ᠦᠪᠤᠷ ᠮᠤᠡᠭᠭᠤᠯ᠎ᠤᠨ ᠨᠡᠢᠳᠡᠮ᠎ᠤᠨ ᠬᠡᠷᠡᠭᠯᠡᠭᠡᠨ᠎ᠤ ᠠᠭᠠᠷ᠎ᠤᠨ ᠲᠡᠭᠡᠭᠡᠪᠦᠷᠢ ᠬᠢᠯᠢ ᠬᠢᠵᠠᠭᠠᠷ᠎ᠤᠨ 《ᠡᠴᠦᠰ᠎ᠤᠨ ᠨᠢᠭᠡ ᠺᠢᠯᠤᠮᠸᠲ᠋ᠷ 》ᠢ᠋ ᠨᠡᠪᠳᠡᠷᠡᠬᠦᠯᠵᠦ ᠪᠠᠢᠨ᠎ᠠ
2021-12-19 20:17:34
ᠵᠣᠬᠢᠶᠠᠭ᠍ᠴᠢ᠄
ᠬᠤᠩ ᠱᠢᠶᠠ
ᠣᠩᠱᠢᠭ᠍ᠰᠠᠨ ᠣᠳᠠᠭ᠎ᠠ᠄
★★★☆☆

ᠬᠢᠯᠢ ᠬᠢᠵᠠᠭᠠᠷ᠂  ᠪᠤᠢᠳᠠ ᠪᠦᠭᠯᠡᠬᠦᠦ᠂ ᠨᠤᠳᠤᠭ ᠠᠭᠤᠳᠠᠮ᠂  ᠵᠠᠮ ᠬᠤᠯᠠ ᠁ ᠡᠳᠡᠭᠡᠷ ᠨᠢ ᠦᠩᠭᠡᠷᠡᠭᠰᠡᠨ ᠎ᠤ᠋  ᠬᠦᠯᠦᠨ  ᠪᠤᠢᠷ ᠎ᠤᠨ  ᠬᠢᠯᠢ  ᠬᠢᠵᠠᠭᠠᠷ ᠤᠷᠤᠨ ᠎ᠤ ᠵᠠᠮ  ᠨᠡᠪᠳᠡᠷᠡᠯᠭᠡ ᠵᠢᠨ  ᠴᠢᠬᠤᠯᠠ ᠪᠤᠭᠤᠮᠢ ᠪᠤᠯᠵᠤ ᠪᠠᠢᠭᠰᠠᠨ ᠪᠤᠯ᠂ ᠤᠳᠤᠬᠠᠨ ᠤᠢᠷ᠎ᠠ ᠵᠠᠢ ᠵᠢᠨ  ᠨᠡᠢᠳᠡᠮ᠎ᠤᠨ  ᠬᠡᠷᠡᠭᠯᠡᠭᠡᠨ᠎ᠤ ᠠᠭᠠᠷ᠎ᠤᠨ ᠲᠡᠭᠡᠭᠡᠪᠦᠷᠢ ᠵᠢᠨ ᠬᠦᠭᠵᠢᠯᠳᠡ ᠨᠢ ᠡᠳᠦᠷ᠎ᠤᠨ ᠵᠠᠢ  ᠵᠢ  ᠴᠠᠭ  ᠮᠢᠨᠤᠶ᠋ᠲ ᠵᠢᠡᠷ ᠲᠤᠪᠴᠢᠯᠠᠳᠠᠭ ᠪᠤᠯᠵᠤ᠂ ᠬᠢᠯᠢ ᠬᠢᠵᠠᠭᠠᠷ᠎ᠤᠨ ᠦᠨᠳᠦᠰᠦᠳᠡᠨ ᠨᠤᠬᠦᠳ᠎ᠤᠨ ᠤᠯᠠᠨ ᠲᠦᠮᠡᠨ  《ᠬᠤᠷᠳᠤᠨ》 ᠎ᠤ᠋  ᠴᠠᠭ ᠦᠶ᠎ᠡ ᠳ᠋ᠤ ᠤᠷᠤᠵᠤ᠂  ᠬᠠᠮᠳᠤ ᠪᠡᠷ ᠴᠡᠴᠡᠭᠯᠡᠨ ᠬᠦᠭᠵᠢᠬᠦ ᠢᠷᠠᠭᠤ ᠲᠤᠤᠯᠢ ᠵᠢ  ᠪᠢᠴᠢᠭᠯᠡᠨ᠎ᠡ᠃

ᠤᠢᠷ᠎ᠠ᠎ᠳᠦ᠂ ᠮᠠᠨ᠎ᠤ ᠰᠤᠷᠪᠤᠯᠵᠢᠯᠠᠭ᠎ᠠ ᠵᠢᠨ  ᠪᠦᠯᠬᠦᠮ  ᠬᠦᠯᠦᠨ ᠪᠤᠢᠷ ᠬᠤᠳᠠ ᠵᠢᠨ ᠬᠠᠢᠯᠠᠷ ᠲᠤᠭᠤᠷᠢᠭ ᠲᠸ᠋  ᠪᠠᠢᠷᠢᠯᠠᠭ᠎ᠠ ᠦᠪᠦᠷ ᠮᠤᠩᠭᠤᠯ ᠎ᠤᠨ ᠨᠡᠢᠳᠡᠮ᠎ᠤᠨ ᠬᠡᠷᠡᠭ᠌ᠯᠡᠭᠡᠨ ᠎ᠦ ᠠᠭᠠᠷ᠎ᠤᠨ ᠠᠶᠠᠯᠠᠯ ᠎ᠤᠨ ᠺᠣᠮᠫᠠᠨᠢ  ᠳ᠋ᠦ ᠬᠦᠷᠬᠦ ᠳ᠋ᠦ᠂ ᠠᠵᠢᠯᠳᠠᠳ ᠶᠠᠭᠠᠷᠠᠯᠳᠠᠢ ᠠᠵᠢᠯᠯᠠᠵᠠᠭᠠᠨ᠎ᠠ᠃ ᠲᠤᠰ ᠺᠣᠮᠫᠠᠨᠢ᠎ᠪᠤᠯ ᠤᠯᠤᠰ᠎ᠤᠨ ᠳᠣᠲᠣᠭᠠᠳᠤ ᠎ᠶ᠋ᠢᠨ ᠠᠩᠬᠠᠳᠠᠭ᠍ᠴᠢ CCAR-135 ᠨᠡᠢᠳᠡᠮ᠎ᠤᠨ ᠬᠡᠷᠡᠭ᠌ᠯᠡᠭᠡᠨ ᠎ᠦ ᠠᠭᠠᠷ᠎ᠤᠨ ᠠᠶᠠᠯᠠᠯ ᠎ᠤᠨ  ᠺᠣᠮᠫᠠᠨᠢ ᠎ᠶ᠋ᠢᠨ ᠤᠢ᠍ᠢᠷ᠎ᠠ  ᠵᠠᠮ ᠎ᠤᠨ ᠠᠶᠠᠨᠴᠢᠳ ᠪᠠ ᠡᠳ᠋ ᠪᠠᠷᠠᠭ᠎ᠠ ᠲᠡᠭᠡᠭᠡᠪᠦᠷᠢᠯᠡᠳᠡᠭ ᠠᠵᠤ ᠠᠬᠤᠢᠯᠠᠯ ᠪᠤᠯᠤᠨ᠎ᠠ᠃ ᠬᠢᠳᠠᠳ᠂ ᠮᠤᠩᠭᠤᠯ᠂  ᠮᠠᠨᠵᠤ᠂ ᠲᠠᠭᠤᠷ᠂ ᠬᠤᠳᠤᠩ᠂ ᠤᠷᠤᠰ᠂ ᠪᠦᠶᠢ᠂ ᠲᠦᠵᠢᠶᠠ ᠵᠡᠷᠭᠡ 8 ᠦᠨᠳᠦᠰᠦᠳᠡᠨ ᠵᠢᠡᠷ ᠪᠦᠷᠢᠯᠳᠦᠭᠰᠡᠨ ᠲᠤᠮᠤ ᠬᠡᠷ ᠪᠦᠯᠢ ᠪᠠᠢᠯ᠎ᠠ᠃ ᠺᠤᠮᠫᠠᠨᠢ  ᠵᠢᠨ ᠬᠢᠨ 2013 ᠤᠨ ᠳ᠋ᠦ  ᠪᠠᠢᠭᠤᠯᠤᠬᠳᠠᠬᠰᠠᠨ  ᠡᠴᠡ  ᠨᠠᠭᠠᠰᠢ᠂《ᠨᠠᠮ᠎ᠤᠨ ᠪᠠᠢᠭᠤᠯᠤᠯᠲᠠ ᠎ᠪᠠᠷ ᠬᠥᠲᠥᠯᠥᠨ ᠳᠠᠭᠠᠭᠤᠯᠬᠤ᠂ ᠨᠡᠢᠭᠡᠮ᠎ᠦᠨ ᠬᠠᠷᠢᠭᠤᠴᠠᠯᠭ᠎ᠠ᠎ᠪᠠᠷ ᠬᠥᠲᠥᠯᠥᠨ ᠳᠠᠭᠠᠭᠤᠯᠬᠤ᠂ ᠠᠵᠤ ᠦᠢᠯᠡᠰ᠎ᠦᠨ ᠬᠥᠭ᠌ᠵᠢᠯᠲᠡ᠎ᠪᠡᠷ ᠬᠥᠲᠥᠯᠥᠨ ᠳᠠᠭᠠᠭᠤᠯᠬᠤ᠂ ᠠᠵᠤ ᠠᠬᠤᠢᠯᠠᠯ ᠎ᠤᠨ ᠰᠣᠶᠣᠯ ᠎ᠢᠶᠠᠷ ᠬᠥᠲᠥᠯᠥᠨ ᠳᠠᠭᠠᠭᠤᠯᠬᠤ》ᠵᠡᠷᠭᠡ《ᠳᠥᠷᠪᠡᠨ ᠬᠥᠲᠥᠯᠥᠨ ᠳᠠᠭᠠᠭᠤᠯᠬᠤ》ᠠᠵᠢᠯ ᠎ᠤ᠋ᠨ ᠵᠠᠭ᠍ᠪᠤᠷ ᠎ᠢ ᠡᠬᠦᠳᠴᠦ᠂ ᠦᠨᠳᠦᠰᠦᠲᠡᠨ᠎ᠨᠦᠭᠦᠳ ᠎ᠦᠨ ᠤᠯᠠᠨ ᠲᠦᠮᠡᠨ᠎ᠳᠦ ᠦᠢᠯᠡᠴᠢᠯᠡᠬᠦ᠌ ᠎ᠪᠡᠷ ᠬᠠᠷᠠᠯᠲᠠ ᠪᠣᠯᠭᠠᠨ᠂ ᠣᠷᠣᠨ ᠨᠤᠲᠤᠭ ᠎ᠤᠨ ᠠᠭᠠᠷ᠎ᠤᠨ ᠠᠶᠠᠯᠠᠯ᠎ᠤᠨ ᠣᠢᠷ᠎ᠠ ᠵᠠᠢ ᠎ᠶᠢᠨ ᠲᠡᠭᠡᠭᠡᠪᠦᠷᠢ ᠂  ᠪᠠᠴᠢᠮ ᠪᠠᠢᠳᠠᠯ ᠎ᠢ ᠠᠷᠭᠠᠴᠠᠭᠠᠵᠤ ᠠᠪᠤᠷᠠᠨ ᠲᠤᠰᠠᠯᠠᠬᠤ᠂ ᠬᠢᠵᠢᠭ ᠎ᠦᠨ ᠪᠠᠢᠳᠠᠯ ᠎ᠢ ᠰᠡᠷᠭᠡᠢᠯᠡᠨ ᠡᠵᠡᠮᠳᠡᠬᠦ᠂ ᠭᠠᠮᠱᠢᠭ ᠎ᠢ ᠰᠡᠷᠭᠡᠢᠯᠡᠨ ᠭᠠᠮᠱᠢᠭ ᠎ᠢ  ᠪᠠᠭᠠᠰᠭᠠᠬᠤ ᠵᠡᠷᠭᠡ ᠠᠷᠠᠳ ᠎ᠤᠨ ᠠᠮᠢᠳᠤᠷᠠᠯ ᠎ᠤᠨ ᠦᠢᠯᠡᠴᠢᠯᠡᠭᠡ ᠵᠢ ᠢᠳᠡᠪᠬᠢᠲᠡᠶ ᠦᠷᠨᠢᠬᠦᠯᠵᠦ᠂ ᠥᠪᠡᠷᠲᠡᠭᠡᠨ ᠵᠠᠰᠠᠬᠤ ᠣᠷᠣᠨ ᠎ᠤ  ᠠᠵᠤ ᠠᠬᠤᠢ ᠎ᠶᠢᠨ ᠬᠥᠭ᠌ᠵᠢᠯᠲᠡ ᠳ᠋ᠤ  ᠬᠦᠴᠦ᠍ᠨ ᠨᠡᠮᠡᠷᠢᠯᠡᠵᠦ᠍᠂ ᠦᠨᠳᠦᠰᠦᠲᠡᠨ᠎ᠨᠦᠭᠦᠳ ᠎ᠦᠨ ᠣᠯᠠᠨ ᠲᠦᠮᠡᠨ ᠎ᠦ ᠠᠮᠢ ᠨᠠᠰᠤᠨ᠎ᠤ ᠠᠮᠤᠷ ᠲᠦᠪᠱᠢᠨ ᠎ᠢ  ᠬᠠᠮᠠᠭᠠᠯᠠᠬᠤ᠂ ᠪᠦᠯᠬᠦᠮᠳᠡᠯ ᠲᠠᠪᠰᠢᠯᠳᠠ ᠵᠢ ᠠᠬᠢᠭᠤᠯᠬᠤ᠂  ᠠᠷᠠᠳ᠎ᠤᠨ ᠠᠮᠢᠳᠤᠷᠠᠯ ᠎ᠢ ᠰᠠᠢᠵᠢᠷᠠᠭᠤᠯᠬᠤ ᠎ᠳᠤ ᠪᠦᠬᠦ ᠬᠦᠴᠦᠨ ᠵᠢᠡᠷ  ᠵᠢᠡᠨ ᠦᠢᠯᠡᠴᠢᠯᠡᠭᠰᠡᠭᠡᠷ ᠢᠷᠡᠭᠰᠡᠨ ᠶᠤᠮ᠃

2016 ᠤᠨ᠎ᠤ 8 ᠰᠠᠷ᠎ᠠ ᠵᠢᠨ 13 ᠎ᠤ᠋ ᠦᠳᠡ ᠵᠢᠨ ᠡᠮᠦᠨᠡᠬᠢ 10 ᠴᠠᠭ ᠲᠸ᠋᠂ ᠺᠤᠮᠫᠠᠨᠢ ᠵᠢᠨ ᠬᠢᠨ ᠬᠡᠬᠡᠨ ᠭᠤᠤᠯ ᠬᠤᠳᠠ ᠵᠢᠨ ᠡᠮᠨᠡᠯᠭᠡ ᠵᠢᠨ ᠬᠤᠷᠢᠶᠠᠨ᠎ᠤ  ᠪᠠᠴᠢᠮ ᠲᠤᠰᠠᠯᠠᠮᠵᠢ ᠬᠦᠰᠡᠭᠰᠡᠨ ᠤᠳᠠᠰᠤ ᠵᠢ ᠲᠤᠰᠤᠭᠰᠠᠨ ᠲᠠᠷᠤᠢᠬᠠᠨ 《ᠠᠭᠠᠷ᠎ᠤᠨ ᠠᠶᠠᠯᠠᠯ᠎ᠤᠨ ᠠᠮᠢ ᠨᠠᠰᠤᠨ᠎ᠤ  ᠱᠤᠭᠤᠮ 》  ᠢ᠋ ᠨᠡᠪᠲᠡᠷᠡᠭᠦᠯᠵᠦ᠂ ᠲᠦᠷᠦᠯᠬᠢ ᠵᠢᠨ ᠵᠢᠷᠦᠭᠡᠨ ᠡᠪᠡᠳᠴᠢᠨ ᠲᠠᠢ ᠨᠢᠯᠬ᠎ᠠ ᠬᠡᠤᠬᠡᠳ᠎ᠢ ᠬᠠᠢᠯᠠᠷ ᠡᠮᠨᠡᠯᠭᠡ ᠵᠢᠨ ᠬᠤᠷᠢᠶ᠎ᠠ  ᠳ᠋ᠦ ᠬᠦᠷᠭᠡᠨ᠂ ᠮᠡᠰᠡ ᠵᠠᠰᠠᠯ  ᠬᠢᠯᠭᠡᠬᠦ ᠬᠠᠮᠤᠭ ᠰᠠᠢᠨ ᠴᠠᠭ᠎ᠢ ᠠᠮᠵᠢᠨ ᠪᠠᠳᠤᠯᠠᠪᠠ; ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ  ᠬᠢᠵᠢᠭ ᠎ᠦᠨ ᠬᠤᠭᠤᠴᠠᠭᠠᠨ ᠎ᠳᠤ᠂  ᠰᠠᠨᠠᠭᠠᠴᠢᠯᠠᠭ᠎ᠠ ᠡᠴᠡ ᠪᠠᠨ ᠤᠷᠤᠨ ᠨᠤᠳᠤᠭ᠎ᠤᠨ  ᠬᠢᠵᠢᠭ᠎ᠤᠨ ᠪᠠᠢᠳᠠᠯ᠎ᠢ  ᠰᠡᠷᠭᠡᠢᠯᠡᠨ ᠡᠵᠡᠮᠳᠡᠬᠦ  ᠵᠠᠮ ᠬᠠᠷᠢᠯᠴᠠᠭᠠᠨ᠎ᠤ  ᠵᠢᠯᠤᠭᠤᠳᠬᠤ ᠬᠡᠯᠳᠡᠰ ᠲᠸ᠋ ᠬᠠᠮᠵᠢᠯᠴᠠᠵᠤ᠂ ᠠᠮᠠᠪᠴᠢ᠂ ᠨᠢᠳᠦ ᠬᠠᠮᠠᠭᠠᠯᠠᠬᠤ ᠰᠢᠯ᠂ ᠡᠮᠴᠢᠯᠡᠬᠡᠨ᠎ᠤ ᠬᠠᠮᠠᠭᠠᠯᠠᠯᠲᠠ᠎ᠶ᠋ᠢᠨ ᠬᠤᠪᠴᠠᠰᠤ᠂ ᠲᠤᠰᠠᠭᠠᠷᠯᠠᠬᠤ ᠬᠤᠪᠴᠠᠰᠤ ᠵᠡᠷᠭᠡ ᠡᠳ᠋ ᠪᠣᠳᠠᠰ  ᠪᠠ  ᠬᠦᠮᠦᠰ᠎ᠢ ᠡᠮᠦᠨ᠎ᠡ ᠹᠷᠤᠨᠲ ᠲᠸ᠋ ᠵᠦᠭᠡᠭᠡᠪᠦᠷᠢᠯᠡᠨ ᠬᠦᠷᠭᠡᠵᠦ᠂  ᠦᠨᠳᠦᠰᠦᠲᠡᠨ᠎ᠨᠦᠭᠦᠳ ᠎ᠦᠨ ᠣᠯᠠᠨ ᠲᠦᠮᠡᠨ ᠎ᠦ  ᠠᠮᠢ ᠨᠠᠰᠤᠨ ᠎ᠤ ᠠᠮᠤᠷ ᠲᠦᠪᠱᠢᠨ ᠎ᠢ  ᠬᠠᠮᠠᠭᠠᠯᠠᠵᠤ ᠨᠡᠢᠭᠡᠮ ᠎ᠦᠨ  ᠬᠠᠷᠢᠭᠤᠴᠠᠯᠭ᠎ᠠ ᠡᠭᠦᠷᠭᠡᠯᠡᠯ ᠵᠢᠡᠨ ᠭᠦᠢᠴᠡᠳᠭᠡᠵᠡᠢ᠃

ᠡᠨᠡ ᠵᠢᠯ ᠎ᠦᠨ 7 ᠰᠠᠷ᠎ᠠ ᠎ᠳᠤ᠂ ᠮᠤᠷᠢᠨᠳ᠋ᠠᠪᠠᠭ᠎ᠠ ᠵᠢᠨ ᠲᠠᠭᠤᠷ ᠦᠨᠳᠦᠰᠦᠲᠡᠨ ᠎ᠤ ᠦᠪᠡᠷᠲᠡᠭᠡᠨ ᠵᠠᠰᠠᠬᠤ ᠬᠣᠱᠢᠭᠤᠨ ᠎ᠳᠤ  ᠬᠦᠨᠳᠦ ᠨᠣᠴᠢᠲᠠᠢ ᠦᠶᠡᠷ ᠤᠰᠤᠲᠤᠯ  ᠪᠣᠯᠵᠦ᠂ ᠬᠣᠶᠠᠷ ᠤᠰᠤᠨ ᠴᠥᠭᠥᠷᠥᠮ ᠵᠠᠯᠭᠠᠭ᠎ᠠ ᠎ᠪᠠᠷ ᠰᠡᠲᠡᠷᠡᠵᠦ᠍᠂ ᠵᠠᠮ ᠬᠠᠷᠢᠯᠴᠠᠭ᠎ᠠ ᠲᠠᠰᠤᠷᠠᠵᠤ᠂ ᠴᠢᠮᠡᠭᠡ ᠬᠣᠯᠪᠣᠭ᠎ᠠ᠂ ᠴᠠᠬᠢᠯᠭᠠᠨ ᠬᠦᠴᠦᠨ᠎ᠦ ᠲᠥᠬᠥᠭᠡᠷᠦᠮᠵᠢ ᠬᠦᠨᠳᠦ ᠨᠣᠴᠢᠲᠠᠶ ᠡᠪᠳᠡᠭ᠌ᠳᠡᠭᠰᠡᠨ ᠪᠠᠢᠳᠠᠯ ᠲᠤᠤᠷ᠎ᠠ᠂  ᠺᠤᠮᠫᠠᠨᠢ ᠵᠢᠨ ᠬᠢᠨ  ᠪᠠᠴᠢᠮ  ᠪᠠᠢᠳᠠᠯ ᠎ᠢ ᠠᠷᠭᠠᠴᠠᠭᠠᠬᠤ ᠪᠡᠯᠡᠳᠭᠡᠯ ᠲᠥᠰᠦᠯ ᠎ᠢᠶᠡᠨ ᠳᠠᠷᠤᠢᠬᠠᠨ ᠡᠬᠢᠯᠡᠭᠦᠯᠵᠦ᠍᠂ 19 ᠤᠳᠠᠭᠠᠨ ᠎ᠤ  ᠨᠢᠰᠦᠯᠲᠡ  ᠪᠡᠷ ᠲᠠᠮᠵᠢᠨ  ᠬᠦᠮᠦᠨ ᠬᠠᠷ᠎ᠠ  ᠪᠤᠶᠤ  ᠡᠳ᠋ ᠪᠤᠳᠠᠰ ᠎ᠢ  ᠡᠮᠦᠨ᠎ᠡ ᠹᠷᠤᠨᠲ ᠲᠸ᠋ ᠵᠦᠭᠡᠭᠡᠪᠦᠷᠢᠯᠡᠨ᠂ ᠦᠶᠡᠷ ᠎ᠲᠡᠶ ᠲᠡᠮᠡᠴᠡᠵᠦ ᠠᠶᠤᠯ ᠎ᠠᠴᠠ ᠠᠪᠤᠷᠬᠠᠸ᠋ ᠡᠭᠦᠷᠭᠡ ᠵᠢ ᠥᠨᠳᠥᠷ ᠪᠦᠲᠦᠮᠵᠢᠲᠡᠶ᠎ᠪᠡᠷ ᠪᠡᠶᠡᠯᠡᠭᠦᠯᠦᠭᠰᠡᠨ ᠪᠠᠢᠯ᠎ᠠ᠃

ᠠᠷᠠᠳ ᠲᠸ᠋ ᠠᠰᠢᠬ ᠬᠦᠷᠳᠡᠭᠡᠵᠦ  ᠬᠦᠭᠵᠢᠯᠳᠡ ᠵᠢ ᠠᠬᠢᠭᠤᠯᠬᠤ ᠪᠤᠯ ᠠᠵᠤ ᠠᠬᠤᠢᠯᠠᠯ᠎ᠤᠨ ᠠᠮᠢᠨ ᠰᠤᠳᠠᠰᠤ ᠪᠤᠯᠤᠨ᠎ᠠ᠃ ᠣᠢᠷ᠎ᠠ᠎ᠶ᠋ᠢᠨ ᠵᠢᠯ᠎ᠦᠳ᠎ᠲᠦ᠂  ᠺᠣᠮᠫᠠᠨᠢ ᠵᠢᠨ ᠬᠢᠨ ᠠᠮᠢ ᠠᠬᠤᠢ᠎ᠶ᠋ᠢ ᠤᠷᠢᠳ ᠵᠢᠡᠷ ᠪᠤᠳᠤᠯᠬᠢᠯᠠᠬᠤ ᠪᠣᠬᠢᠷᠲᠤᠯ ᠦᠭᠡᠢ ᠬᠥᠭ᠌ᠵᠢᠬᠦᠯᠬᠦ᠎ᠪᠡᠷ ᠤᠳᠤᠷᠢᠳᠤᠮᠵᠢ ᠪᠤᠯᠭᠠᠬᠰᠠᠨ ᠴᠢᠨᠠᠷ ᠰᠠᠢᠲᠠᠢ ᠬᠥᠭ᠌ᠵᠢᠯᠲᠡ᠎ᠶ᠋ᠢᠨ ᠱᠢᠨ᠎ᠡ ᠵᠠᠮ᠎ᠢ ᠡᠷᠢᠯᠬᠢᠯᠡᠵᠦ᠂ ᠲᠤᠬᠠᠶ᠎ᠶ᠋ᠢᠨ ᠭᠠᠵᠠᠷ᠎ᠤᠨ ᠵᠤᠭ᠎ᠠ ᠴᠡᠩᠭᠡᠯ᠂ ᠵᠢᠭᠤᠯᠴᠢᠯᠠᠯ᠎ᠤᠨ ᠦᠢᠯᠡᠰ᠎ᠤᠨ ᠬᠥᠭ᠌ᠵᠢᠯᠲᠡ ᠪᠠ ᠤᠯᠠᠮᠵᠢᠯᠠᠯᠲᠤ ᠠᠵᠤ ᠦᠶ᠋ᠯᠡᠰ᠎ᠦᠨ ᠲᠠᠰ ᠳᠡᠪᠱᠢᠬᠦ᠌᠎ᠶ᠋ᠢ ᠠᠬᠢᠭᠤᠯᠪᠠ᠃  ᠶᠡᠬᠡ ᠲᠡᠭᠡᠳᠦ ᠰᠤᠷᠭᠠᠭᠤᠯᠢ᠎ᠲᠠᠶ  ᠪᠠᠢᠯᠳᠤᠬᠤ ᠪᠤᠳᠤᠯᠭ᠎ᠠ᠎ᠶ᠋ᠢᠨ ᠬᠠᠮᠲᠤᠷᠠᠯᠴᠠᠭᠠᠨ᠎ᠤ  ᠵᠥᠪᠯᠡᠯᠴᠡᠭᠡᠷ ᠲᠣᠭ᠍ᠲᠠᠵᠤ᠂ ᠤᠶᠤᠲᠠᠳ᠎ᠤᠨ ᠰᠤᠷᠭᠠᠭᠤᠯᠢ᠎ᠶ᠋ᠢᠨ ᠭᠠᠳᠠᠨᠠᠬᠢ ᠳᠠᠳᠤᠯᠭ᠎ᠠ ᠪᠣᠯᠪᠠᠰᠤᠷᠠᠯ᠎ᠤᠨ ᠰᠠᠭᠤᠷᠢᠨ᠎ᠢ  ᠪᠠᠢᠭᠤᠯᠵᠤ᠂ ᠵᠢᠯᠣᠭᠣᠴᠢ ᠥᠬᠡᠶ ᠨᠢᠰᠭᠡᠯ᠎ᠦᠨ ᠴᠢᠳᠠᠪᠤᠷᠢᠲᠠᠨ᠎ᠢ  ᠬᠥᠮᠦᠵᠢᠭᠦᠯᠬᠦ᠂ ᠬᠥᠮᠦᠨ᠎ᠦ ᠬᠦᠴᠦ᠍᠎ᠪᠡᠷ ᠪᠣᠷᠣᠭᠠᠨ ᠣᠷᠣᠭᠤᠯᠬᠤ ᠠᠵᠢᠯ᠎ᠢ  ᠪᠥᠬᠥ᠌ ᠲᠠᠯ᠎ᠠ᠎ᠪᠠᠷ ᠳᠠᠭᠠᠭᠠᠨ ᠠᠪᠴᠤ᠌᠂ ᠡᠯ᠎ᠡ ᠭᠠᠵᠠᠷ᠎ᠤᠨ ᠭᠠᠩ ᠬᠠᠭ᠍ᠰᠠᠷᠠᠭᠠᠨ᠎ᠤ  ᠪᠠᠢᠳᠠᠯ᠎ᠢ ᠨᠠᠮᠳᠠᠭᠤᠯᠵᠤ᠂ ᠨᠤᠳᠤᠭ ᠪᠡᠯᠴᠢᠭᠡᠷ᠎ᠢ ᠰᠡᠷᠭᠦᠭᠡᠬᠦ᠂ ᠠᠮᠢ ᠠᠬᠤᠢ ᠵᠢ ᠬᠠᠮᠠᠭᠠᠯᠠᠬᠤ ᠵᠡᠷᠭᠡ ᠲᠠᠯ᠎ᠠ ᠪᠡᠷ ᠦᠪᠡᠷᠮᠢᠴᠡ ᠦᠢᠯᠡᠳᠦᠯ ᠵᠢᠡᠨ ᠪᠠᠳᠠᠷᠠᠭᠤᠯᠪᠠ᠃ ᠤᠳᠤ᠂ ᠦᠪᠦᠷ ᠮᠤᠩᠭᠤᠯ ᠎ᠤᠨ ᠨᠡᠢᠳᠡᠮ᠎ᠤᠨ ᠬᠡᠷᠡᠭ᠌ᠯᠡᠭᠡᠨ ᠎ᠦ  ᠠᠭᠠᠷ ᠎ᠤᠨ  ᠠᠶᠠᠯᠠᠯ ᠎ᠤᠨ  ᠺᠣᠮᠫᠠᠨᠢ ᠬᠠᠢᠯᠠᠷ ᠡᠴᠡ ᠤᠷᠴᠤᠨ᠂ ᠵᠠᠯᠠᠨ ᠠᠢᠯ ᠬᠤᠳᠠ᠂  ᠷᠠᠱᠢᠶᠠᠨ᠂ ᠱᠢᠨ᠎ᠡ ᠪᠠᠷᠭᠤ ᠪᠠᠷᠠᠭᠤᠨ ᠬᠣᠱᠢᠭᠤ᠂ ᠭᠡᠭᠡᠨ ᠭᠣᠸ᠋ᠯ ᠬᠤᠳᠠ ᠬᠦᠷᠬᠦ ᠣᠯᠠᠨ ᠵᠤᠷᠪᠤᠰ ᠠᠶᠠᠯᠠᠯ᠎ᠤᠨ ᠱᠤᠭᠤᠮ᠎ᠢ  ᠨᠡᠪᠲᠡᠷᠡᠭᠦᠯᠵᠦ᠂ ᠣᠢᠷ᠎ᠠ ᠵᠠᠢ ᠎ᠶᠢᠨ ᠲᠡᠭᠡᠭᠡᠪᠦᠷᠢ ᠡᠴᠡ ᠭᠠᠳᠠᠨ᠎ᠠ᠂  ᠪᠠᠰᠠ ᠬᠥᠮᠦᠨ᠎ᠦ  ᠬᠦᠴᠦ᠍᠎ᠪᠡᠷ  ᠴᠠᠭ ᠠᠭᠤᠷ᠎ᠢ ᠨᠥᠯᠥᠭᠡᠯᠡᠬᠦ᠌᠂ ᠤᠭᠳᠠᠷᠭᠤᠢ ᠎ᠪᠡᠷ  ᠵᠢᠭᠤᠯᠴᠢᠯᠠᠬᠤ᠂ ᠱᠢᠨᠵᠢᠯᠡᠬᠦ᠌ ᠤᠬᠠᠭᠠᠨ᠎ᠤ᠋ ᠲᠤᠷᠱᠢᠯᠲᠠ ᠬᠢᠬᠦ ᠂ ᠠᠭᠠᠷ ᠮᠠᠨᠳᠠᠯ ᠎ᠢ  ᠬᠠᠢᠨ ᠬᠡᠮᠵᠢᠬᠦ᠌᠂ ᠣᠶ ᠱᠢᠭᠤᠶ ᠨᠤᠳᠤᠭ ᠪᠡᠯᠴᠢᠭᠡᠷ ᠎ᠢ  ᠬᠠᠮᠠᠭᠠᠯᠠᠬᠤ ᠦᠢᠯᠡᠴᠢᠯᠡᠭᠡ ᠬᠠᠩᠭᠠᠨ᠂ 《ᠳᠥᠭᠥᠮ ᠳᠥᠲᠡ᠂ ᠥᠨᠳᠥᠷ ᠪᠦᠲᠦᠮᠵᠢᠲᠡᠶ᠂ ᠥᠷᠭᠡᠨ ᠳᠡᠯᠭᠡᠷ ᠴᠢᠳᠠᠮᠵᠢ᠎ᠲᠠᠶ》 ᠳᠠᠪᠠᠭᠤᠯᠢᠭ ᠵᠢᠡᠷ ᠵᠢᠡᠨ ᠬᠢᠯᠢ  ᠬᠢᠵᠠᠭᠠᠷ  ᠣᠷᠣᠨ ᠎ᠤ  ᠤᠯᠠᠨ ᠲᠦᠮᠡᠨ ᠎ᠤ  ᠶᠠᠪᠤᠵᠤ  ᠰᠠᠭᠤᠬᠤ《ᠡᠴᠦᠰ᠎ᠦᠨ ᠨᠢᠭᠡ ᠺᠢᠯᠣᠮᠧᠲ᠋ᠷ》᠎ᠤ᠋ᠨ ᠠᠰᠠᠭᠤᠳᠠᠯ᠎ᠢ  ᠪᠦᠲᠦᠮᠵᠢᠲᠡᠢ ᠱᠢᠶ᠋ᠳᠪᠦᠷᠢᠯᠡᠨ᠂  ᠦᠨᠳᠦᠰᠦᠲᠡᠨ᠎ᠨᠤᠬᠦᠳ᠎ᠤᠨ  ᠠᠷᠠᠳ ᠲᠦᠮᠡᠨ᠎ᠤ  ᠪᠦᠯᠬᠦᠮᠳᠡᠯ ᠲᠠᠪᠰᠢᠯᠲᠠ  ᠳ᠋ᠦ ᠬᠦᠰᠡᠯ᠎ᠤᠨ ᠵᠢᠭᠦᠷ ᠤᠷᠭᠤᠭᠤᠯᠤᠯ᠎ᠠ᠃

《ᠪᠢᠳᠡ 〈 ᠤᠮᠠᠷᠠᠲᠤ  ᠬᠢᠯᠢ  ᠵᠢᠨ  ᠬᠦᠬᠡ ᠣᠭ᠍ᠲᠠᠷᠭᠤᠢ 〉 ᠢᠨᠵᠧᠨᠧᠷᠢᠩ᠎ᠢ᠋ ᠦᠢᠯᠡᠳᠦᠯᠭᠡᠵᠢᠬᠦᠯᠵᠦ᠂ ᠣᠢᠷ᠎ᠠ ᠵᠠᠮ᠎ᠤᠨ ᠠᠶᠠᠨᠴᠢᠳ ᠎ᠢ  ᠲᠡᠭᠡᠭᠡᠭ᠌ᠰᠡᠨ ᠬᠥᠮᠦᠨ ᠎ᠦ  ᠲᠣᠭ᠎ᠠ᠂ ᠨᠢᠰᠦᠯᠲᠡ ᠎ᠶ᠋ᠢᠨ  ᠴᠠᠭ ᠎ᠤᠨ ᠲᠣᠭ᠎ᠠ ᠎ᠪᠠᠷ  ᠵᠢᠯ ᠳᠠᠷᠠᠭᠠᠯᠠᠨ  ᠪᠥᠬᠥ᠌ ᠤᠯᠤᠰ ᠎ᠲᠤ ᠲᠡᠷᠢᠭᠦᠯᠡᠵᠦ᠍᠂ ᠠᠵᠢᠯ ᠲᠥᠷᠥᠯ ᠎ᠦᠨ ᠬᠡᠪ ᠳᠠᠭᠤᠷᠢᠶᠠᠯ ᠪᠣᠯᠵᠣ᠂ ᠠᠵᠢᠯᠯᠠᠭᠠᠨ ᠎ᠤ  ᠵᠠᠭ᠍ᠪᠤᠷ ᠎ᠢ  ᠪᠥᠬᠥ᠌  ᠤᠯᠤᠰ ᠲᠸ᠋ ᠳᠡᠯᠭᠡᠷᠡᠭᠦᠯᠵᠡᠢ》ᠬᠡᠵᠦ ᠦᠪᠦᠷ ᠮᠤᠩᠭᠤᠯ ᠎ᠤᠨ ᠨᠡᠢᠳᠡᠮ᠎ᠤᠨ ᠬᠡᠷᠡᠭ᠌ᠯᠡᠭᠡᠨ ᠎ᠦ ᠠᠭᠠᠷ ᠎ᠤᠨ ᠠᠶᠠᠯᠠᠯ ᠎ᠤᠨ᠎ᠺᠤᠮᠫᠠᠨᠢ  ᠵᠢᠨ ᠨᠠᠮ ᠎ᠤᠨ ᠬᠤᠷᠢᠶ᠎ᠠ ᠵᠢᠨ  ᠱᠦᠵᠢ ᠯᠢ ᠱᠢᠤᠸᠠᠢ ᠴᠧᠩ ᠶᠠᠷᠢᠵᠤ ᠪᠠᠢᠯ᠎ᠠ᠃ 《ᠦᠨᠳᠦᠰᠦᠲᠡᠨ ᠨᠤᠬᠦᠳ᠎ᠤᠨ ᠤᠯᠠᠨ ᠲᠦᠮᠡᠨ ᠬᠠᠮᠲᠤ ᠪᠠᠷ ᠪᠦᠯᠬᠦᠮᠳᠡᠨ ᠲᠡᠮᠡᠴᠡᠵᠦ᠍᠂ ᠬᠠᠮᠲᠤ ᠪᠠᠷ ᠴᠡᠴᠡᠭ᠌ᠯᠡᠨ ᠬᠥᠭ᠌ᠵᠢᠬᠦ᠌》ᠭᠣᠣᠯ ᠰᠡᠳᠦᠪ ᠎ᠤᠨ ᠲᠤᠭᠤᠷᠢᠨ  ᠳ᠋ᠦ᠂ ᠦᠪᠦᠷ ᠮᠤᠩᠭᠤᠯ ᠎ᠤᠨ ᠨᠡᠢᠳᠡᠮ ᠎ᠤᠨ ᠬᠡᠷᠡᠭ᠌ᠯᠡᠭᠡᠨ ᠎ᠦ ᠠᠭᠠᠷ ᠎ᠤᠨ ᠠᠶᠠᠯᠠᠯ ᠎ᠤᠨ  ᠺᠣᠮᠫᠠᠨᠢ ᠤᠯᠠᠨ ᠵᠢᠯ ᠎ᠤᠨ ᠲᠤᠷᠰᠢ᠂ ᠣᠷᠣᠨ ᠨᠤᠲᠤᠭ ᠎ᠤᠨ  ᠬᠦᠭᠵᠢᠯᠳᠡ ᠵᠢ ᠠᠬᠢᠭᠤᠯᠬᠤ᠂ ᠡᠶ᠎ᠡ ᠵᠣᠬᠢᠴᠠᠩᠭᠤᠢ ᠲᠣᠭ᠍ᠲᠠᠭᠤᠨ᠎ᠢ  ᠬᠠᠮᠠᠭᠠᠯᠠᠬᠤ ᠠᠵᠤ ᠠᠬᠤᠢᠯᠠᠯ ᠎ᠤᠨ  ᠡᠬᠦᠷᠭᠡ ᠬᠠᠷᠢᠭᠤᠴᠠᠯᠭ᠎ᠠ  ᠪᠠᠨ ᠬᠦᠢᠴᠡᠳᠭᠡᠵᠦ᠂  ᠦᠨᠳᠦᠰᠦᠲᠡᠨ  ᠨᠤᠬᠦᠳ᠎ᠤᠨ ᠬᠤᠪᠢ ᠵᠠᠶᠠᠭ᠎ᠠ  ᠪᠡᠨ ᠬᠠᠮᠳᠤᠳᠬᠠᠨ ᠰᠡᠳᠬᠢᠯ ᠵᠢᠷᠦᠭᠡ  ᠪᠡᠨ ᠬᠤᠯᠪᠤᠯᠴᠠᠭᠰᠠᠨ 《ᠵᠠᠮ ᠱᠤᠭᠤᠮ》 ᠎ᠤ᠋ᠨ ᠬᠦᠬᠦᠷᠭᠡ ᠵᠢ ᠴᠤᠭᠴᠠᠯᠠᠵᠤ᠂ ᠦᠨᠳᠦᠰᠦᠲᠡᠨ᠎ᠨᠦᠭᠦᠳ ᠎ᠦᠨ ᠤᠯᠠᠨ ᠲᠦᠮᠡᠨ ᠎ᠦ ᠬᠦᠷᠲᠡᠮᠵᠢ᠎ᠶ᠋ᠢᠨ ᠲᠦᠷᠦᠭ᠌ᠳᠡᠯ᠂  ᠵᠢᠷᠭᠠᠯᠲᠤ ᠲᠦᠷᠦᠭ᠌ᠳᠡᠯ᠂ ᠠᠮᠤᠷ ᠲᠦᠪᠱᠢᠨ ᠎ᠤ  ᠲᠥᠷᠦᠭ᠌ᠳᠡᠯ ᠎ᠢ ᠲᠠᠰᠤᠷᠠᠯᠲᠠ ᠦᠭᠡᠢ ᠨᠡᠮᠡᠭᠳᠡᠬᠦᠯᠬᠦ  ᠪᠤᠯᠦᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠤᠶᠠᠨ᠌ᠦ᠌ᠨᠳᠦᠰᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号