12 ᠰᠠᠷ᠎ᠠ᠎ᠶ᠋ᠢᠨ
8 ᠤ᠋ ᠡᠳᠦᠷ ᠂ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ ᠪᠦᠬᠦᠳᠡ
ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠰᠢᠯᠠᠭᠤᠯᠬᠤ ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ
ᠲᠠᠢᠯᠪᠤᠷᠢᠯᠠᠬᠤ ᠪᠦᠯᠬᠦᠮ ᠤᠷᠳᠤᠰᠬᠤᠲᠠ ᠳᠦ ᠤᠬᠠᠭᠤᠯᠤᠨ ᠲᠠᠢᠯᠪᠤᠷᠢᠯᠠᠪᠠ᠃
ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ ᠲᠠᠢᠯᠪᠤᠷᠢᠯᠠᠬᠤ ᠪᠦᠯᠬᠦᠮ᠎ᠦᠨ
ᠪᠦᠷᠢᠯᠳᠦᠬᠦᠨ᠂ ᠥᠪᠡᠷᠲᠡᠭᠡᠨ ᠵᠠᠰᠠᠬᠤ ᠣᠷᠣᠨ᠎ᠤ ᠨᠡᠢᠭᠡᠮ᠎ᠦᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠳᠡᠳ᠋
ᠳᠠᠷᠤᠭ᠎ᠠ ᠪᠦᠦ ᠰᠡᠴᠡᠨ《ᠲᠡᠦᠬᠡ᠎ᠪᠡᠷ
ᠲᠤᠯᠢ ᠪᠣᠯᠭᠠᠵᠦ᠂ ᠢᠷᠡᠭᠡᠳᠦᠶ᠎ᠶ᠋ᠢ ᠴᠤᠭᠴᠠᠯᠠᠨ᠂ ᠱᠢᠨ᠎ᠡ ᠴᠠᠭ ᠦᠶ᠎ᠡ ᠱᠢᠨ᠎ᠡ ᠠᠶᠠᠨ᠎ᠳᠤ ᠱᠢᠨ᠎ᠡ ᠬᠠᠭᠤᠳᠠᠰᠤ᠎ᠶ᠋ᠢ
ᠴᠢᠷᠮᠠᠢᠨ ᠪᠢᠴᠢᠭ᠌ᠯᠡᠶ᠎ᠡ》 ᠭᠡᠬᠦ᠌ ᠰᠡᠳᠦᠪᠵᠢᠡᠷ᠂
ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ ᠪᠥᠬᠥᠳᠡ ᠬᠤᠷᠠᠯ᠎ᠤᠨ ᠵᠣᠷᠢᠭ
ᠰᠠᠨᠠᠭ᠎ᠠ ᠪᠠ ᠪᠥᠬᠥᠳᠡ ᠬᠤᠷᠠᠯ᠎ᠠᠴᠠ ᠬᠢᠨᠠᠨ ᠵᠥᠪᠯᠡᠵᠦ᠍ ᠪᠠᠲᠤᠯᠠᠭ᠍ᠰᠠᠨ《ᠨᠠᠮ᠎ᠤᠨ ᠵᠠᠭᠤᠨ ᠵᠢᠯ᠎ᠦᠨ ᠲᠡᠮᠡᠴᠡᠯ᠎ᠦᠨ ᠴᠢᠬᠤᠯᠠ ᠶᠡᠬᠡ ᠠᠮᠵᠢᠯᠲᠠ ᠪᠠ ᠲᠡᠦᠬᠡ᠎ᠶ᠋ᠢᠨ ᠲᠤᠷᠱᠢᠯᠭ᠎ᠠ᠎ᠶ᠋ᠢᠨ
ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠱᠢᠶ᠋ᠳᠪᠦᠷᠢ 》᠎ᠶ᠋ᠢᠨ ᠲᠣᠭᠣᠷᠢᠨ᠎ᠳᠤ᠂ ᠪᠦᠬᠦ᠌ ᠲᠠᠯ᠎ᠠ ᠪᠠ ᠪᠠᠢᠯᠳᠤᠬᠤ ᠪᠤᠳᠤᠯᠭ᠎ᠠ᠎ᠶ᠋ᠢᠨ ᠦᠨᠳᠦᠷᠴᠡ ᠡᠴᠡ ᠨᠠᠮ᠎ᠤᠨ
ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ ᠪᠦᠬᠦᠳᠠ ᠬᠤᠷᠠᠯ᠎ᠤᠨ ᠴᠢᠬᠤᠯᠠ ᠶᠡᠬᠡ
ᠠᠴᠢ ᠬᠣᠯᠪᠣᠭ᠍ᠳᠠᠯ᠎ᠢ ᠭᠦᠨᠵᠡᠭᠡᠢ ᠲᠠᠨᠢᠵᠤ᠂ ᠪᠥᠬᠥᠳᠡ ᠬᠤᠷᠠᠯ᠎ᠤᠨ ᠪᠠᠶᠠᠯᠢᠭ ᠠᠭᠤᠯᠤᠭ᠍ᠳᠠᠬᠤᠨ ᠪᠠ ᠭᠤᠤᠯ ᠠᠭᠤᠯᠭ᠎ᠠ᠎ᠶ᠋ᠢ
ᠭᠦᠨᠵᠡᠭᠡᠶ ᠣᠢᠯᠠᠭᠠᠨ᠂ ᠥᠪᠡᠷᠲᠡᠭᠡᠨ ᠵᠠᠰᠠᠬᠤ ᠣᠷᠣᠨ᠎ᠤ ᠠᠷᠪᠠᠨ ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ
ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠰᠢᠯᠠᠭᠤᠯᠬᠤ᠂ ᠪᠥᠬᠥᠳᠡ ᠬᠤᠷᠠᠯ᠎ᠤᠨ
ᠵᠣᠷᠢᠭ ᠰᠠᠨᠠᠭ᠎ᠠ᠎ᠶ᠋ᠢ ᠥᠪᠥᠷ ᠮᠣᠩᠭᠣᠯ᠎ᠤᠨ ᠪᠣᠳᠠᠲᠠᠶ᠎ᠳᠤ ᠨᠠᠢᠳᠠᠪᠤᠷᠢᠵᠢᠭᠤᠯᠬᠤ᠎ᠶ᠋ᠢ ᠯᠠᠪᠳᠠᠭᠤᠨ ᠪᠠᠲᠤᠲᠠᠶ
ᠠᠬᠢᠭᠤᠯᠬᠤ ᠵᠡᠷᠭᠡ ᠲᠠᠯ᠎ᠠ᠎ᠪᠠᠷ ᠱᠢᠰᠲ᠋ᠧᠮ᠎ᠲᠡᠶ ᠲᠣᠳᠣᠷᠬᠠᠢᠯᠠᠨ ᠥᠭᠦᠯᠡᠭ᠌ᠰᠡᠨ ᠪᠥᠭᠡᠳ ᠭᠦᠨᠵᠡᠭᠡᠶ ᠲᠠᠢᠯᠤᠮᠵᠢ
ᠬᠢᠪᠠ᠃
ᠮᠡᠳᠡᠭᠦᠯᠦᠯᠲᠡ᠎ᠶ᠋ᠢᠨ ᠭᠤᠤᠯ ᠰᠡᠳᠦᠪ ᠢᠯᠡ ᠲᠣᠳᠣ᠂ ᠠᠭᠤᠯᠤᠭ᠍ᠳᠠᠬᠤᠨ
ᠡᠯᠪᠡᠭ ᠪᠠᠶᠠᠯᠢᠭ᠂ ᠭᠦᠨᠵᠡᠭᠡᠶ ᠪᠥᠭᠡᠳ ᠣᠢᠯᠠᠭᠠᠮᠵᠢᠲᠠᠶ᠂ ᠤᠯᠤᠰ ᠲᠥᠷᠥ᠎ᠶ᠋ᠢᠨ ᠦᠨᠳᠦᠷᠴᠡ ᠪᠠ ᠣᠨᠣᠯ᠎ᠤᠨ
ᠭᠦᠨᠴᠡ᠎ᠲᠡᠶ ᠪᠠᠢᠵᠤ ᠂ ᠣᠷᠳᠣᠰᠬᠤᠲᠠ ᠵᠢᠨ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ
ᠵᠢᠷᠭᠤᠳᠤᠭᠠᠷ ᠪᠥᠬᠥᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠲᠤᠭᠤᠱᠢᠯᠠᠭᠤᠯᠬᠤ ᠂ ᠥᠪᠡᠷᠲᠡᠭᠡᠨ
ᠵᠠᠰᠠᠬᠤ ᠣᠷᠣᠨ᠎ᠤ ᠠᠷᠪᠠᠨ ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ
ᠵᠣᠷᠢᠭ ᠰᠠᠨᠠᠭ᠎ᠠ᠎ᠶ᠋ᠢ ᠭᠦᠨᠵᠡᠭᠡᠶ ᠰᠤᠷᠤᠯᠴᠠᠨ ᠤᠬᠠᠭᠤᠯᠬᠤ᠎ᠳᠤ ᠨᠢᠭᠡ ᠤᠳᠠᠭᠠᠨ᠎ᠤ ᠴᠢᠨᠠᠷ ᠰᠠᠢᠲᠠᠶ ᠬᠠᠪᠰᠤᠷᠤᠨ
ᠵᠢᠯᠣᠭᠣᠳᠣᠯᠭ᠎ᠠ ᠬᠢᠪᠠ᠃
ᠣᠷᠳᠣᠰᠬᠤᠲᠠ ᠵᠢᠨ ᠠᠮᠢ ᠠᠬᠤᠶ ᠣᠷᠴᠢᠨ ᠲᠣᠭᠣᠷᠢᠨ᠎ᠤ ᠠᠵᠢᠯ ᠮᠡᠷᠭᠡᠵᠢᠯ᠎ᠦᠨ
ᠳᠡᠭᠡᠳᠦ ᠰᠤᠷᠭᠠᠭᠤᠯᠢ᠎ᠶ᠋ᠢᠨ ᠮᠠᠷᠺᠰ᠎ᠤᠨ ᠦᠵᠡᠯ᠎ᠦᠨ ᠵᠢᠭᠠᠨ ᠰᠤᠳᠤᠯᠬᠤ ᠲᠠᠰᠤᠭ᠎ᠤᠨ ᠪᠠᠭ᠍ᠰᠢ ᠯᠢ ᠶᠠ ᠨᠠ ᠤᠬᠠᠭᠤᠯᠤᠨ
ᠲᠠᠢᠯᠪᠤᠷᠢᠯᠠᠬᠤ ᠮᠡᠳᠡᠭᠦᠯᠦᠯᠲᠡ᠎ᠶ᠋ᠢ ᠰᠣᠨᠣᠰᠤᠭ᠍ᠰᠠᠨ᠎ᠤ ᠳᠠᠷᠠᠭ᠎ᠠ ᠄ 《 ᠨᠠᠮ᠎ᠤᠨ ᠠᠷᠪᠠ
ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ ᠪᠥᠬᠥᠳᠡ ᠬᠤᠷᠠᠯ ᠪᠣᠯᠤᠨ ᠥᠪᠡᠷᠲᠡᠭᠡᠨ ᠵᠠᠰᠠᠬᠤ
ᠣᠷᠣᠨ᠎ᠤ ᠠᠷᠪᠠᠨ ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ
ᠰᠤᠷᠤᠯᠴᠠᠬᠤ᠎ᠪᠠᠷ ᠳᠡᠮᠵᠢᠨ᠂ ᠨᠠᠮᠠᠶ᠋ᠢ ᠳᠤᠮᠳᠠᠳᠤ ᠤᠯᠤᠰ᠎ᠤᠨ ᠣᠨᠴᠠᠯᠢᠭ᠎ᠲᠠᠶ ᠨᠡᠢᠭᠡᠮ ᠵᠢᠷᠤᠮ᠎ᠤᠨ ᠵᠠᠮ ᠂
ᠣᠨᠣᠯ ᠂ ᠪᠠᠢᠭᠤᠯᠤᠯ ᠂ ᠰᠣᠶᠣᠯ᠎ᠳᠤ ᠨᠠᠩ ᠢᠲᠡᠭᠡᠯ᠎ᠲᠡᠶ ᠪᠣᠯᠭᠠᠵᠤ᠂ ᠥᠪᠥᠷ ᠮᠣᠩᠭᠣᠯ᠎ᠤᠨ ᠰᠠᠢᠨ ᠰᠠᠢᠬᠠᠨ ᠢᠷᠡᠭᠡᠳᠦᠶ᠎ᠳᠦ
ᠨᠠᠩ ᠢᠲᠡᠭᠡᠯ ᠲᠡᠭᠦᠯᠳᠡᠷ ᠪᠣᠯᠭᠠᠪᠠ᠃ ᠶᠡᠬᠡ ᠳᠡᠭᠡᠳᠦ ᠰᠤᠷᠭᠠᠭᠤᠯᠢ᠎ᠶ᠋ᠢᠨ ᠪᠠᠭ᠍ᠰᠢ ᠪᠣᠯᠤᠭ᠍ᠰᠠᠨ᠎ᠤ ᠬᠤᠪᠢ᠎ᠳᠤ
᠂ ᠪᠢ ᠬᠤᠷᠠᠯ᠎ᠤᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ ᠭᠦᠨᠵᠡᠭᠡᠢ ᠣᠢᠯᠠᠭᠠᠬᠤ᠎ᠶ᠋ᠢᠨ
ᠬᠠᠮᠲᠤ ᠰᠤᠷᠤᠭ᠍ᠴᠢᠳ᠎ᠲᠠᠭᠠᠨ ᠤᠯᠠᠮᠵᠢᠯᠠᠵᠤ ᠂ ᠪᠣᠳᠠᠲᠤ ᠠᠵᠢᠯᠯᠠᠭ᠎ᠠ᠎ᠪᠠᠷ᠎ᠢᠶᠠᠨ ᠪᠦᠬᠦᠳᠠ ᠬᠤᠷᠠᠯ᠎ᠤᠨ ᠵᠣᠷᠢᠭ
ᠰᠠᠨᠠᠭ᠎ᠠ᠎ᠶ᠋ᠢ ᠡᠳᠦᠷ ᠲᠤᠳᠤᠮ᠎ᠤᠨ ᠠᠵᠢᠯ᠎ᠳᠠᠭᠠᠨ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠨᠡᠢᠭᠡᠮ ᠵᠢᠷᠤᠮᠳᠤ
ᠣᠳᠣᠬᠢᠴᠢᠯᠠᠭ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ᠎ᠳᠤ ᠦᠵᠡᠭᠦᠯᠪᠡᠰᠦ ᠵᠣᠬᠢᠬᠤ ᠬᠤᠪᠢ
ᠨᠡᠮᠡᠷᠢ᠎ᠪᠡᠨ ᠦᠵᠡᠭᠦᠯᠦᠨ᠎ᠡ》ᠭᠡᠵᠦ ᠵᠤᠷᠢᠭ
ᠵᠢᠡᠨ ᠢᠯᠡᠳᠭᠡᠪᠡ᠃
《ᠪᠦᠦ ᠰᠡᠴᠡᠨ ᠪᠠᠭᠰᠢ᠎ᠶ᠋ᠢᠨ ᠤᠬᠠᠭᠤᠯᠤᠨ ᠲᠠᠢᠯᠪᠤᠷᠢᠯᠠᠬᠤ᠎ᠶ᠋ᠢ ᠰᠣᠨᠣᠰᠤᠭᠠᠳ ᠪᠢ ᠲᠤᠩ ᠶᠡᠬᠡ
ᠣᠯᠤᠯᠲᠠ᠎ᠲᠠᠶ᠂ ᠮᠠᠰᠢ ᠶᠡᠬᠡ ᠵᠣᠷᠢᠭ᠍ᠵᠢᠭᠤᠯᠤᠯ ᠣᠯᠵᠠᠢ᠃ ᠣᠷᠳᠣᠰ ᠬᠣᠲᠠ᠎ᠶ᠋ᠢᠨ ᠬᠥᠳᠡᠭᠡ ᠲᠣᠰᠭᠣᠨ᠎ᠢ ᠬᠥᠭ᠌ᠵᠢᠭᠦᠯᠦᠨ
ᠮᠠᠨᠳᠤᠭᠤᠯᠬᠤ ᠲᠣᠪᠴᠢᠶ᠎ᠠ ᠬᠣᠶᠠᠷ ᠬᠤᠷᠠᠯ᠎ᠤᠨ ᠵᠣᠷᠢᠭ ᠰᠠᠨᠠᠭ᠎ᠠ᠎ᠶ᠋ᠢ ᠪᠥᠬᠥ᠌ ᠲᠠᠯ᠎ᠠ᠎ᠪᠠᠷ ᠲᠤᠭᠤᠱᠢᠯᠠᠭᠤᠯᠤᠨ
ᠨᠠᠢᠳᠠᠪᠤᠷᠢᠵᠢᠭᠤᠯᠵᠤ ᠂ ᠠᠮᠢ ᠠᠬᠤᠶ᠎ᠶ᠋ᠢ ᠤᠷᠢᠳ᠎ᠢᠶᠠᠷ ᠪᠣᠳᠣᠯᠬᠢᠯᠠᠬᠤ ᠪᠣᠬᠢᠷᠲᠤᠯ ᠥᠬᠡᠶ ᠬᠥᠭ᠌ᠵᠢᠭᠦᠯᠬᠦ᠌ ᠵᠠᠮ᠎ᠢᠶᠠᠷ ᠡᠷᠡᠰ ᠭᠤᠢᠪᠢᠰᠢ
ᠥᠬᠡᠶ ᠵᠠᠮᠨᠠᠵᠤ ᠂ ᠬᠥᠳᠡᠭᠡ ᠲᠣᠰᠭᠣᠨ᠎ᠤ ᠲᠠᠪᠤᠨ ᠶᠡᠬᠡ ᠬᠥᠭ᠌ᠵᠢᠯ ᠮᠠᠨᠳᠤᠯ᠎ᠢ ᠪᠥᠬᠥ᠌ ᠲᠠᠯ᠎ᠠ᠎ᠪᠠᠷ ᠠᠬᠢᠭᠤᠯᠤᠨ᠂ ᠠᠵᠤ ᠦᠶ᠋ᠯᠡᠳᠪᠦᠷᠢ᠎ᠪᠡᠷ ᠲᠠᠷᠢᠶᠠᠯᠠᠩ᠎ᠢ ᠣᠷᠣᠯᠠᠭᠤᠯᠬᠤ ᠂ ᠬᠣᠲᠠ᠎ᠪᠠᠷ ᠬᠥᠳᠡᠭᠡ ᠲᠣᠰᠭᠣᠨ᠎ᠢ ᠠᠬᠢᠭᠤᠯᠬᠤ᠎ᠪᠠᠷ
ᠳᠠᠮᠵᠢᠭᠤᠯᠤᠨ ᠂ ᠬᠥᠳᠡᠭᠡ ᠲᠣᠰᠭᠣᠨ᠎ᠤ ᠠᠵᠤ ᠦᠶ᠋ᠯᠡᠰ ᠂ ᠠᠮᠢ ᠠᠬᠤᠶ ᠂ ᠰᠣᠶᠣᠯ ᠪᠣᠯᠤᠨ ᠵᠠᠰᠠᠯᠲᠠ᠎ᠶ᠋ᠢᠨ ᠪᠦᠲᠦᠴᠡ᠎ᠶ᠋ᠢ
ᠳᠠᠬᠢᠨ ᠴᠣᠭ᠍ᠴᠠᠯᠠᠵᠤ ᠂ ᠪᠥᠬᠥ᠌ ᠣᠷᠣᠨ᠎ᠤ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠥᠯᠢᠭᠡᠷ ᠳᠠᠭᠤᠷᠢᠶᠠᠯ᠎ᠢ
ᠪᠣᠶ ᠪᠤᠯᠭᠠᠨ᠎ᠠ》 ᠭᠡᠵᠦ᠍ ᠤᠷᠳᠤᠰ
ᠬᠤᠳᠠ᠎ᠶ᠋ᠢᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠲᠣᠪᠴᠢᠶᠠᠨ᠎ᠤ ᠳᠡᠳ᠋ ᠳᠠᠷᠤᠭ᠎ᠠ ᠯᠢᠦ ᠬᠠᠢ
ᠵᠢᠶᠦ᠋ᠨ ᠬᠡᠯᠡᠪᠡ᠃
ᠣᠷᠳᠣᠰ ᠬᠣᠲᠠ᠎ᠶ᠋ᠢᠨ ᠨᠠᠮ᠎ᠤᠨ ᠬᠤᠷᠢᠶ᠎ᠠ ᠵᠢᠨ ᠣᠨᠣᠯ᠎ᠤᠨ ᠯᠧᠺᠲ᠋ᠣᠷ᠎ᠤᠨ
ᠪᠦᠯᠬᠦᠮ᠎ᠦᠨ ᠳᠠᠷᠤᠭ᠎ᠠ ᠸᠠᠩ ᠢᠦᠶ ᠬᠣᠩ ᠮᠡᠳᠡᠭᠦᠯᠦᠯᠲᠡ᠎ᠶ᠋ᠢ ᠪᠥᠬᠥᠨ᠎ᠢ ᠰᠣᠨᠣᠰᠤᠭ᠍ᠰᠠᠨᠪᠦᠭᠡᠳ ᠨᠠᠷᠢᠨ ᠬᠢᠨᠠᠮᠠᠭᠠᠶ
ᠲᠡᠮᠳᠡᠭ᠌ᠯᠡᠯ ᠬᠢᠪᠡ᠂ ᠲᠡᠷᠡ᠄《ᠣᠷᠳᠣᠰ ᠬᠣᠲᠠ᠎ᠶ᠋ᠢᠨ
ᠨᠠᠮ᠎ᠤᠨ ᠬᠤᠷᠢᠶ᠎ᠠ ᠵᠢᠨ ᠤᠬᠠᠭᠤᠯᠤᠨ ᠲᠠᠢᠯᠪᠤᠷᠢᠯᠠᠬᠤ ᠪᠦᠯᠬᠦᠮ᠎ᠦᠨ ᠪᠦᠷᠢᠯᠳᠦᠬᠦᠨ ᠪᠣᠯᠤᠭ᠍ᠰᠠᠨ᠎ᠤ ᠬᠤᠪᠢ᠎ᠳᠤ
᠂ ᠤᠬᠠᠭᠤᠯᠤᠨ ᠲᠠᠢᠯᠪᠤᠷᠢᠯᠠᠬᠤ᠎ᠶ᠋ᠢ ᠰᠣᠨᠣᠰᠤᠭ᠍ᠰᠠᠨ᠎ᠤ ᠳᠠᠷᠠᠭ᠎ᠠ ᠪᠢ ᠮᠠᠨ᠎ᠤ ᠬᠣᠲᠠ᠎ᠶ᠋ᠢᠨ ᠤᠬᠠᠭᠤᠯᠤᠨ ᠲᠠᠢᠯᠪᠤᠷᠢᠯᠠᠬᠤ
ᠠᠵᠢᠯ᠎ᠢ ᠰᠠᠢᠲᠤᠷ ᠬᠢᠬᠦ᠌ ᠢᠲᠡᠭᠡᠯ ᠵᠣᠷᠢᠭ᠎ᠢᠶᠠᠨ ᠨᠠᠩ ᠪᠠᠲᠤᠳᠭᠠᠪᠠ᠃ ᠬᠣᠲᠠ᠎ᠶ᠋ᠢᠨ ᠨᠠᠮ᠎ᠤᠨ ᠬᠤᠷᠢᠶ᠎ᠠ ᠵᠢᠨ
ᠣᠨᠣᠯ᠎ᠤᠨ ᠯᠧᠺᠲ᠋ᠣᠷ᠎ᠤᠨ ᠪᠦᠯᠬᠦᠮ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ
ᠪᠥᠬᠥᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠠᠵᠤ ᠠᠬᠤᠢᠯᠠᠯ᠎ᠳᠤ ᠣᠷᠣᠭᠤᠯᠬᠤ ᠂ ᠬᠥᠳᠡᠭᠡ ᠲᠣᠰᠭᠣᠨ᠎ᠳᠤ ᠣᠷᠣᠭᠤᠯᠬᠤ᠂ ᠪᠠᠢᠭᠤᠯᠭ᠎ᠠ᠎ᠳᠤ ᠣᠷᠣᠭᠤᠯᠬᠤ᠂ ᠨᠡᠢᠭᠡᠮ ᠲᠣᠭᠣᠷᠢᠭ᠎ᠲᠤ ᠣᠷᠣᠭᠤᠯᠬᠤ ᠂ ᠰᠤᠷᠭᠠᠭᠤᠯᠢ᠎ᠳᠤ ᠣᠷᠣᠭᠤᠯᠬᠤ ᠂ ᠴᠡᠷᠢᠭ᠎ᠦᠨ
ᠬᠤᠸᠠᠷᠠᠨ᠎ᠳᠤ ᠣᠷᠣᠭᠤᠯᠬᠤ ᠂ ᠰᠦᠯᠵᠢᠶᠡᠨ᠎ᠳᠦ ᠣᠷᠣᠭᠤᠯᠬᠤ ᠱᠢᠷᠢᠰ ᠠᠵᠢᠯᠯᠠᠭ᠎ᠠ᠎ᠶ᠋ᠢ ᠯᠠᠪᠳᠠᠭᠤᠨ ᠪᠠᠲᠤᠲᠠᠶ
ᠥᠷᠨᠢᠭᠦᠯᠵᠦ᠍ ᠂ ᠵᠢᠵᠢᠭ ᠭᠠᠷᠳᠠᠴᠠ ᠪᠡᠷ ᠶᠡᠬᠡ ᠰᠡᠳᠦᠪ᠎ᠢ
ᠢᠯᠡᠷᠡᠭᠦᠯᠦᠨ᠂ ᠵᠢᠵᠢᠭ ᠥᠯᠢᠭᠡᠷ ᠵᠢᠡᠷ ᠶᠡᠬᠡ ᠶᠣᠰᠣ᠎ᠶ᠋ᠢ
ᠶᠠᠷᠢᠵᠤ ᠂ ᠨᠠᠮ᠎ᠤᠨ ᠱᠢᠨ᠎ᠡ᠎ᠶ᠋ᠢ ᠡᠭᠦᠳᠦᠭᠰᠡᠨ ᠣᠨᠣᠯ ᠢ᠋ ᠡᠬᠡᠯ ᠠᠷᠠᠳ᠎ᠲᠦ ᠤᠬᠠᠭᠤᠯᠤᠨ ᠲᠠᠢᠯᠪᠤᠷᠢᠯᠠᠬᠤ ᠶ᠋ᠢ
ᠦᠨᠡᠨ ᠬᠦ᠌ ᠠᠬᠢᠭᠤᠯᠤᠨ᠎ᠠ》ᠭᠡᠵᠦ ᠢᠳᠡᠭᠡᠯ
ᠲᠡᠭᠦᠯᠳᠡᠷ ᠬᠡᠯᠡᠪᠡ᠃
ᠦᠳᠡ᠎ᠶ᠋ᠢᠨ ᠬᠣᠢᠨ᠎ᠠ ᠨᠢ ᠂ ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ
ᠲᠠᠢᠯᠪᠤᠷᠢᠯᠠᠬᠤ ᠪᠦᠯᠬᠦᠮ᠎ᠦᠨ᠎ᠬᠢᠨ ᠡᠵᠡᠨ ᠬᠣᠷᠣᠭ᠎ᠠ ᠬᠣᠱᠢᠭᠤᠨ᠎ᠳᠤ ᠬᠦᠷᠴᠦ᠍ ᠂ ᠦᠪᠦᠷ ᠮᠣᠩᠭᠣᠯ ᠤᠨ ᠮᠧᠩ
ᠰᠦ᠍ ᠠᠵᠤ ᠠᠬᠤᠶ᠎ᠶ᠋ᠢᠨ ᠨᠡᠭᠡᠭᠡᠯᠲᠡ᠎ᠶ᠋ᠢᠨ ᠲᠣᠭᠣᠷᠢᠭ᠎ᠤᠨ ᠬᠠᠮᠢᠶᠠᠷᠤᠯᠲᠠ᠎ᠶ᠋ᠢᠨ ᠵᠥᠪᠯᠡᠯ ᠪᠣᠯᠤᠨ ᠶᠤᠸᠠᠨ
ᠵᠢᠩ ᠣᠲᠣ ᠦᠶ᠎ᠡ᠎ᠶ᠋ᠢᠨ ᠡᠨᠧᠷᠭᠢ᠎ᠶ᠋ᠢᠨ ᠲᠣᠨᠣᠭ᠍ᠯᠠᠯ᠎ᠤᠨ ᠠᠵᠤ ᠦᠶ᠋ᠯᠡᠰ᠎ᠦᠨ ᠲᠥᠷᠥᠯ ᠵᠦᠶ᠋ᠯ᠎ᠦᠨ ᠺᠠᠳ᠋ᠷ ᠠᠵᠢᠯᠲᠠᠳ᠎ᠲᠤ
ᠤᠬᠠᠭᠤᠯᠤᠨ ᠲᠠᠢᠯᠪᠤᠷᠢᠯᠠᠬᠤ ᠮᠡᠳᠡᠭᠦᠯᠦᠯᠲᠡ ᠬᠢᠭ᠌ᠰᠡᠨ ᠪᠥᠭᠡᠳ ᠰᠠᠨᠠᠯ᠎ᠢᠶᠠᠨ ᠰᠣᠯᠢᠯᠴᠠᠪᠠ᠃
ᠶᠤᠸᠠᠨ ᠵᠢᠩ ᠣᠲᠣ ᠦᠶ᠎ᠡ᠎ᠶ᠋ᠢᠨ ᠡᠨᠧᠷᠭᠢ᠎ᠶ᠋ᠢᠨ ᠲᠣᠨᠣᠭ᠍ᠯᠠᠯ᠎ᠤᠨ ᠠᠵᠤ
ᠦᠶ᠋ᠯᠡᠰ᠎ᠦᠨ ᠲᠥᠷᠥᠯ ᠵᠦᠶ᠋ᠯ᠎ᠦᠨ ᠠᠵᠢᠯᠲᠠᠨ ᠡᠴᠡ ᠄ 《ᠥᠪᠥᠷ ᠮᠣᠩᠭᠣᠯ᠎ᠳᠤ
ᠨᠤᠲᠤᠭ᠍ᠰᠢᠭ᠍ᠰᠠᠨ ᠱᠢᠨ᠎ᠡ ᠡᠨᠧᠷᠭᠢ᠎ᠶ᠋ᠢᠨ ᠠᠵᠤ ᠠᠬᠤᠢᠯᠠᠯ᠎ᠳᠤ ᠠᠪᠴᠤ᠌ ᠬᠡᠯᠡᠪᠡᠯ᠂ ᠪᠢᠳᠡ ᠬᠡᠷᠬᠢᠨ ᠲᠤᠬᠠᠶ᠎ᠶ᠋ᠢᠨ
ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ
ᠵᠢᠨ ᠵᠢᠷᠭᠤᠳᠤᠭᠠᠷ ᠪᠥᠬᠥᠳᠡ ᠬᠤᠷᠠᠯ᠎ᠤᠨ ᠵᠣᠷᠢᠭ ᠰᠠᠨᠠᠭ᠎ᠠ ᠪᠣᠯᠤᠨ ᠥᠪᠡᠷᠲᠡᠭᠡᠨ ᠵᠠᠰᠠᠬᠤ ᠣᠷᠣᠨ᠎ᠤ ᠠᠷᠪᠠᠨ
ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠠᠢᠲᠤᠷ
ᠲᠤᠭᠤᠱᠢᠯᠠᠭᠤᠯᠤᠨ ᠨᠠᠢᠳᠠᠪᠤᠷᠢᠵᠢᠭᠤᠯᠬᠤ ᠪᠣᠶ?》 ᠭᠡᠵᠦ ᠪᠦᠦ ᠰᠡᠴᠡᠨ
ᠡᠴᠡ ᠠᠰᠠᠭᠤᠭᠰᠠᠨ ᠳᠦᠲᠡᠷᠡ᠄ 《ᠥᠪᠥᠷ ᠮᠣᠩᠭᠣᠯ᠎ᠳᠤ
ᠱᠢᠨ᠎ᠡ᠎ᠪᠡᠷ ᠢᠷᠡᠵᠦ᠍ ᠰᠠᠭᠤᠷᠢᠱᠢᠭ᠍ᠰᠠᠨ ᠱᠢᠨ᠎ᠡ ᠡᠨᠧᠷᠭᠢ᠎ᠶ᠋ᠢᠨ ᠠᠵᠤ ᠠᠬᠤᠢᠯᠠᠯ ᠪᠣᠯᠤᠭ᠍ᠰᠠᠨ᠎ᠤ ᠬᠤᠪᠢ᠎ᠳᠤ
᠂ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶ᠎ᠠ ᠵᠢᠨ ᠵᠢᠷᠭᠤᠳᠤᠭᠠᠷ ᠪᠥᠬᠥᠳᠡ ᠬᠤᠷᠠᠯ᠎ᠤᠨ ᠵᠣᠷᠢᠭ
ᠰᠠᠨᠠᠭ᠎ᠠ᠎ᠶ᠋ᠢ ᠨᠠᠷᠢᠨ ᠬᠢᠨᠠᠮᠠᠭᠠᠶ ᠲᠤᠭᠤᠱᠢᠯᠠᠭᠤᠯᠤᠨ ᠨᠠᠢᠳᠠᠪᠤᠷᠢᠵᠢᠭᠤᠯᠵᠤ ᠂ ᠭᠤᠤᠯᠳᠠᠭᠤ ᠣᠭ ᠰᠠᠨᠠᠭ᠎ᠠ᠎ᠪᠠᠨ
ᠰᠠᠬᠢᠵᠤ᠂ ᠡᠭᠦᠷᠭᠡ ᠬᠠᠷᠢᠭᠤᠴᠠᠯᠭ᠎ᠠ᠎ᠪᠠᠨ ᠡᠭᠦᠷᠭᠡᠯᠡᠵᠦ᠍ ᠂ ᠦᠵᠡᠯ ᠰᠠᠨᠠᠭ᠎ᠠ ᠵᠣᠷᠢᠯᠲᠠ᠎ᠪᠠᠨ ᠨᠢᠭᠡᠳᠭᠡᠬᠦ᠌᠎ᠶ᠋ᠢᠨ
ᠬᠠᠮᠲᠤ ᠥᠪᠡᠷᠲᠡᠭᠡᠨ ᠵᠠᠰᠠᠬᠤ ᠣᠷᠣᠨ᠎ᠤ ᠠᠷᠪᠠᠨ ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ
ᠶᠡᠬᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠠᠢᠲᠤᠷ ᠲᠤᠭᠤᠱᠢᠯᠠᠭᠤᠯᠬᠤ ᠬᠡᠷᠡᠭ᠌ᠲᠡᠶ᠃ ᠥᠪᠡᠷᠲᠡᠭᠡᠨ ᠵᠠᠰᠠᠬᠤ
ᠣᠷᠣᠨ᠎ᠤ ᠠᠷᠪᠠᠨ ᠨᠢᠭᠡᠳᠦᠭᠡᠷ ᠤᠳᠠᠭ᠎ᠠ᠎ᠶ᠋ᠢᠨ ᠨᠠᠮ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠠᠴᠠ ᠬᠣᠢᠱᠢᠳᠠ᠎ᠶ᠋ᠢᠨ
ᠲᠠᠪᠤᠨ ᠵᠢᠯ᠎ᠳᠦ〈 ᠬᠣᠶᠠᠷ ᠰᠠᠭᠤᠷᠢᠨ〉 ᠢ᠋ ᠲᠦᠷᠭᠡᠳᠭᠡᠨ ᠪᠠᠢᠭᠤᠯᠬᠤ᠎ᠶ᠋ᠢ ᠲᠣᠳᠣᠷᠬᠠᠢ ᠲᠤᠷᠠᠳᠴᠠᠢ᠂ ᠥᠪᠥᠷ ᠮᠣᠩᠭᠣᠯ᠎ᠳᠤ ᠢᠷᠡᠵᠦ᠍
ᠨᠤᠳᠤᠭᠰᠢᠭᠰᠠᠨ ᠱᠢᠨ᠎ᠡ ᠡᠨᠧᠷᠭᠢ᠎ᠶ᠋ᠢᠨ ᠠᠵᠤ ᠦᠢᠯᠡᠰ᠎ᠦᠨ ᠴᠢᠬᠤᠯᠠ ᠠᠵᠤ ᠠᠬᠤᠢᠯᠠᠯ ᠪᠣᠯᠤᠭ᠍ᠰᠠᠨ᠎ᠤ ᠬᠤᠪᠢ᠎ᠳᠤ
᠂ ᠥᠪᠥᠷ ᠮᠣᠩᠭᠣᠯ᠎ᠤᠨ ᠱᠢᠨ᠎ᠡ ᠡᠨᠧᠷᠭᠢ᠎ᠶ᠋ᠢᠨ ᠠᠵᠤ ᠦᠢᠯᠡᠰ᠎ᠦᠨ ᠬᠥᠭ᠌ᠵᠢᠨ ᠪᠤᠵᠠᠭᠠᠢ᠌ᠷᠠᠬᠤ ᠶᠠᠪᠤᠴᠠ᠎ᠳᠤ ᠢᠳᠡᠪᠬᠢᠲᠡᠢ
ᠰᠠᠨᠠᠭᠠᠴᠢᠯᠠᠭ᠎ᠠ᠎ᠠᠴᠠ᠎ᠪᠠᠨ ᠣᠷᠣᠯᠴᠠᠵᠤ ᠂ ᠠᠵᠤ ᠦᠢᠯᠡᠰ᠎ᠦᠨ ᠬᠦᠳᠤᠯᠤᠨ ᠳᠠᠭᠠᠭᠤᠯᠬᠤ ᠲᠠᠯ᠎ᠠ᠎ᠪᠠᠷ ᠬᠢ ᠠᠵᠤ
ᠠᠬᠤᠢᠯᠠᠯ᠎ᠤᠨ ᠳᠠᠭᠠᠭᠤᠯᠬᠤ ᠦᠢᠯᠡᠳᠦᠯ ᠵᠢᠡᠨ ᠪᠠᠳᠠᠷᠠᠭᠤᠯᠵᠦ᠂ ᠥᠪᠥᠷ ᠮᠣᠩᠭᠣᠯ᠎ᠤᠨ ᠱᠢᠨ᠎ᠡ ᠡᠨᠧᠷᠭᠢ᠎ᠶ᠋ᠢᠨ
ᠠᠵᠤ ᠦᠢᠯᠡᠰ᠎ᠦᠨ ᠪᠦᠬᠦ᠌ ᠠᠵᠤ ᠦᠢᠯᠡᠰ᠎ᠦᠨ ᠬᠡᠯᠬᠢᠶ᠎ᠡ᠎ᠶ᠋ᠢᠨ ᠬᠥᠭ᠌ᠵᠢᠯᠲᠡ᠎ᠳᠦ ᠬᠤᠪᠢ ᠨᠡᠮᠡᠷᠢ ᠦᠵᠡᠭᠦᠯᠪᠡᠯ
ᠵᠣᠬᠢᠨ᠎ᠠ 》ᠭᠡᠵᠦ ᠬᠠᠷᠢᠭᠤᠯᠪᠠ᠃
ᠤᠬᠠᠭᠤᠯᠤᠨ ᠲᠠᠢᠯᠪᠤᠷᠢᠯᠠᠬᠤ ᠮᠡᠳᠡᠭᠦᠯᠦᠯᠲᠡ᠎ᠶ᠋ᠢᠨ ᠬᠤᠷᠠᠯ᠎ᠤᠨ ᠳᠠᠷᠠᠭ᠎ᠠ
᠂ ᠶᠤᠸᠠᠨ ᠵᠢᠩ ᠤᠳᠤ ᠦᠶ᠎ᠡ᠎ᠶ᠋ᠢᠨ ᠡᠨᠧᠷᠭᠢ᠎ᠶ᠋ᠢᠨ ᠲᠣᠨᠣᠭ᠍ᠯᠠᠯ᠎ᠤᠨ ᠠᠵᠤ ᠦᠢᠯᠡᠰ᠎ᠦᠨ ᠲᠦᠷᠦᠯ ᠵᠦᠢᠯ᠎ᠦᠨ ᠶᠡᠷᠦᠩᠬᠡᠢ
ᠪᠠᠢᠴᠠᠭᠠᠭᠴᠢ ᠹᠠᠨ ᠹᠸᠩ ᠳ᠋ᠧᠦ᠄ 《 ᠤᠬᠠᠭᠤᠯᠤᠨ ᠲᠠᠢᠯᠪᠤᠷᠢᠯᠠᠬᠤ
ᠮᠡᠳᠡᠭᠦᠯᠦᠯᠲᠡ᠎ᠶ᠋ᠢ ᠰᠣᠨᠣᠰᠤᠭᠠᠳ ᠪᠢ ᠶᠡᠬᠡᠳᠡ ᠵᠣᠷᠢᠭ᠍ᠵᠢᠪᠠ᠃ ᠥᠪᠥᠷ ᠮᠣᠩᠭᠣᠯ ᠡᠨᠧᠷᠭᠢ ᠪᠣᠯᠤᠨ ᠪᠠᠢᠯᠳᠤᠬᠤ
ᠪᠣᠳᠣᠯᠭ᠎ᠠ᠎ᠶ᠋ᠢᠨ ᠡᠬᠢ ᠪᠠᠶᠠᠯᠢᠭ᠎ᠤᠨ ᠰᠠᠭᠤᠷᠢᠨ᠎ᠤ ᠪᠣᠬᠢᠷᠲᠤᠯ ᠥᠬᠡᠶ ᠳᠤᠤᠷ᠎ᠠ ᠨᠡᠭᠦᠷᠡᠰᠦᠲᠥ᠋ᠷᠥᠭ᠌ᠴᠢᠲᠦ
ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠵᠤ᠂ ᠪᠥᠬᠥ᠌ ᠤᠯᠤᠰ ᠴᠢᠨᠠᠭ᠍ᠰᠢᠯᠠᠪᠠᠯ ᠣᠯᠠᠨ ᠤᠯᠤᠰ᠎ᠤᠨ ᠱᠢᠨ᠎ᠡ
ᠡᠨᠧᠷᠭᠢ᠎ᠶ᠋ᠢᠨ ᠠᠵᠤ ᠦᠶ᠋ᠯᠡᠰ᠎ᠦᠨ ᠥᠨᠳᠥᠷᠯᠢᠭ᠎ᠢ ᠴᠣᠭ᠍ᠴᠠᠯᠠᠬᠤ᠎ᠪᠠᠷ ᠪᠣᠶ᠃ ᠶᠤᠸᠠᠨ ᠵᠢᠩ ᠡᠨᠧᠷᠭᠢ᠎ᠨᠢ ᠣᠷᠳᠣᠰ᠎ᠲᠤ
ᠠᠩᠬᠠᠳᠠᠭ᠍ᠴᠢ ᠨᠡᠭᠦᠷᠡᠰᠦᠲᠥ᠋ᠷᠥᠭ᠌ᠴᠢ ᠦᠯᠦ ᠪᠠᠢᠬᠤ ᠠᠵᠤ ᠦᠶ᠋ᠯᠡᠰ᠎ᠦᠨ ᠬᠦᠷᠢᠶᠡᠯᠡᠩ᠎ᠢ ᠪᠠᠢᠭᠤᠯᠤᠭ᠍ᠰᠠᠨ ᠪᠥᠭᠡᠳ
ᠣᠯᠠᠨ ᠤᠯᠤᠰ᠎ᠤᠨ ᠪᠠᠷᠢᠮᠵᠢᠶ᠎ᠠ᠎ᠶ᠋ᠢ ᠡᠭᠦᠳᠪᠡ᠂ ᠪᠢᠳᠡ ᠨᠡᠭᠦᠷᠡᠰᠦᠲᠥ᠋ᠷᠥᠭ᠌ᠴᠢ ᠦᠯᠦ ᠪᠠᠢᠬᠤ ᠠᠵᠤ ᠦᠶ᠋ᠯᠡᠰ᠎ᠦᠨ
ᠬᠦᠷᠢᠶᠡᠯᠡᠩ᠎ᠢ ᠳᠡᠯᠡᠬᠡᠶ ᠳ᠋ᠠᠬᠢᠨ᠎ᠳᠤ ᠭᠠᠷᠭᠠᠵᠤ ᠂ ᠪᠣᠬᠢᠷᠲᠤᠯ ᠥᠬᠡᠶ ᠱᠢᠨ᠎ᠡ ᠠᠵᠤ ᠦᠶ᠋ᠯᠡᠳᠪᠦᠷᠢ᠎ᠶ᠋ᠢᠨ
ᠬᠤᠪᠢᠰᠭᠠᠯ᠎ᠢ ᠠᠬᠢᠭᠤᠯᠬᠤ ᠳᠦ ᠪᠠᠳᠤ ᠢᠲᠡᠭᠡᠯ᠎ᠲᠡᠶ ᠪᠠᠢᠨ᠎ᠠ》ᠭᠡᠪᠡ᠃