ᠬᠠᠷᠠᠴᠢᠨ ᠬᠣᠱᠢᠭᠤᠨ᠎ᠤ
ᠵᠢᠠ ᠱᠠᠠ ᠪᠠᠯᠭᠠᠰᠤᠠ ᠤ᠋ ᠡᠮᠡᠭᠡᠯ ᠠᠭᠤᠯᠠ ᠲᠣᠰᠭᠣᠨ᠎ᠤ ᠤᠯᠠᠨ ᠦᠨᠳᠦᠰᠦᠲᠡᠨ ᠠᠭᠤᠰᠤᠯᠴᠠᠭ᠍ᠰᠠᠨ ᠨᠡᠢᠲᠡᠯᠢᠭ
ᠭᠡᠷ ᠪᠦᠯᠢ ᠪᠤᠯᠤᠭ᠍ᠰᠠᠨ ᠵᠠᠩ ᠭᠦᠸᠧ ᠯᠢ᠎ᠶ᠋ᠢᠨ ᠭᠢᠨ ᠬᠦᠷᠢᠶᠡᠨ᠎ᠳᠡᠭᠡᠨ ᠬᠠᠮᠳᠤ ᠵᠢᠨ ᠰᠠᠭᠦᠳᠡᠷ ᠲᠠᠳᠠᠭᠤᠯᠤᠨᠠ᠃
《ᠵᠠ᠂ ᠪᠦᠭᠦᠲᠡᠭᠡᠷ ᠨᠠᠭᠠᠰᠢ ᠬᠠᠷᠠᠭᠠᠷᠠᠢ》ᠭᠡᠵᠦ᠍ ᠳᠤᠮᠳᠠᠳᠤ ᠤᠯᠤᠰ᠎ᠤᠨ ᠦᠨᠳᠦᠰᠦᠲᠡᠨ᠎ᠦ ᠵᠢᠷᠤᠭ᠍ᠲᠤ ᠰᠡᠳᠬᠦᠯ᠎ᠦᠨ ᠬᠣᠷᠢᠶᠠᠨ᠎ᠤ ᠰᠤᠷᠪᠤᠯᠵᠢᠯᠠᠭ᠍ᠴᠢ
ᠬᠠᠷᠠᠭᠠᠰᠤ ᠪᠠᠨ ᠲᠤᠭᠢᠷᠠᠭᠤᠯᠵᠤ᠂ ᠡᠨᠡ ᠬᠦ᠌ ᠪᠠᠶᠠᠷ ᠪᠠᠶᠠᠰᠤᠯᠳᠤ ᠲᠣᠮᠣ ᠬᠡᠷ ᠪᠦᠯᠢ᠎ᠶ᠋ᠢᠨ ᠵᠣᠯ ᠵᠢᠷᠭᠠᠯᠲᠤ
ᠬᠤᠷᠤᠮ ᠢ ᠪᠠᠶᠠᠷᠳᠠᠢᠬᠠᠨ ᠲᠡᠮᠳᠡᠭᠯᠡᠵᠤ ᠪᠢᠯᠡ᠃
ᠳᠥᠷᠪᠡᠨ ᠦᠶ᠎ᠡ᠎ᠪᠡᠷ᠎ᠢᠶᠡᠨ ᠬᠠᠮᠲᠤ ᠠᠮᠢᠳᠤᠷᠠᠵᠤ ᠪᠠᠢᠭ᠎ᠠ ᠣᠯᠠᠨ ᠦᠨᠳᠦᠰᠦᠲᠡᠨ
ᠲᠠᠢ ᠬᠡᠷ ᠪᠦᠯᠢ ᠪᠣᠯᠤᠭ᠍ᠰᠠᠨ᠎ᠤ ᠬᠤᠪᠢ᠎ᠳᠤ᠂ ᠵᠠᠩ ᠭᠦᠸᠧ ᠯᠢ᠎ᠶ᠋ᠢᠨ ᠬᠢᠠ ᠬᠠᠷᠠᠴᠢᠨ ᠬᠣᠱᠢᠭᠤᠨ᠎ᠤ ᠦᠨᠳᠦᠰᠦᠲᠡᠨ᠎ᠦ
ᠪᠦᠯᠬᠦᠮᠳᠡᠯ᠎ᠢ ᠬᠦᠴᠦᠯᠡᠨ ᠠᠬᠢᠭᠤᠯᠵᠤ ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠵᠢᠨ ᠤᠬᠠᠮᠰᠠᠷ᠎ᠢ
ᠪᠠᠲᠤ ᠴᠣᠭ᠍ᠴᠠᠯᠠᠭ᠍ᠰᠠᠨ ᠨᠢᠭᠡᠨ ᠬᠤᠷᠢᠶᠠᠩᠭᠤᠶ ᠵᠢᠷᠤᠭᠯᠠᠯ ᠪᠣᠯᠵᠡᠢ᠃ ᠣᠯᠠᠨ ᠵᠢᠯ᠎ᠦᠨ ᠲᠤᠷᠰᠢ᠂ ᠲᠤᠰ ᠬᠣᠱᠢᠭᠤ
ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠪᠠᠷ ᠭᠤᠤᠯ
ᠱᠢᠵᠢᠮ ᠪᠣᠯᠭᠠᠵᠤ᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠬᠣᠱᠢᠭᠤᠨ᠎ᠤ
ᠪᠥᠲᠥᠭᠡᠨ ᠪᠠᠢᠭᠤᠯᠤᠯᠲᠠ᠎ᠪᠠᠷ ᠠᠴᠢᠶᠠᠯᠠᠪᠤᠷᠢ ᠪᠣᠯᠭᠠᠵᠤ᠂ ᠦᠨᠳᠦᠰᠦᠲᠡᠨ᠎ᠦ ᠭᠠᠵᠠᠷ ᠣᠷᠣᠨ᠎ᠤ ᠬᠥᠭ᠌ᠵᠢᠯᠲᠡ ᠶ᠋ᠢ
ᠲᠦᠷᠭᠡᠳᠭᠡᠬᠦ᠌᠎ᠶ᠋ᠢ ᠪᠠᠷᠢᠮᠲᠠᠯᠠᠵᠤ᠂ ᠦᠨᠳᠦᠰᠦᠲᠡᠨ᠎ᠨᠦᠭᠦᠳ᠎ᠦᠨ ᠬᠠᠷᠢᠯᠴᠠᠭ᠎ᠠ ᠶᠠᠪᠤᠯᠴᠠᠭ᠎ᠠ ᠵᠢ ᠠᠬᠢᠭᠤᠯᠵᠤ᠂
ᠬᠠᠷᠢᠯᠴᠠᠨ ᠣᠢᠯᠠᠭᠠᠯᠴᠠᠵᠤ ᠬᠠᠷᠢᠯᠴᠠᠨ ᠬᠠᠢᠷᠠᠯᠠᠭᠰᠠᠨ ᠵᠢᠡᠷ ᠦᠨᠳᠦᠰᠦᠲᠡᠨ᠎ᠦ ᠪᠦᠯᠬᠦᠮᠳᠡᠯ᠎ᠦᠨ ᠴᠡᠴᠡᠭᠡᠰ
ᠬᠠᠷᠠᠴᠢᠨ᠎ᠤ ᠡᠬᠡ ᠭᠠᠵᠠᠷ ᠲᠤ᠌ ᠪᠠᠳᠠᠷᠠᠨ ᠳᠡᠯᠭᠡᠷᠡᠭᠰᠡᠨ ᠪᠠᠢ᠌ᠨ᠎ᠠ᠃
ᠠᠵᠤ ᠦᠢᠯᠡᠰ᠎ᠦᠨ ᠬᠥᠭ᠌ᠵᠢᠯᠲᠡ᠎ᠶ᠋ᠢ ᠴᠢᠬᠤᠯᠠᠴᠢᠯᠠᠵᠤ ᠦᠨᠳᠦᠰᠦᠲᠡᠨ ᠤ ᠪᠦᠯᠬᠦᠮᠳᠡᠯ᠎ᠦᠨ ᠬᠥᠭᠥᠷᠭᠡ᠎ᠶ᠋ᠢ ᠴᠤᠬᠴᠠᠯᠠᠪᠠ
《ᠮᠠᠨᠵᠤ ᠦᠨᠳᠦᠰᠦᠲᠡᠨ᠎ᠦ
ᠣᠨᠴᠠᠯᠢᠭ᠎ᠲᠠᠶ ᠡᠨᠡ ᠬᠥ᠌ ᠨᠠᠩᠭᠢ ᠪᠤᠤᠪᠤ ᠪᠢᠲᠡᠨ᠎ᠤ ᠪᠠᠶᠠᠵᠢᠯ᠎ᠤᠨ ᠵᠠᠮ᠎ᠢᠶᠠᠷ ᠵᠠᠮᠨᠠᠬᠤ ᠳ᠋ᠦ᠍ ᠶᠡᠬᠡ
ᠦᠢᠯᠡᠳᠦᠯ ᠦᠵᠡᠬᠦᠯᠦᠭ᠌ᠰᠡᠨ ᠱᠢᠦ》ᠭᠡᠵᠦ᠍ ᠠᠷᠪᠠᠨᠭᠡᠷ
ᠮᠠᠨᠵᠤ ᠦᠨᠳᠦᠰᠦᠲᠡᠨ᠎ᠦ ᠱᠢᠶᠠᠩ᠎ᠤᠨ ᠠᠷᠪᠠᠨᠭᠡᠷ ᠲᠣᠰᠭᠣᠨ᠎ᠤ ᠮᠦ᠍᠎ᠶ᠋ᠢᠨ ᠶᠠᠨ ᠪᠠᠶᠠᠷᠲᠠᠢᠬᠠᠨ ᠶᠠᠷᠢᠨ᠎ᠠ᠃
ᠤᠢ᠍ᠢᠷ᠎ᠠ᠎ᠶ᠋ᠢᠨ ᠵᠢᠯ᠂ ᠠᠷᠪᠠᠨᠭᠡᠷ ᠲᠣᠰᠭᠣᠨ ᠮᠠᠨᠵᠤ ᠦᠨᠳᠦᠰᠦᠲᠡᠨ᠎ᠦ
ᠤᠨᠴᠠᠯᠢᠬ᠍ᠳᠤ ᠲᠣᠰᠭᠣᠨ᠎ᠢ ᠪᠠᠢᠭᠤᠯᠬᠤ᠎ᠪᠠᠷ ᠠᠵᠠ ᠲᠣᠬᠢᠶᠠᠯ ᠪᠣᠯᠭᠠᠵᠤ᠂ ᠦᠪᠡᠷᠮᠢᠴᠡ ᠰᠣᠶᠣᠯ᠎ᠤᠨ ᠡᠬᠢ ᠪᠠᠶᠠᠯᠢᠭᠲᠠᠭᠠᠠ
ᠲᠦᠱᠢᠭ᠌ᠯᠡᠵᠦ᠍᠂ ᠮᠠᠨᠵᠤ ᠦᠨᠳᠦᠰᠦᠲᠡᠨ᠎ᠦ ᠤᠨᠴᠠᠯᠢᠬ᠍ᠳᠤ ᠠᠮᠲᠠᠲᠤ ᠢᠳᠡᠭᠡᠨ᠎ᠢ ᠶᠡᠬᠡ ᠪᠡᠷ ᠳᠡᠯᠭᠡᠷᠡᠭᠦᠯᠵᠦ᠍᠂
ᠪᠡᠭᠡᠵᠢᠩ᠂ ᠯᠢᠶᠣᠤᠨᠢᠩ᠂ ᠬᠠᠢᠨᠠᠨ ᠵᠡᠷᠭᠡ ᠭᠠᠵᠠᠷ᠎ᠤᠨ ᠭᠦᠮᠤᠰ᠎ᠤᠨ ᠲᠠᠭᠠᠱᠢᠶᠠᠯ᠎ᠢ ᠣᠯᠵᠤ᠂ ᠵᠢᠯ ᠪᠦᠷᠢ ᠮᠠᠨᠵᠤ
ᠦᠨᠳᠦᠰᠦᠲᠡᠨ᠎ᠦ ᠣᠷᠳᠣᠨ᠎ᠤ ᠨᠠᠩᠭᠢ ᠪᠤᠤᠪᠤ᠎ᠶ᠋ᠢ 15 ᠲᠦᠮᠡ ᠬᠢᠵᠦ᠍ ᠪᠤᠷᠤᠯᠠᠭᠤᠯᠤᠭᠠᠳ᠂ ᠴᠡᠪᠡᠷ ᠣᠷᠣᠯᠭ᠎ᠠ ᠨᠢ 5 ᠲᠦᠮᠡᠨ ᠲᠥᠭᠥᠷᠢᠭ᠎ᠢ ᠲᠠᠪᠠᠵᠤ ᠪᠠᠢᠨ᠎ᠠ᠃ ᠤᠨᠴᠠᠯᠢᠭ᠍ᠲᠤ
ᠠᠵᠤ ᠦᠢᠯᠡᠰ᠎ᠦᠨ ᠬᠦᠴᠦᠲᠡᠢ ᠲᠠᠢ᠌ᠴᠢᠯᠠᠯᠳᠠ ᠳ᠋ᠦ᠍ ᠲᠦᠱᠢᠭ᠌ᠯᠡᠨ᠂ ᠠᠷᠪᠡᠨᠭᠡᠷ ᠲᠣᠰᠭᠣᠨ᠎ᠤ ᠠᠷᠠᠳ᠎ᠤᠨ ᠤᠷᠤᠯᠭ᠎ᠠ
ᠨᠡᠮᠡᠭ᠌ᠲᠡᠨ᠂ ᠰᠣᠶᠣᠯ᠎ᠤᠨ ᠠᠮᠢᠳᠤᠷᠠᠯ ᠨᠡᠩ ᠪᠠᠶᠠᠯᠢᠭ᠍ᠵᠢᠵᠤ᠂
ᠪᠦᠬᠦ᠌ ᠲᠣᠰᠭᠣᠨ ᠳ᠋ᠦ᠍ ᠦᠨᠳᠦᠰᠦᠲᠡᠨ ᠨᠦ᠍ᠭᠦᠳ ᠪᠦᠯᠬᠦᠮᠳᠡᠯ ᠲᠠᠢ ᠡᠶ᠎ᠡ ᠵᠣᠬᠢᠴᠠᠩᠭᠤᠢ ᠰᠠᠢ᠌ᠨ ᠰᠠᠢᠬᠠᠨ ᠠᠭᠤᠷ
ᠠᠮᠢᠰᠭᠤᠯ ᠪᠦᠷᠢᠯᠳᠦᠪᠡ᠃
ᠭᠣᠣᠯᠯᠠᠬᠤ ᠠᠵᠤ ᠦᠢᠯᠡᠰ᠎ᠦᠨ ᠬᠥᠭ᠌ᠵᠢᠯᠲᠡ᠎ᠶ᠋ᠢ ᠦᠨᠡᠨ ᠬᠦ᠌ ᠠᠬᠢᠭᠤᠯᠵᠤ᠂
ᠠᠵᠤ ᠦᠢᠯᠡᠰ᠎ᠢ ᠬᠥᠭ᠌ᠵᠢᠭᠦᠯᠦᠨ ᠮᠠᠨᠳᠤᠭᠤᠯᠵᠤ᠂ ᠦᠨᠳᠦᠰᠦᠲᠡᠨ᠎ᠦ ᠠᠭᠤᠰᠤᠯᠴᠠᠯ᠎ᠳᠤ ᠬᠦᠴᠦᠨ ᠨᠡᠮᠡᠷᠢᠯᠡᠬᠦ᠌᠎ᠶ᠋ᠢᠨ
ᠲᠥᠯᠥᠭᠡ᠂ 2014 ᠣᠨ ᠡᠴᠡ ᠡᠬᠢᠯᠡᠨ ᠲᠤᠰ ᠬᠣᠱᠢᠭᠤ ᠴᠥᠭᠡᠨ ᠲᠣᠭᠠᠲᠤ ᠦᠨᠳᠦᠰᠦᠲᠡᠨ᠎ᠦ ᠬᠥᠭ᠌ᠵᠢᠯᠲᠡ᠎ᠶ᠋ᠢᠨ ᠪᠠᠯᠠ
ᠮᠥᠩᠭᠥ ᠶ᠋ᠢ 4457 ᠲᠦᠮᠡᠨ ᠲᠥᠭᠥᠷᠢᠭ ᠴᠢᠷᠮᠠᠢᠨ ᠤᠯᠵᠤ᠂ 1180 ᠲᠦᠮᠡᠨ ᠲᠥᠭᠥᠷᠢᠭ᠎ᠤᠨ ᠪᠡᠯᠡ ᠮᠦᠨᠭ᠌ᠭᠦ ᠤᠷᠤᠭᠤᠯᠤᠨ᠂
11ᠱᠢᠶᠠᠩ ᠪᠠᠯᠭᠠᠰᠤ ᠵᠡᠭᠡᠯᠢ ᠭᠤᠳᠤᠮᠵᠢ᠂ 12 ᠲᠣᠰᠭᠣᠨ᠎ᠳᠤ 14 ᠲᠥᠷᠥᠯ ᠵᠦᠶ᠋ᠯᠬᠡᠷᠡᠭ᠌ᠵᠢᠭᠦᠯᠵᠡᠢ᠃ ᠬᠣᠱᠢᠭᠤᠨ᠎ᠤ
ᠵᠠᠰᠠᠭ᠎ᠤᠨ ᠣᠷᠳᠣᠨ᠎ᠠᠴᠠ ᠪᠠᠰᠠ 3277 ᠲᠦᠮᠡᠨ ᠲᠥᠭᠥᠷᠢᠭ᠎ᠦᠨ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠱᠢᠪᠲᠤᠯᠬᠤ
ᠢᠨᠵᠧᠨᠧᠷᠢᠩ᠎ᠦᠨ ᠪᠠᠯᠠ ᠮᠥᠩᠭᠥ᠌ ᠣᠷᠣᠭᠤᠯᠵᠤ᠂ ᠬᠣᠱᠢᠭᠤᠨ
ᠤ ᠪᠠᠠ ᠲᠦᠬᠦᠭᠡᠷᠤᠮᠵᠢᠳᠤ ᠲᠠᠷᠢᠶᠠᠯᠠᠩ᠂ ᠤᠨᠴᠠᠯᠢᠭ᠍ᠳᠤ ᠲᠠᠷᠢᠮᠠᠯ ᠂ ᠬᠥᠳᠡᠭᠡ ᠲᠣᠰᠭᠣᠨ᠎ᠤ ᠵᠢᠭᠤᠯᠴᠢᠯᠠᠯ ᠵᠡᠷᠭᠡ ᠠᠵᠤ ᠦᠶ᠋ᠯᠡᠰ᠎ᠦᠨ ᠬᠥᠭ᠌ᠵᠢᠯᠲᠡ
ᠵᠢ ᠲᠦᠷᠭᠡᠳᠭᠡᠵᠤ᠂ ᠴᠥᠭᠡᠨ ᠲᠣᠭᠠᠲᠤ ᠦᠨᠳᠦᠰᠦᠲᠡᠨ᠎ᠦ ᠣᠯᠠᠨ ᠲᠦᠮᠡᠨ ᠦ ᠣᠷᠣᠯᠭ᠎ᠠ᠎ᠶ᠋ᠢ ᠲᠣᠭ᠍ᠲᠠᠭᠤᠠᠢᠶᠠᠷ
ᠨᠡᠮᠡᠭᠳᠡᠬᠦᠯᠤᠠ᠂ ᠦᠨᠳᠦᠰᠦᠲᠡᠨ᠎ᠦ ᠪᠦᠯᠬᠦᠮᠳᠡᠯ ᠪᠠ ᠨᠡᠢᠭᠡᠮ᠎ᠦᠨ ᠲᠣᠭ᠍ᠲᠠᠭᠤᠨ᠎ᠢ ᠠᠬᠢᠭᠤᠯᠬᠤ᠎ᠳᠤ ᠪᠠᠲᠤ ᠪᠠᠬᠢ
ᠰᠠᠭᠤᠷᠢ ᠵᠢ ᠲᠠᠯᠪᠢᠵᠡᠢ᠃
ᠠᠷᠠᠳ ᠲᠦᠮᠡᠨ᠎ᠳᠦ ᠦᠶ᠋ᠯᠡᠴᠢᠯᠡᠬᠦ᠌᠎ᠶ᠋ᠢ ᠴᠢᠬᠤᠯᠠᠴᠢᠯᠠᠠ ᠦᠨᠳᠦᠰᠦᠲᠡᠨ᠎ᠦ
ᠪᠦᠯᠬᠦᠮᠳᠡᠯ᠎ᠤᠨ ᠭᠤᠢ᠌ᠳᠡ ᠵᠢᠷᠤᠭ᠎ᠢ ᠵᠢᠷᠤᠭ᠍ᠯᠠᠪᠠ
《ᠮᠢᠨᠦ᠍ ᠡᠬᠡᠨᠡᠷ ᠡᠪᠡᠳᠴᠢᠯᠡᠭ᠌ᠰᠡᠨ ᠡᠨᠡ ᠬᠡᠳᠦᠨ ᠵᠢᠯ᠎ᠳᠦ ᠨᠡᠢᠭᠡᠮ ᠲᠣᠭᠣᠷᠢᠭ ᠡᠴᠡ ᠶᠡᠬᠡ
ᠬᠠᠪᠰᠤᠷᠤᠯᠭ᠎ᠠ ᠦᠵᠡᠬᠦᠯᠦᠭ᠌ᠰᠡᠨ ᠱᠢᠦ》ᠭᠡᠵᠦ᠍ ᠡᡁᠸ
ᠪᠸᠢ ᠵᠡᠭᠡᠯᠢ ᠭᠤᠳᠤᠮᠵᠢ᠎ᠶ᠋ᠢᠨ ᠬᠤᠸᠠ ᠱᠠᠨ ᠨᠡᠢᠭᠡᠮ ᠲᠣᠭᠣᠷᠢᠭ᠎ᠤᠨ ᠮᠣᠩᠭᠣᠯ ᠦᠨᠳᠦᠰᠦᠲᠡᠨ᠎ᠤ ᠰᠠᠭᠤᠭᠠᠯᠢ ᠠᠷᠠᠳ
ᠮᠧᠩ ᠹᠠᠨ ᠵᠢᠶᠦ᠋ᠨ ᠶᠠᠷᠢᠨ᠎ᠠ᠃
2020 ᠣᠨ᠎ᠳᠤ᠂ ᠮᠧᠩ ᠹᠠᠨ ᠵᠢᠶᠦ᠋ᠨ᠎ᠦ ᠡᠬᠡᠨᠡᠷ ᠨᠢ ᠡᠪᠡᠳᠴᠢᠨ ᠡᠴᠡ
ᠪᠤᠯᠵᠤ ᠨᠠᠰᠤ ᠪᠠᠷᠠᠵᠡᠢ᠂ ᠲᠤᠬᠠᠢ ᠵᠢᠠ ᠦᠶ᠎ᠠ ᠳ᠋ᠤ ᠶᠡᠬᠡ ᠥᠬᠢᠨ ᠨᠢ ᠶᠡᠬᠡ ᠰᠤᠷᠭᠠᠭᠤᠯᠢ᠎ᠶ᠋ᠢᠨ ᠨᠢᠭᠡᠳᠦᠭᠡᠷ
ᠣᠨ᠎ᠳᠤ ᠰᠤᠷᠤᠯᠴᠠᠵᠤ᠂ ᠪᠠᠭ᠎ᠠ ᠥᠬᠢᠨ ᠨᠢ ᠠᠩᠬ᠎ᠠ ᠳᠤᠮᠳᠠᠳᠤ᠎ᠶ᠋ᠢᠨ ᠬᠣᠶᠠᠳᠤᠭᠠᠷ ᠣᠨ᠎ᠳᠤ ᠰᠤᠷᠤᠯᠴᠠᠵᠤ ᠪᠠᠢᠭ᠍ᠰᠠᠨ
ᠡᠴᠡ ᠶᠠᠳᠠᠭᠤ ᠪᠠᠢ᠌ᠭ᠍ᠰᠠᠨ ᠠᠮᠢᠳᠤᠷᠠᠯ ᠨᠢ ᠤᠯᠠᠮ ᠬᠦᠴᠢᠷᠳᠠᠯᠲᠡᠢ
ᠪᠣᠯᠪᠠ᠃ ᠨᠡᠢᠭᠡᠮ ᠲᠣᠭᠣᠷᠢᠭ ᠤᠨ ᠠᠵᠢᠯᠲᠠᠨ ᠰᠠᠨᠠᠭᠠᠴᠢᠯᠠᠭ᠎ᠠ᠎ᠠᠴᠠ᠎ᠪᠠᠨ ᠲᠡᠭᠦᠨ᠎ᠢ ᠬᠠᠪᠰᠤᠷᠤᠨ ᠲᠦᠷ ᠴᠠᠭ᠎ᠤᠨ
ᠲᠡᠮᠵᠢᠨ ᠲᠤᠰᠠᠯᠠᠯᠲᠠ ᠬᠢᠵᠦ᠍᠂ ᠲᠡᠭᠦᠨ ᠦ᠌ ᠭᠡᠷ ᠪᠦᠯᠢ᠎ᠶ᠋ᠢᠨ ᠬᠦᠴᠢᠷᠳᠡᠯ᠎ᠢ ᠨᠢ ᠴᠠᠭ ᠲᠤᠬᠠᠶ᠎ᠳᠤᠨᠢ ᠰᠢᠢᠳᠪᠦᠷᠢᠯᠡᠵᠤ
ᠦᠭᠭᠦᠭᠰᠡᠨ ᠪᠠᠢᠨ᠎ᠠ᠃
ᠤᠢ᠍ᠢᠷ᠎ᠠ᠎ᠶ᠋ᠢᠨ ᠵᠢᠯ᠎ᠳᠤ᠂ ᠲᠤᠰ ᠬᠣᠱᠢᠭᠤ ᠦᠨᠳᠦᠰᠦᠲᠡᠨ᠎ᠦ ᠪᠦᠯᠬᠦᠮᠳᠡᠯ
ᠲᠠᠪᠱᠢᠯᠲᠡᠶ᠋ᠢ ᠠᠬᠢᠭᠤᠯᠬᠤ᠎ᠶ᠋ᠢᠨ ᠲᠥᠯᠥᠭᠡ《ᠦᠨᠳᠦᠰᠦᠲᠡᠨ᠎ᠨᠦᠭᠦᠳ
ᠨᠢᠭ᠍ᠲᠠᠷᠠᠨ ᠪᠦᠯᠬᠦᠮᠳᠡᠵᠦ᠍ ᠨᠢᠭᠡ ᠭᠡᠷ ᠪᠦᠯᠢ ᠮᠡᠳᠦ ᠲᠤᠳᠤᠨᠤ》ᠭᠡᠬᠦ᠌ ᠠᠵᠢᠯᠯᠠᠭ᠎ᠠ
ᠵᠢ ᠢᠳᠡᠪᠬᠢᠲᠡᠢ ᠥᠷᠨᠢᠭᠦᠯᠵᠦ᠍᠂ ᠦᠨᠳᠦᠰᠦᠲᠡᠨ᠎ᠤ ᠪᠦᠯᠬᠦᠮᠳᠡᠯ
ᠠᠭᠤᠰᠤᠯᠴᠠᠯ᠎ᠢ ᠠᠬᠢᠭᠤᠯᠵᠠᠢ᠃ ᠲᠤᠰ ᠬᠣᠱᠢᠭᠤ ᠦᠨᠳᠦᠰᠦᠲᠡᠨ᠎ᠦ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠤᠨ ᠲᠠᠢᠯᠪᠤᠷᠢᠯᠠᠬᠤ
ᠠᠵᠢᠯ᠎ᠢ 137 ᠲᠠᠯᠠᠪᠠᠢ ᠵᠣᠬᠢᠶᠠᠨ ᠪᠠᠢᠭᠤᠯᠤᠨ ᠥᠷᠨᠢᠭᠦᠯᠵᠦ᠍᠂11651 ᠬᠥᠮᠦᠨ ᠤᠳᠠᠭ᠎ᠠ ᠭᠥᠯᠢᠶᠡᠨ ᠠᠪᠴᠤ᠌᠂ ᠣᠯᠠᠨ ᠲᠦᠮᠡᠨ᠎ᠦ《ᠬᠦᠴᠢᠷ ᠲᠦᠪᠡᠭ ᠲᠡᠢ᠂ ᠠᠨᠭᠬᠠᠷᠤᠠ ᠬᠠᠯᠠᠮᠵᠢᠯᠠᠵᠥ》ᠪᠠᠢ᠌ᠭ᠎ᠠ
118 ᠤᠴᠢᠷ ᠶᠠᠪᠤᠳᠠᠯ᠎ᠢ ᠱᠢᠢᠳᠪᠦᠷᠢᠯᠡᠵᠡᠢ᠃ ᠠᠵᠢᠯᠯᠠᠭ᠎ᠠ ᠥᠷᠨᠢᠭᠦᠯᠦᠭ᠌ᠰᠡᠨ᠎ᠡᠴᠡ ᠣᠲᠣ ᠪᠣᠯᠲᠠᠯ᠎ᠠ᠂ ᠲᠤᠰ ᠬᠣᠱᠢᠭᠤᠨ ᠤ 242 ᠤᠳᠤᠷᠢᠳᠭᠤ ᠺᠠᠳ᠋ᠷ 684 ᠬᠦᠴᠢᠷᠳᠡᠯᠲᠡᠶ
ᠣᠯᠠᠨ ᠲᠦᠮᠡᠨ᠎ᠢ ᠪᠣᠯᠭᠣᠭᠠᠨ ᠲᠣᠬᠣᠨᠢᠭᠤᠯᠵᠤ᠂ ᠦᠶ᠋ᠯᠡᠳᠪᠦᠷᠢᠯᠡᠯ ᠠᠮᠢᠳᠤᠷᠠᠯ᠎ᠤᠨ ᠬᠦᠴᠢᠷᠳᠡᠯ᠎ᠢ ᠨᠢ ᠬᠠᠪᠰᠤᠷᠤᠨ
ᠱᠢᠶ᠋ᠳᠪᠦᠷᠢᠯᠡᠵᠦ᠍ ᠂ ᠠᠵᠢᠯ ᠤᠨ ᠲᠤᠬᠠᠢ 164 ᠵᠤᠷᠪᠤᠰ ᠰᠠᠨᠠᠯ ᠰᠠᠨᠠᠭᠤᠯᠭ᠎ᠠ ᠵᠢ ᠬᠦᠯᠢᠶᠡᠨ ᠰᠤᠨᠤᠰᠴᠤ ᠣᠯᠠᠨ
ᠲᠦᠮᠡᠨ᠎ᠦ ᠬᠦᠴᠢᠷ ᠲᠦᠪᠡᠭ ᠲᠡᠢ ᠠᠰᠠᠭᠤᠳᠠᠯ᠎ᠢ ᠦᠨᠡᠨ ᠬᠦ᠌ ᠱᠢᠶ᠋ᠳᠪᠦᠷᠢᠯᠡᠠ᠂ ᠦᠨᠳᠦᠰᠦᠲᠡᠨ᠎ᠨᠦᠭᠦᠳ᠎ᠦᠨ ᠣᠯᠠᠨ
ᠲᠦᠮᠡᠨ᠎ᠢ ᠬᠥᠮᠦᠵᠢᠭᠦᠯᠦᠨ ᠵᠢᠯᠣᠭᠣᠳᠴᠤ᠌ ᠨᠠᠮ᠎ᠤᠨ ᠠᠴᠢ ᠡᠨᠡᠷᠢᠯ ᠳ᠋ᠦ᠍ ᠲᠠᠯᠠᠷᠬᠠᠨ᠂ ᠨᠠᠮ᠎ᠤᠨ ᠵᠢᠡᠨ ᠵᠢᠭᠠᠪᠤᠷᠢ᠎ᠶ᠋ᠢ
ᠰᠣᠨᠣᠰᠴᠤ᠌᠂ ᠨᠠᠮ᠎ᠢᠶᠠᠨ ᠳᠠᠭᠠᠵᠤ ᠶᠠᠪᠤᠬᠤ ᠵᠢ ᠦᠨᠡᠨ
ᠬᠦ ᠦᠢᠯᠡᠳᠦᠯᠭᠡᠵᠢᠭᠦᠯᠦᠭᠰᠡᠨ ᠪᠠᠢ᠌ᠨ᠎ᠡ᠃