
500 ᠲᠡᠭ᠌ᠰᠢ ᠳᠥᠷᠪᠡᠯᠵᠢᠨ
ᠮᠧᠲᠷ ᠡᠪᠳᠡᠭ᠌ᠳᠡᠪᠡ᠃
ᠲᠦᠩᠯᠢᠶᠤᠤ
ᠬᠤᠳᠠ ᠵᠢᠨ ᠪᠠᠴᠢᠮ ᠪᠠᠢᠳᠠᠯᠢ ᠠᠷᠭᠠᠴᠠᠭᠠᠬᠤ᠂ ᠵᠠᠮ ᠬᠠᠷᠢᠯᠴᠠᠭ᠎ᠠ᠂ ᠰᠤᠷᠭᠠᠨ ᠬᠦᠮᠦᠵᠢᠯ᠂ ᠤᠷᠤᠨ ᠰᠠᠭᠤᠴᠠ
ᠪᠠ ᠬᠤᠳᠠ ᠬᠦᠳᠡᠬᠡ ᠵᠢᠨ ᠪᠦᠳᠦᠬᠡᠨ ᠪᠠᠢᠭᠤᠯᠤᠯᠳᠠ ᠵᠡᠷᠬᠡ ᠰᠠᠯᠠᠭ᠎ᠠ ᠮᠦᠴᠢᠷ ᠡᠴᠡ ᠪᠠᠴᠢᠮ ᠪᠠᠢᠳᠠᠯᠢ ᠠᠷᠭᠠᠴᠠᠭᠠᠬᠤ
ᠲᠦᠰᠦᠯᠢ ᠬᠡᠷᠡᠭᠵᠢᠬᠦᠯᠵᠤ᠂ 7ᠤ᠋ ᠡᠳᠦᠷ ᠡᠴᠡ ᠡᠬᠢᠯᠠᠨ ᠲᠦᠩᠯᠢᠶᠤᠤ ᠬᠤᠳᠠ ᠵᠢᠨ ᠤᠯᠠᠩᠬᠢ ᠲᠤᠮᠳᠠᠳᠤ ᠪᠠᠭ᠎ᠠ ᠰᠤᠷᠭᠠᠭᠤᠯᠢ
ᠪᠠ ᠴᠡᠴᠡᠷᠯᠢᠭ ᠬᠢᠴᠢᠶᠠᠯ ᠵᠤᠬᠰᠤᠵᠤ᠂ ᠲᠦᠩᠯᠢᠶᠤᠤ ᠬᠤᠳᠠ ᠵᠢᠨ ᠬᠠᠷᠢᠶᠠᠨ ᠳ᠋ᠡᠬᠢ G45᠂ G2511᠂ G25 ᠵᠡᠷᠬᠡ ᠲᠦᠷᠭᠡᠨᠤ ᠵᠠᠰᠠᠮᠠᠯ ᠵᠠᠮᠢ ᠲᠦᠷ ᠴᠠᠭ ᠬᠠᠭᠠᠵᠠᠢ᠃
ᠤᠳᠤᠬᠠᠨ
ᠳ᠋ᠤ᠂ ᠲᠤᠰ ᠬᠤᠲᠠ ᠵᠢᠨ ᠬᠠᠮᠢᠶ᠎ᠠ ᠪᠦᠬᠦᠢ ᠰᠠᠯᠠᠭ᠎ᠠ ᠮᠦᠴᠢᠷ ᠡᠴᠡ ᠠᠵᠤ ᠠᠬᠤᠢ ᠵᠢᠨ ᠬᠤᠬᠢᠷᠠᠯᠢ ᠴᠢᠨᠠᠬᠰᠢᠳᠠ
ᠪᠥᠷᠢᠳᠭᠡᠬᠥ᠌ ᠵᠢᠨ ᠬᠠᠮᠳᠤ ᠪᠥᠬᠥ᠌ ᠬᠤᠳᠠ ᠵᠢᠨ ᠺᠠᠳ᠋ᠷ ᠤᠯᠠᠨ ᠲᠥᠮᠡᠨ ᠭᠠᠮᠱᠢᠬ ᠲᠠᠢ ᠳᠡᠮᠡᠴᠡᠵᠤ ᠭᠠᠮᠱᠢᠬ
ᠡᠴᠡ ᠠᠪᠤᠷᠠᠬᠤ ᠠᠵᠢᠯᠢ ᠪᠦᠬᠦ ᠬᠦᠴᠦᠨᠢᠶᠡᠷᠢᠶᠡᠨ ᠠᠬᠢᠭᠤᠯᠵᠤ ᠪᠤᠢ᠃