​ᠶᠠᠩᠱᠤᠤ ᠵᠢᠨ ᠪᠠᠭᠤᠷᠢ ᠵᠢ ᠬᠠᠢᠬᠤᠢ (ᠳᠡᠭᠡᠳᠦ) — ᠳᠠᠭ᠎ᠠ ᠶ᠋ᠢᠨ ᠨᠠᠭᠤᠷ᠎ᠤᠨ ᠪᠠᠭᠤᠷᠢ᠎ᠶ᠋ᠢᠨ ᠰᠦᠷᠦᠭ᠌ᠵᠢᠯ᠄ 7000 ᠵᠢᠯ᠎ᠦᠨ ᠡᠮᠦᠨᠡᠬᠢ ᠡᠷᠲᠠᠨ᠎ᠤ ᠬᠦᠮᠦᠨ ᠬᠠᠮᠢᠭ᠎ᠠ᠎ᠠᠴᠠ ᠢᠷᠡᠪᠡ ?
2021-12-24 09:26:49
ᠵᠣᠬᠢᠶᠠᠭ᠍ᠴᠢ᠄
ᠴᠠᠨ᠎ᠠ
ᠣᠩᠱᠢᠭ᠍ᠰᠠᠨ ᠣᠳᠠᠭ᠎ᠠ᠄
★★★☆☆

ᠡᠨᠡ ᠵᠢᠯ ᠪᠣᠯ ᠶᠠᠩᠱᠤᠤ᠎ᠶ᠋ᠢᠨ ᠰᠣᠶᠣᠯ᠎ᠢ ᠢᠯᠡᠷᠡᠭᠦᠯᠦᠭ᠌ᠰᠡᠨ100 ᠵᠢᠯ᠎ᠦᠨ ᠤᠢ ᠪᠣᠯᠤᠨ᠎ᠠ᠃ 1921 ᠣᠨ᠎ᠳᠤ ᠾᠧᠨᠠᠨ ᠮᠤᠵᠢ᠎ᠶ᠋ᠢᠨ ᠶᠠᠩᠱᠤᠤ ᠲᠣᠰᠭᠣᠨ᠎ᠤ ᠬᠠᠭᠤᠴᠢ ᠰᠤᠳᠤᠯᠤᠯ᠎ᠤᠨ ᠢᠯᠡᠷᠡᠭᠦᠯᠦᠯᠲᠡ ᠨᠢ ᠳᠤᠮᠳᠠᠳᠤ ᠤᠯᠤᠰ᠎ᠤᠨ ᠤᠳᠤ ᠦᠶ᠎ᠡ᠎ᠶ᠋ᠢᠨ ᠬᠠᠭᠤᠴᠢ ᠰᠤᠳᠤᠯᠤᠯ᠎ᠤᠨ ᠤᠬᠠᠭᠠᠨ᠎ᠤ ᠡᠬᠢᠯᠡᠯᠲᠡ᠎ᠶ᠋ᠢ ᠬᠠᠷᠠᠭᠤᠯᠪᠠ᠃ ᠶᠠᠡᠭ᠌ᠱᠤᠤ ᠵᠢᠨ ᠰᠣᠶᠣᠯ ᠣᠳᠣ᠎ᠠᠴᠠ ᠪᠠᠷᠤᠭ 7000 — 5000 ᠵᠢᠯ᠎ᠦᠨ ᠡᠮᠦᠨᠡᠬᠢ ᠬᠠᠲᠤᠨ ᠭᠣᠣᠯ᠎ᠤᠨ ᠳᠤᠮᠳᠠᠳᠤ ᠤᠷᠤᠰᠭᠠᠯ ᠳᠠᠭᠠᠤ ᠣᠷᠣᠱᠢᠵᠤ᠂ ᠭᠣᠣᠯᠳᠠᠭᠤ ᠣᠳᠣ᠎ᠶ᠋ᠢᠨ ᠾᠧᠨᠠᠨ᠂ ᠱᠠᠨᠰᠢ᠂ ᠱᠠᠨ ᠰᠢ᠂ ᠭᠠᠨᠰᠦ᠂ ᠾᠸᠪᠸᠢ᠂ ᠥᠪᠥᠷ ᠮᠣᠩᠭᠣᠯ᠂ ᠬᠤᠪᠸᠢ᠂ ᠬᠥᠬᠡᠨᠠᠭᠤᠷ᠂ ᠨᠢᠩᠱᠢᠶᠠ ᠵᠡᠷᠭᠡ ᠮᠤᠵᠢ ᠤᠷᠤᠨ᠎ᠳᠤ ᠲᠠᠷᠬᠠᠵᠤ ᠪᠠᠢᠨ᠎ᠠ᠃

ᠶᠠᠡᠭ᠌ᠱᠤᠤ ᠵᠢᠨ ᠰᠣᠶᠣᠯ᠎ᠤᠨ ᠤᠮᠠᠷᠠᠰᠢ ᠲᠡᠯᠡᠭᠰᠡᠨ ᠴᠢᠬᠤᠯᠠ ᠣᠷᠣᠨ ᠪᠦᠰᠡ ᠪᠣᠯᠤᠭ᠍ᠰᠠᠨ᠎ᠤ ᠬᠤᠪᠢ᠎ᠳᠤ᠂ ᠥᠪᠥᠷ ᠮᠣᠩᠭᠣᠯ ᠶᠠᠡᠭ᠌ᠱᠤᠤ ᠵᠢᠨ ᠦᠶ᠎ᠡ᠎ᠶ᠋ᠢᠨ ᠡᠯᠪᠡᠭ ᠪᠠᠶᠠᠯᠢᠭ ᠪᠠᠭᠤᠷᠢ ᠪᠠ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠢᠯᠡᠷᠡᠭᠦᠯᠵᠡᠶ᠃ ᠶᠠᠡᠭ᠌ᠱᠤᠤ ᠵᠢᠨ ᠰᠣᠶᠣᠯ᠎ᠢ ᠢᠯᠡᠷᠡᠭᠦᠯᠦᠭ᠌ᠰᠡᠨ 100 ᠵᠢᠯ᠎ᠦᠨ ᠤᠢ᠎ᠶ᠋ᠢᠨ ᠲᠠᠱᠢᠷᠠᠮ᠎ᠢᠶᠠᠷ ᠰᠤᠷᠪᠤᠯᠵᠢᠯᠠᠭ᠍ᠴᠢ ᠲᠡᠭᠦᠨ᠎ᠦ ᠤᠮᠠᠷᠠᠰᠢ ᠲᠡᠯᠡᠭᠰᠡᠨ ᠵᠠᠮ᠎ᠢᠶᠠᠷ ᠬᠣᠶᠠᠷ ᠦᠶ᠎ᠡ᠎ᠶ᠋ᠢᠨ ᠥᠪᠥᠷ ᠮᠣᠩᠭᠣᠯ᠎ᠤᠨ ᠬᠠᠭᠤᠴᠢ ᠰᠤᠳᠤᠯᠤᠭ᠍ᠴᠢᠳ᠎ᠤᠨ ᠢᠯᠡᠷᠡᠭᠦᠯᠦᠭ᠌ᠰᠡᠨ ᠪᠠᠭᠤᠷᠢ᠎ᠶ᠋ᠢ ᠬᠠᠢᠨ ᠰᠤᠷᠪᠤᠯᠵᠢᠯᠠᠵᠤ᠂ ᠶᠠᠡᠭ᠌ᠱᠤᠤ ᠵᠢᠨ ᠴᠠᠭ ᠦᠶ᠎ᠡ᠎ᠶ᠋ᠢ ᠰᠡᠷᠭᠦᠭᠡᠬᠦ᠎ᠪᠠᠷ ᠲᠤᠷᠰᠢᠵᠠᠢ᠃ ᠲᠡᠷᠡ ᠬᠦ᠌ ᠭᠡᠷᠡᠯ ᠰᠠᠴᠤᠷᠠᠩᠭᠤᠶ 2000 ᠭᠠᠷᠤᠶ ᠵᠢᠯ ᠡᠷᠲᠠᠨ᠎ᠤ ᠬᠥᠮᠦᠨ᠎ᠬᠠᠮᠢᠭ᠎ᠠ᠎ᠠᠴᠠ ᠢᠷᠡᠭ᠌ᠰᠡᠨ ᠪᠤᠢ?ᠲᠡᠳᠡ ᠥᠩᠭᠡᠷᠡᠭ᠌ᠰᠡᠨ᠎ᠳᠦ ᠶᠠᠭᠠᠬᠢᠵᠤ ᠠᠮᠢᠳᠤᠷᠠᠵᠤ ᠪᠠᠢᠭ᠍ᠰᠠᠨ ᠪᠤᠯ? ᠲᠡᠦᠬᠡ᠎ᠶ᠋ᠢ ᠬᠡᠷᠬᠢᠨ ᠪᠦᠲᠦᠭᠡᠭᠰᠡᠨ ᠪᠤᠯ?


QQ截图20211224092416.jpg


ᠲᠠᠷᠢᠶᠠᠯᠠᠩ ᠠᠩᠨᠠᠯ᠎ᠤᠨ ᠪᠠᠯᠠᠷ ᠡᠷᠲᠡᠨ᠎ᠦ ᠠᠮᠢᠳᠤᠷᠠᠯ

ᠥᠨᠥᠳᠦᠷ᠎ᠦᠨ ᠸᠠᠩ ᠮᠦ᠍ ᠱᠠᠨ ᠪᠠᠭᠤᠷᠢ ᠪᠣᠯ ᠤᠯᠠᠭᠠᠨᠴᠠᠪ ᠬᠣᠲᠠ᠎ᠶ᠋ᠢᠨ ᠯᠢᠶᠠᠩᠴᠧᠩ ᠱᠢᠶᠠᠨ᠎ᠠᠴᠠ ᠪᠠᠷᠠᠭᠤᠨ ᠬᠣᠢᠰᠢ 17 ᠺᠢᠯᠣᠮᠧᠲ᠋ᠷ ᠵᠠᠢᠲᠠᠶ᠂ ᠳᠠᠭ᠎ᠠ᠎ᠶ᠋ᠢᠨ ᠨᠠᠭᠤᠷ᠎ᠤᠨ ᠡᠮᠦᠨ᠎ᠡ ᠡᠷᠭᠢ᠎ᠡᠴᠡ 2.5 ᠺᠢᠯᠣᠮᠧᠲ᠋ᠷ ᠵᠠᠢᠲᠠᠶ ᠪᠠᠢᠵᠤ᠂ ᠳᠠᠭ᠎ᠠ᠎ᠶ᠋ᠢᠨ ᠨᠠᠭᠤᠷ᠎ᠤᠨ ᠪᠠᠭᠤᠷᠢ᠎ᠶ᠋ᠢᠨ ᠳᠣᠲᠣᠷᠠᠬᠢ ᠶᠠᠩᠱᠤᠤ ᠵᠢᠨ ᠰᠣᠶᠣᠯ᠎ᠤᠨ ᠴᠢᠬᠤᠯᠠ ᠪᠠᠭᠤᠷᠢ ᠪᠣᠯᠤᠨ᠎ᠠ᠃ 10 ᠰᠠᠷ᠎ᠠ᠎ᠶ᠋ᠢᠨ ᠳᠤᠮᠳᠠᠴᠢ᠎ᠪᠠᠷ᠂ ᠯᠢᠶᠠᠩᠴᠧᠩ ᠱᠢᠶᠠᠨ᠎ᠤ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠬᠠᠮᠠᠭᠠᠯᠠᠬᠤ ᠲᠥᠪ᠎ᠦᠨ ᠡᠷᠬᠢᠯᠡᠭ᠌ᠴᠢ ᠹᠠᠩ ᠬᠣᠩ ᠮᠢᠩ ᠮᠠᠨ᠎ᠢ ᠳᠠᠭᠠᠭᠤᠯᠤᠨ ᠡᠨᠳᠡ ᠢᠷᠡᠵᠦ᠍ ᠰᠤᠷᠪᠤᠯᠵᠢᠯᠠᠭᠰᠠᠨ ᠪᠢᠯᠡ᠃ ᠲᠡᠭᠦᠨ᠎ᠤ ᠲᠠᠨᠢᠯᠴᠠᠭᠤᠯᠬᠤ ᠪᠡᠷ᠂ ᠸᠠᠩ ᠮᠦ᠍ ᠱᠠᠨ᠎ᠤ ᠪᠠᠷᠠᠭᠤᠨ ᠬᠣᠢᠲᠤ ᠪᠠᠯ᠎ᠳᠤ ᠳᠤᠤᠷ᠎ᠠ᠎ᠠᠴᠠ ᠳᠡᠭᠡᠭ᠌ᠰᠢ ᠳᠠᠷᠠᠭᠠᠯᠠᠨ ᠭᠤᠷᠪᠠᠨ ᠴᠠᠭ ᠦᠶ᠎ᠡ᠎ᠨᠢ ᠠᠳᠠᠯᠢ ᠪᠤᠰᠤ᠂ ᠠᠭᠤᠯᠤᠭ᠍ᠳᠠᠬᠤᠨ᠎ᠨᠢ ᠤᠨᠳᠤᠤ ᠰᠣᠶᠣᠯ᠎ᠤᠨ ᠦᠯᠡᠳᠡᠭ᠌ᠳᠡᠯ ᠪᠠᠢᠳᠠᠭ᠂ ᠡᠢᠮᠦ᠍᠎ᠡᠴᠡ ᠸᠠᠩ ᠮᠦ᠍ ᠱᠠᠨ᠎ᠤ ᠪᠠᠯ᠎ᠠᠴᠠ ᠳᠣᠭᠣᠭ᠍ᠰᠢ᠂ ᠪᠠᠯ ᠳᠤᠮᠳᠠ ᠪᠠ ᠪᠠᠯ ᠳᠡᠭᠡᠷᠡᠬᠢ ᠪᠠᠭᠤᠷᠢ ᠭᠡᠵᠦ᠍ ᠲᠣᠰ ᠲᠣᠰ ᠨᠡᠷᠡᠢᠳᠪᠡ᠃ ᠢᠯᠡᠷᠡᠭᠦᠯᠦᠭ᠌ᠰᠡᠨ 500 ᠮᠧᠲ᠋ᠷ᠎ᠦᠨ ᠳᠣᠲᠣᠷᠠᠬᠢ ᠭᠤᠷᠪᠠᠨ ᠪᠠᠭᠤᠷᠢ᠎ᠠᠴᠠ 1000 ᠭᠠᠷᠤᠶ ᠵᠢᠯ᠎ᠦᠨ ᠬᠤᠭᠤᠴᠠᠭᠠᠨ᠎ᠳᠤ ᠤᠷᠢᠳ ᠬᠣᠵᠢᠳ ᠭᠤᠷᠪᠠᠨ ᠪᠦᠯᠦᠭ ᠬᠥᠮᠦᠰ ᠡᠨᠳᠡ ᠨᠡᠭᠦᠵᠦ᠍ ᠢᠷᠡᠭᠡᠳ ᠲᠡᠷᠡ ᠴᠠᠭ ᠦᠶ᠎ᠡ᠎ᠶ᠋ᠢᠨ ᠡᠷᠬᠢᠮ ᠨᠠᠨᠳᠢᠨ ᠤᠯᠠ ᠮᠥᠷ᠎ᠢ ᠦᠯᠡᠳᠡᠭᠡᠭ᠌ᠰᠡᠨ ᠭᠡᠵᠦ ᠲᠠᠭᠠᠮᠠᠭᠯᠠᠵᠤ ᠪᠣᠯᠤᠨ᠎ᠠ ᠭᠡᠨ᠎ᠡ᠃

ᠸᠠᠩ ᠮᠦ᠍ ᠱᠠᠨ ᠪᠠᠭᠤᠷᠢ᠎ᠠᠴᠠ 600 ᠭᠠᠷᠤᠶ ᠮᠧᠲ᠋ᠷ ᠵᠠᠢᠲᠠᠶ ᠱᠢ ᠬ᠍ᠦ ᠱᠠᠨ᠎ᠤ ᠣᠷᠣᠶ᠎ᠳᠤ ᠭᠠᠷᠪᠠᠯ ᠳᠠᠭ᠎ᠠ᠎ᠶ᠋ᠢᠨ ᠨᠠᠭᠤᠷ᠎ᠤᠨ ᠪᠦᠬᠦ᠌ ᠦᠵᠡᠮᠵᠢ᠎ᠶ᠋ᠢ ᠣᠯᠵᠤ ᠰᠤᠨᠢᠷᠠᠬᠨ᠎ᠠ᠃ ᠥᠪᠥᠷ ᠮᠣᠩᠭᠣᠯ᠎ᠤᠨ ᠭᠤᠷᠪᠠᠳᠤᠭᠠᠷ ᠶᠡᠬᠡ ᠳᠣᠲᠣᠭᠠᠳᠤ ᠬᠠᠭᠤᠷᠠᠶ᠎ᠶ᠋ᠢᠨ ᠨᠠᠭᠤᠷ ᠪᠤᠯᠬᠤ ᠲᠠᠭ᠎ᠠ ᠶ᠋ᠢᠨ ᠨᠠᠭᠤᠷ᠎ᠤᠨ ᠲᠠᠯᠠᠪᠠᠶ ᠨᠢ ᠪᠠᠷᠤᠭ 50 ᠲᠡᠭ᠌ᠰᠢ ᠳᠥᠷᠪᠡᠯᠵᠢᠨ ᠺᠢᠯᠣᠮᠧᠲ᠋ᠷ ᠪᠠᠢᠵᠤ᠂ ᠶᠠᠩᠱᠤᠤ ᠵᠢᠨ ᠰᠣᠶᠣᠯ᠎ᠤᠨ ᠦᠶ᠎ᠡ᠎ᠳᠦ ᠲᠡᠭᠦᠨ᠎ᠦ ᠲᠠᠯᠠᠪᠠᠶ ᠨᠢ ᠣᠲᠣ᠎ᠶ᠋ᠢᠨ 4 ᠳᠠᠬᠢᠨ ᠪᠠᠢᠵᠠᠢ᠃ ᠳᠠᠭ᠎ᠠ᠎ᠶ᠋ᠢᠨ ᠨᠠᠭᠤᠷ᠎ᠤᠨ ᠡᠷᠭᠢᠨ ᠲᠣᠭᠣᠷᠢᠨ᠎ᠳᠤ ᠮᠠᠰᠢ ᠣᠯᠠᠨ ᠪᠠᠭᠤᠷᠢ ᠢᠯᠡᠷᠡᠭ᠌ᠰᠡᠨ ᠨᠢ ᠡᠷᠲᠠᠨ᠎ᠤ ᠬᠦᠮᠦᠰ ᠳᠠᠭ᠎ᠠ᠎ᠶ᠋ᠢᠨ ᠨᠠᠭᠤᠷ ᠵᠢᠴᠢ ᠡᠷᠭᠢᠨ ᠲᠣᠭᠣᠷᠢᠨ᠎ᠤ ᠰᠠᠢᠨ ᠰᠠᠢᠬᠠᠨ ᠪᠠᠢᠭᠠᠯᠢ᠎ᠶ᠋ᠢᠨ ᠡᠬᠢ ᠪᠠᠶᠠᠯᠢᠭ᠎ᠢ ᠲᠦᠱᠢᠭ᠌ᠯᠡᠵᠦ᠍ ᠪᠠᠢᠭ᠍ᠰᠠᠨ᠎ᠠᠴᠠ ᠪᠣᠯᠵᠠᠶ᠃


QQ截图20211224092324.jpg


QQ截图20211224092400.jpg



ᠱ᠌ᠢ ᠬ᠍ᠦ ᠱᠠᠨ ᠪᠠᠭᠤᠷᠢ ᠪᠣᠯ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠤᠨ ᠬᠠᠮᠤᠭ ᠡᠷᠲᠡ ᠢᠯᠡᠷᠡᠭᠦᠯᠦᠭ᠌ᠰᠡᠨ ᠶᠠᠩᠱᠤᠤ ᠵᠢᠨ ᠰᠣᠶᠣᠯ᠎ᠤᠨ ᠡᠷᠲᠡ ᠦᠶ᠎ᠡ᠎ᠶ᠋ᠢᠨ ᠲᠥᠯᠥᠭᠡᠯᠡᠬᠦ᠌ ᠴᠢᠨᠠᠷᠲᠠᠢ ᠦᠯᠡᠳᠡᠭ᠌ᠳᠡᠯ ᠪᠣᠯᠤᠨ᠎ᠠ᠂ ᠤᠳᠤ ᠪᠠᠰᠠ ᠲᠤᠬᠠᠢ᠎ᠶ᠋ᠢᠨ ᠵᠢᠯ᠎ᠦᠨ ᠬᠠᠭᠤᠴᠢ ᠰᠤᠳᠤᠯᠤᠯ᠎ᠤᠨ ᠮᠠᠯᠲᠠᠵᠤ ᠢᠯᠡᠷᠡᠭᠦᠯᠦᠭ᠌ᠰᠡᠨ ᠣᠷᠣ ᠮᠥᠷ ᠵᠢᠴᠢ ᠭᠠᠵᠠᠷ ᠤᠨᠠᠭ᠍ᠰᠠᠨ ᠤᠯᠠᠭᠠᠨ ᠸᠠᠭᠠᠷ᠎ᠤᠨ ᠬᠠᠭᠠᠷᠬᠠᠢ ᠪᠣᠯᠤᠨ ᠴᠢᠯᠠᠭᠤᠨ ᠵᠡᠪᠰᠡᠭ᠎ᠦᠨ ᠬᠡᠯᠲᠡᠷᠬᠡᠢ ᠬᠠᠷᠠᠭᠳᠠᠨ᠎ᠠ᠃ ᠹᠠᠩ ᠬᠣᠩ ᠮᠢᠩ ᠸᠠᠭᠠᠷ ᠰᠠᠪᠠ᠎ᠶ᠋ᠢᠨ ᠠᠮᠠᠰᠠᠷ᠎ᠤᠨ ᠬᠠᠭᠠᠷᠬᠠᠢ ᠰᠢᠬ ᠤᠯᠠᠭᠠᠨ ᠸᠠᠭᠠᠷ᠎ᠤᠨ ᠬᠠᠭᠠᠷᠬᠠᠢ᠎ᠶ᠋ᠢ ᠲᠡᠭᠦᠵᠦ᠍ ᠠᠪᠤᠭᠠᠳ᠂ ᠬᠣᠶᠠᠷ ᠲᠡᠭ᠌ᠰᠢ ᠭᠡᠮᠲᠡᠢ ᠵᠢᠵᠢᠭ ᠨᠦᠬᠡ᠎ᠶ᠋ᠢ ᠵᠢᠭᠠᠵᠤ᠄ 《ᠡᠨᠡ ᠬᠣᠶᠠᠷ ᠵᠢᠵᠢᠭ ᠨᠦᠬᠡ ᠪᠠᠷᠤᠭ ᠸᠠᠭᠠᠷ ᠰᠠᠪᠠ ᠨᠢ ᠡᠪᠳᠡᠷᠡᠭ᠌ᠰᠡᠨ᠎ᠦ ᠳᠠᠷᠠᠭ᠎ᠠ᠂ ᠡᠷᠲᠠᠨ᠎ᠤ ᠬᠦᠮᠦᠨ ᠰᠡᠯᠪᠢᠨ ᠵᠠᠰᠠᠬᠤ ᠦᠶ᠎ᠡ᠎ᠳᠦ ᠤᠨᠠᠭᠠᠭᠰᠠᠨ ᠮᠠᠭᠠᠳ》 ᠭᠡᠵᠦ ᠮᠠᠨ᠎ᠳᠤ ᠲᠠᠨᠢᠯᠴᠠᠭᠤᠯᠤᠯ᠎ᠠ᠃

ᠬᠠᠭᠤᠴᠢ ᠰᠤᠳᠤᠯᠤᠯ᠎ᠤᠨ ᠢᠯᠡᠷᠡᠭᠦᠯᠦᠯᠲᠡ᠎ᠶ᠋ᠢ ᠦᠨᠳᠦᠰᠦᠯᠡᠪᠡᠯ᠂ ᠣᠲᠣ᠎ᠠᠴᠠ ᠪᠠᠷᠤᠭ 6000 ᠵᠢᠯ᠎ᠦᠨ ᠡᠮᠦᠨ᠎ᠡ᠂ ᠲᠠᠭ᠎ᠠ᠎ᠶ᠋ᠢᠨ ᠨᠠᠭᠤᠷ᠎ᠤᠨ ᠡᠷᠬᠢᠨ ᠲᠣᠭᠣᠷᠢᠨ ᠪᠣᠯ ᠳᠤᠯᠠᠭᠠᠨ ᠴᠢᠭᠢᠭ᠌ᠯᠢᠭ ᠠᠮᠢᠳᠤᠷᠠᠬᠤ᠎ᠳᠤ ᠲᠣᠬᠢᠷᠠᠮᠵᠢᠲᠠᠶ ᠣᠷᠣᠨ ᠪᠠᠢᠵᠠᠢ᠃ ᠵᠦᠩᠶᠤᠸᠠᠨ ᠣᠷᠣᠨ᠎ᠠᠴᠠ ᠡᠨᠳᠡ ᠨᠡᠭᠦᠵᠦ᠍ ᠢᠷᠡᠭ᠌ᠰᠡᠨ ᠡᠷᠲᠠᠨ᠎ᠤ ᠬᠦᠮᠦᠨ ᠨᠠᠷᠠᠨ ᠲᠠᠯ᠎ᠠ ᠵᠢᠨ ᠠᠭᠤᠯᠠᠨ ᠪᠠᠯ ᠳᠡᠭᠡᠷ᠎ᠡ ᠨᠦᠭᠡᠨ ᠭᠡᠷ ᠪᠠᠷᠢᠵᠤ᠂ ᠲᠠᠷᠢᠶᠠᠯᠠᠩ ᠦᠢᠯᠡᠳᠪᠦᠷᠢᠯᠡᠯ᠎ᠢᠶᠡᠷ ᠭᠣᠣᠯᠯᠠᠵᠤ᠂ ᠵᠢᠭᠠᠰᠤ ᠠᠩᠨᠠᠬᠤ ᠪᠠ ᠠᠩ ᠠᠩᠨᠠᠬᠤ᠎ᠶ᠋ᠢ ᠬᠠᠪᠰᠤᠷᠭᠠᠨ᠂ ᠭᠠᠷ ᠦᠢᠯᠡᠳᠪᠦᠷᠢᠯᠡᠯ᠎ᠦᠨ ᠬᠢᠷᠢ ᠬᠡᠮᠵᠢᠶ᠎ᠡ ᠨᠢ ᠳᠡᠭᠡᠭᠰᠢᠯᠡᠨ ᠬᠡᠪᠴᠢᠶ᠎ᠡ ᠨᠢ ᠲᠠᠰᠤᠷᠠᠯᠲᠠ ᠦᠭᠡᠶ ᠦᠷᠭᠡᠳᠪᠡ᠃ ᠲᠡᠳᠡ ᠭᠤᠤᠯᠳᠠᠭᠤ ᠰᠢᠪᠠᠷ ᠵᠢᠡᠷ ᠬᠢᠭᠰᠡᠨ ᠸᠠᠭᠠᠷ ᠰᠠᠪᠠ ᠬᠡᠷᠡᠭᠯᠡᠨ᠂ ᠡᠯᠡᠰᠦ ᠬᠠᠪᠴᠢᠭᠤᠯᠤᠭᠰᠠᠨ ᠸᠠᠭᠠᠷ ᠰᠠᠪᠠ ᠪᠠ ᠴᠢᠯᠠᠭᠤ ᠪᠡᠷ ᠬᠢᠭᠰᠡᠨ ᠸᠠᠭᠠᠷ ᠰᠠᠪᠠ ᠵᠢ ᠴᠦᠬᠡᠨ ᠬᠡᠷᠡᠭᠯᠡᠵᠦ ᠪᠠᠢᠵᠠᠢ᠃ ᠡᠯᠡᠰᠦ ᠬᠠᠪᠴᠢᠭᠤᠯᠤᠭᠰᠠᠨ ᠸᠠᠭᠠᠷ ᠰᠠᠪᠠ ᠵᠢᠨ ᠣᠯᠠᠩᠬᠢ ᠨᠢ ᠲᠣᠭᠣᠭᠠᠨ ᠭᠡᠷ᠎ᠤᠨ ᠬᠡᠷᠡᠭ᠌ᠰᠡᠯ ᠪᠠᠢᠵᠤ᠂ ᠱᠢᠪᠠᠷ ᠵᠢᠡᠷ ᠬᠢᠭᠰᠡᠨ ᠸᠠᠭᠠᠷ ᠰᠠᠪᠠ ᠵᠢ ᠰᠠᠪᠠᠯᠠᠬᠤ ᠬᠡᠷᠡᠭᠰᠡᠯ ᠪᠤᠶᠤ ᠤᠰᠤ ᠲᠠᠲᠠᠬᠤ ᠰᠠᠪᠠ ᠪᠣᠯᠭᠠᠨ ᠬᠡᠷᠡᠭ᠌ᠯᠡᠵᠦ᠍᠂ ᠥᠪᠡᠷ᠎ᠦᠨ᠎ᠬᠡᠷᠡᠭ᠌ᠴᠡᠭᠡ᠎ᠪᠡᠨ᠎ᠥᠪᠡᠷ᠎ᠢᠶᠡᠨ᠎ᠬᠠᠩᠭᠠᠭ᠍ᠰᠠᠨ ᠰᠠᠭᠤᠷᠢᠨ ᠳᠡᠭᠡᠷ᠎ᠡ ᠠᠮᠢᠳᠤᠷᠠᠯ᠎ᠤᠨ ᠬᠡᠷᠡᠭ᠌ᠰᠡᠯ ᠨᠢ ᠵᠣᠬᠢᠬᠤ ᠦᠯᠡᠳᠡᠪᠦᠷᠢ᠎ᠲᠡᠶ ᠪᠣᠯᠪᠠ᠃

ᠣᠳᠣ᠎ᠠᠴᠠ 5500 — 5000 ᠵᠢᠯ᠎ᠦᠨ ᠬᠣᠭᠣᠷᠣᠨᠳᠣ᠂ ᠬᠥᠮᠦᠨ ᠲᠥᠷᠥᠯᠬᠢᠲᠡᠨ᠎ᠦ ᠬᠥᠭ᠌ᠵᠢᠯᠲᠡ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠲᠦ ᠣᠷᠭᠢᠯ᠎ᠳᠠᠭᠠᠨ ᠲᠤᠯᠵᠠᠶ᠃ ᠡᠨᠡ ᠦᠶ᠎ᠡ᠎ᠶ᠋ᠢᠨ ᠪᠠᠭᠤᠷᠢ᠎ᠳᠤ ᠲᠤᠭᠤᠷᠢᠬ ᠰᠤᠪᠠᠭ ᠢᠯᠡᠷᠡᠭ᠌ᠰᠡᠨ ᠨᠢ ᠲᠤᠬᠠᠶ᠎ᠶ᠋ᠢᠨ ᠦᠶ᠎ᠡ᠎ᠳᠦ ᠨᠢᠭᠡᠨᠲᠡ ᠲᠣᠭ᠍ᠲᠠᠪᠤᠷᠢᠲᠠᠶ ᠠᠢᠮᠠᠭ᠎ᠤᠭᠰᠠᠭ᠎ᠠ ᠤᠷᠤᠰᠢᠵᠤ ᠪᠠᠢᠬᠰᠠᠨ᠎ᠢ ᠬᠠᠷᠠᠭᠤᠯᠵᠤ ᠪᠠᠢᠨ᠎ᠠ᠃ ᠬᠥᠮᠦᠰ ᠰᠠᠭᠤᠷᠢᠱᠢᠨ ᠠᠮᠢᠳᠤᠷᠠᠵᠤ᠂ ᠬᠡᠷ ᠪᠠᠢᠱᠢᠩ ᠎ᠳᠤ ᠡᠳ᠋ ᠪᠣᠳᠠᠰ ᠬᠠᠳᠠᠭᠠᠯᠠᠬᠤ ᠵᠣᠭᠣᠷᠢ ᠢᠯᠡᠷᠡᠭᠰᠡᠨ ᠨᠢ ᠡᠳ᠋ ᠪᠣᠳᠠᠰ᠎ᠤᠨ ᠦᠯᠡᠳᠡᠪᠦᠷᠢ᠎ᠲᠠᠢ ᠪᠤᠯᠬᠤ᠎ᠶ᠋ᠢ ᠳᠠᠭᠠᠯᠳᠤᠨ ᠪᠣᠶ ᠪᠣᠯᠵᠠᠢ᠃ ᠡᠨᠡ ᠬᠤᠭᠤᠴᠠᠭᠠᠨ᠎ᠳᠤ ᠪᠠᠰᠠ ᠨᠡᠯᠢᠶᠡᠳ ᠶᠡᠬᠡ ᠲᠠᠯᠠᠪᠠᠢ᠎ᠲᠠᠶ ᠭᠡᠷ ᠪᠠᠢᠱᠢᠩ ᠢᠯᠡᠷᠡᠵᠡᠶ᠂ ᠡᠭᠦᠨ᠎ᠢ ᠦᠨᠳᠦᠰᠦᠯᠡᠪᠡᠯ᠂ ᠲᠤᠬᠠᠶ᠎ᠶ᠋ᠢᠨ ᠦᠶ᠎ᠡ᠎ᠳᠦ ᠲᠠᠬᠢᠯᠭ᠎ᠠ ᠬᠢᠬᠦ᠌ ᠪᠤᠶᠤ ᠬᠡᠷᠡᠭ ᠵᠥᠪᠯᠡᠬᠦ᠌ ᠨᠡᠢᠲᠡ᠎ᠶ᠋ᠢᠨ ᠠᠵᠢᠯᠯᠠᠭ᠎ᠠ ᠵᠢᠨ ᠣᠷᠣᠨ ᠵᠠᠶ ᠪᠤᠢ ᠪᠤᠯᠵᠠᠢ᠃ ᠶᠠᠡᠭ᠌ᠱᠤᠤ ᠵᠢᠨ ᠰᠣᠶᠣᠯ᠎ᠤᠨ ᠲᠦᠷᠭᠡᠨ ᠬᠥᠭ᠌ᠵᠢᠯᠲᠡ ᠪᠠ ᠠᠭᠤᠷ ᠠᠮᠢᠰᠭᠤᠯ᠎ᠤᠨ ᠬᠤᠪᠢᠷᠠᠯᠲᠠ᠎ᠶ᠋ᠢ ᠳᠠᠭᠠᠯᠳᠤᠨ᠂ ᠨᠡᠢᠭᠡᠮ᠎ᠦᠨ ᠪᠦᠲᠦᠴᠡ᠎ᠳᠦ ᠠᠭᠠᠵᠢᠮ᠎ᠢᠶᠠᠷ ᠬᠤᠪᠢᠷᠠᠯᠲᠠ ᠭᠠᠷᠴᠤ᠌᠂ ᠬᠡᠳᠦᠨ ᠵᠠᠭᠤᠨ ᠵᠢᠯ᠎ᠦᠨ ᠳᠠᠷᠠᠭ᠎ᠠ ᠶᠠᠡᠭ᠌ᠱᠤᠤ ᠵᠢᠨ ᠰᠣᠶᠣᠯ ᠠᠭᠠᠵᠢᠮ᠎ᠢᠶᠠᠷ ᠳᠣᠷᠣᠢᠳᠠᠨ ᠪᠠᠭᠤᠷᠠᠵᠤ᠂ ᠯᠦᠡᠭ᠌ᠱᠠᠨ᠎ᠤ ᠰᠣᠶᠣᠯ ᠮᠠᠨᠳᠤᠨ ᠬᠦᠭᠵᠢᠭᠰᠡᠨ ᠪᠠᠢᠨ᠎ᠠ᠃


QQ截图20211224092431.jpg



ᠬᠠᠭᠤᠴᠢ ᠰᠤᠳᠤᠯᠤᠭ᠍ᠴᠢᠳ᠎ᠤᠨ ᠬᠠᠢᠨ ᠰᠦᠪᠡᠭ᠌ᠴᠢᠯᠡᠬᠰᠡᠨ ᠵᠠᠮ

ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠦᠨ ᠶᠠᠩᠱᠤᠤ ᠵᠢᠨ ᠰᠣᠶᠣᠯ᠎ᠤᠨ ᠪᠠᠭᠤᠷᠢ ᠳᠣᠲᠣᠷ᠎ᠠ ᠳᠠᠭ᠎ᠠ᠎ᠶ᠋ᠢᠨ ᠨᠠᠭᠤᠷ᠎ᠤᠨ ᠪᠠᠭᠤᠷᠢ᠎ᠶ᠋ᠢᠨ ᠰᠦᠷᠦᠭ ᠪᠣᠯ ᠨᠡᠢᠲᠡᠯᠢᠭ ᠴᠢᠨᠠᠷ ᠲᠠᠶ ᠪᠠᠭ᠎ᠠ ᠣᠷᠣᠨ ᠪᠦᠰᠡ ᠵᠢᠨ ᠰᠣᠶᠣᠯ᠎ᠤᠨ ᠦᠯᠡᠳᠡᠭ᠌ᠳᠡᠯ ᠪᠣᠯᠤᠨ᠎ᠠ᠃ ᠬᠠᠭᠤᠴᠢ ᠰᠤᠳᠤᠯᠤᠯ᠎ᠤᠨ ᠦᠷ᠎ᠡ ᠪᠦᠲᠦᠭᠡᠯ᠎ᠡᠴᠡ ᠦᠵᠡᠪᠡᠯ᠂ ᠲᠠᠭ᠎ᠠ᠎ᠶ᠋ᠢᠨ ᠨᠠᠭᠤᠷ᠎ᠤᠨ ᠪᠠᠭᠤᠷᠢ᠎ᠨᠤᠭᠤᠳ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠦᠨ ᠱᠢᠨ᠎ᠡ ᠴᠢᠯᠠᠭᠤᠨ ᠵᠡᠪᠰᠡᠭ᠎ᠦᠨ ᠰᠣᠶᠣᠯ᠎ᠤᠨ ᠪᠠᠭᠤᠷᠢ᠎ᠵᠢᠨ ᠳᠤᠲᠤᠷ᠎ᠠ ᠲᠥᠯᠥᠭᠡᠯᠡᠬᠦ᠌ ᠴᠢᠨᠠᠷᠲᠠᠶ ᠪᠥᠭᠡᠳ ᠢᠯᠡᠷᠭᠡᠢ ᠴᠢᠨᠠᠷᠲᠠᠶ ᠪᠠᠢᠳᠠᠭ; ᠬᠠᠭᠤᠴᠢ ᠰᠤᠳᠤᠯᠤᠯ᠎ᠤᠨ ᠠᠷᠭ᠎ᠠ᠎ᠠᠴᠠ ᠦᠵᠡᠪᠡᠯ᠂ ᠥᠪᠥᠷ ᠮᠣᠩᠭᠣᠯ᠎ᠤᠨ ᠠᠬᠠᠮᠠᠳ ᠨᠢᠭᠡ ᠦᠶ᠎ᠡ᠎ᠶ᠋ᠢᠨ ᠬᠠᠭᠤᠴᠢ ᠰᠤᠳᠤᠯᠤᠭᠴᠢᠳ ᠳᠠᠭ᠎ᠠ᠎ᠶ᠋ᠢᠨ ᠨᠠᠭᠤᠷ᠎ᠤᠨ ᠡᠷᠬᠢᠨ ᠲᠣᠭᠣᠷᠢᠨ᠎ᠤ ᠪᠠᠭ᠎ᠠ ᠣᠷᠣᠨ ᠪᠦᠰᠡ᠎ᠳᠦ ᠰᠣᠶᠣᠯ᠎ᠤᠨ ᠴᠠᠳᠢᠭ᠎ᠤᠨ ᠪᠠᠢᠭᠤᠯᠤᠯᠳᠠ᠎ᠪᠠᠷ ᠰᠠᠭᠤᠷᠢ ᠪᠣᠯᠭᠠᠵᠤ᠂ ᠲᠦᠪᠯᠡᠷᠡᠩᠭᠦᠢ ᠰᠠᠭᠤᠷᠢᠱᠢᠯ᠎ᠤᠨ ᠬᠠᠭᠤᠴᠢ ᠰᠤᠳᠤᠯᠤᠯ ᠪᠣᠯᠤᠨ ᠣᠷᠴᠢᠨ ᠲᠣᠭᠣᠷᠢᠨ᠎ᠤ ᠬᠠᠭᠤᠴᠢ ᠰᠤᠳᠤᠯᠤᠯ᠎ᠢᠶᠠᠷ ᠶᠡᠷᠦᠩᠬᠡᠢᠯᠡᠭ᠌ᠰᠡᠨ ᠰᠤᠳᠤᠯᠭᠠᠨ ᠥᠷᠨᠢᠭᠦᠯᠦᠭᠡᠳ ᠳᠤᠮᠳᠠᠳᠤ ᠤᠯᠤᠰ᠎ᠤᠨ ᠣᠷᠣᠨ ᠪᠦᠰᠡ᠎ᠶ᠋ᠢᠨ ᠴᠢᠨᠠᠷᠲᠠᠢ ᠬᠠᠭᠤᠴᠢ ᠰᠤᠳᠤᠯᠤᠯ᠎ᠤᠨ ᠵᠢᠱ᠌ᠢᠢ᠎ᠡ᠎ᠶ᠋ᠢ ᠡᠭᠦᠳᠴᠦ᠍᠂ ᠲᠤᠬᠠᠢ᠎ᠶ᠋ᠢᠨ ᠦᠶ᠎ᠡ᠎ᠳᠦ ᠪᠦᠬᠦ᠌ ᠤᠯᠤᠰ᠎ᠤᠨ ᠬᠠᠭᠤᠴᠢ ᠰᠤᠳᠤᠯᠤᠯ᠎ᠤᠨ ᠠᠵᠢᠯ᠎ᠤᠨ ᠡᠮᠦᠨ᠎ᠡ ᠡᠩᠨᠡᠭᠡᠨ᠎ᠳᠦ ᠶᠠᠪᠤᠵᠤ ᠪᠠᠢᠪᠠ᠃


QQ截图20211224092459.jpg


ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠦᠨ ᠭᠠᠵᠠᠷ ᠣᠷᠣᠨ᠎ᠤ ᠬᠠᠭᠤᠴᠢ ᠰᠤᠳᠤᠯᠤᠯ᠎ᠤᠨ ᠦᠷ᠎ᠡ ᠪᠦᠲᠦᠭᠡᠯ᠎ᠢ ᠶᠠᠷᠢᠬᠤ᠎ᠳᠤ ᠬᠠᠭᠤᠴᠢ ᠰᠤᠳᠤᠯᠤᠭ᠍ᠴᠢ ᠲᠢᠶᠠᠨ ᠭᠤᠸᠠᠩ ᠵᠢᠨ᠎ᠤ ᠨᠡᠷ᠎ᠡ᠎ᠵᠢ ᠳᠤᠷᠠᠳᠬᠤ ᠶᠤᠰᠤᠲᠠᠢ᠃ 1965 ᠣᠨ᠎ᠳᠤ᠂ ᠪᠡᠭᠡᠵᠢᠩ ᠶᠡᠬᠡ ᠰᠤᠷᠭᠠᠭᠤᠯᠢ᠎ᠶ᠋ᠢᠨ ᠲᠡᠦᠬᠡ᠎ᠶ᠋ᠢᠨ ᠰᠠᠯᠪᠤᠷᠢ᠎ᠶ᠋ᠢᠨ ᠬᠠᠭᠤᠴᠢ ᠰᠤᠳᠤᠯᠤᠯ᠎ᠤᠨ ᠲᠤᠰᠭᠠᠢ ᠮᠡᠷᠭᠡᠵᠢᠯ᠎ᠡᠴᠡ ᠲᠡᠭᠦᠰᠦᠭ᠌ᠰᠡᠨ ᠲᠢᠶᠠᠨ ᠭᠤᠸᠠᠩ ᠵᠢᠨ ᠬᠠᠭᠤᠴᠢ ᠰᠤᠳᠤᠯᠤᠯ᠎ᠤᠨ ᠠᠵᠢᠯ ᠰᠠᠶᠢᠬᠠᠨ ᠡᠬᠢᠯᠡᠵᠦ᠍ ᠪᠠᠢᠭ᠎ᠠ ᠥᠪᠥᠷ ᠮᠣᠩᠭᠣᠯ᠎ᠳᠤ ᠢᠷᠡᠵᠦ᠍᠂ ᠥᠪᠥᠷ ᠮᠣᠩᠭᠣᠯ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠠᠵᠢᠯ᠎ᠤᠨ ᠠᠩᠬᠢ(ᠤᠳᠤ ᠵᠢᠨ ᠥᠪᠥᠷ ᠮᠣᠩᠭᠣᠯ ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ ᠭᠠᠵᠠᠷ)ᠵᠢᠨ ᠬᠠᠭᠤᠴᠢ ᠰᠤᠳᠤᠯᠤᠯ᠎ᠤᠨ ᠠᠵᠢᠯᠳᠠᠨ ᠪᠣᠯᠤᠭ᠍ᠰᠠᠨ ᠪᠥᠭᠡᠳ ᠠᠭᠠᠵᠢᠮ᠎ᠢᠶᠠᠷ ᠥᠪᠥᠷ ᠮᠣᠩᠭᠣᠯ᠎ᠤᠨ ᠲᠡᠦᠬᠡ ᠶ᠋ᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ ᠭᠠᠵᠠᠷ᠎ᠤᠨ ᠰᠤᠳᠤᠯᠤᠭ᠍ᠴᠢ᠂ ᠥᠪᠥᠷ ᠮᠣᠩᠭᠣᠯ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ ᠭᠠᠵᠠᠷ᠎ᠤᠨ ᠳᠠᠷᠤᠭ᠎ᠠ᠂ ᠳᠤᠮᠳᠠᠳᠤ ᠤᠯᠤᠰ᠎ᠤᠨ ᠬᠠᠭᠤᠴᠢ ᠰᠤᠳᠤᠯᠤᠯ᠎ᠤᠨ ᠬᠡᠷᠡᠭ ᠡᠷᠬᠢᠯᠡᠭᠦ ᠵᠦᠪᠯᠡᠯ᠎ᠤᠨ ᠬᠡᠷᠡᠭ ᠡᠷᠬᠢᠯᠡᠭ᠌ᠴᠢ᠂ ᠰᠣᠶᠣᠯ᠎ᠤᠨ ᠶᠠᠮᠤᠨ᠎ᠤ ᠱᠢᠯᠢᠳᠡᠭ ᠲᠤᠰᠭᠠᠢ ᠮᠡᠷᠭᠡᠵᠢᠯᠲᠡᠨ ᠪᠣᠯᠵᠠᠢ᠃ ᠳᠡᠭᠡᠷ᠎ᠡ ᠵᠠᠭᠤᠨ᠎ᠤ ᠨᠠᠶᠠ ᠶᠡᠷᠡᠭᠡᠳ ᠣᠨ᠎ᠳᠤ᠂ ᠤᠷᠳᠤᠰ᠎ᠲᠤ ᠠᠷᠪᠠᠨ ᠬᠡᠳᠦᠨ ᠵᠢᠯ ᠳᠤᠮᠳᠠᠳᠤ ᠤᠯᠤᠰ᠎ᠤᠨ ᠤᠮᠠᠷᠠᠲᠤ᠎ᠶ᠋ᠢᠨ ᠮᠠᠯ ᠠᠵᠤ ᠠᠬᠤᠢ — ᠨᠡᠭᠦᠳᠡᠯ ᠮᠠᠯᠵᠢᠯ᠎ᠤᠨ ᠦᠨᠳᠦᠰᠦᠲᠡᠨ᠎ᠦ ᠰᠣᠶᠣᠯ᠎ᠤᠨ ᠡᠭᠦᠰᠦᠯ ᠪᠠ ᠬᠥᠭ᠌ᠵᠢᠯᠲᠡ᠎ᠶ᠋ᠢ ᠰᠤᠳᠤᠯᠤᠭ᠍ᠰᠠᠨ ᠲᠢᠶᠠᠨ ᠭᠤᠸᠠᠩ ᠵᠢᠨ ᠠᠵᠢᠯ᠎ᠤᠨ ᠭᠣᠣᠯᠳᠠᠯᠭ᠎ᠠ᠎ᠪᠠᠨ ᠥᠪᠥᠷ ᠮᠣᠩᠭᠣᠯ᠎ᠤᠨ ᠪᠠᠯᠠᠷ ᠡᠷᠲᠡᠨ᠎ᠦ ᠰᠣᠶᠣᠯ᠎ᠤᠨ ᠴᠠᠳᠢᠭ᠂ ᠲᠦᠪᠯᠡᠷᠡᠩᠭᠦᠢ ᠰᠠᠭᠤᠷᠢᠱᠢᠯ᠎ᠤᠨ ᠬᠡᠯᠪᠡᠷᠢ ᠪᠠ ᠬᠥᠮᠦᠨ ᠭᠠᠵᠠᠷ᠎ᠤᠨ ᠬᠠᠷᠢᠴᠠᠭ᠎ᠠ᠎ᠶ᠋ᠢ ᠰᠤᠳᠤᠯᠬᠤ ᠳᠡᠭᠡᠷ᠎ᠡ ᠬᠠᠨᠳᠤᠭᠤᠯᠪᠠ᠃ 1982 ᠣᠨ᠎ᠠᠴᠠ ᠬᠣᠢᠰᠢ᠂ ᠲᠢᠶᠠᠠ ᠭᠤᠸᠠᠩ ᠵᠢᠨ᠎ᠤ ᠰᠤᠳᠤᠯᠤᠯ᠎ᠤᠨ ᠭᠠᠵᠠᠷ ᠳᠠᠭ᠎ᠠ᠎ᠶ᠋ᠢᠨ ᠨᠠᠭᠤᠷ᠎ᠲᠤ ᠱᠢᠯᠵᠢᠵᠦ᠍᠂ ᠤᠷᠢᠳ ᠬᠣᠵᠢᠳ ᠠᠩᠭᠢ ᠳᠠᠭᠠᠭᠤᠯᠤᠨ ᠸᠠᠩ ᠮᠦ᠍ ᠱᠠᠨ᠎ᠤ ᠪᠠᠯ ᠳᠤᠤᠷ᠎ᠠ᠂ ᠪᠠᠯ ᠳᠤᠮᠳᠠ᠂ ᠪᠠᠯ ᠳᠡᠭᠡᠷᠡᠬᠢ ᠪᠠ ᠱ᠌ᠢ ᠬ᠍ᠦ ᠱᠠᠨ᠂ ᠯᠣᠣ ᠬ᠍ᠦ ᠱᠠᠨ ᠵᠡᠷᠭᠡ ᠪᠠᠭᠤᠷᠢ᠎ᠶ᠋ᠢ ᠮᠠᠯᠲᠠᠵᠤ᠂ ᠳᠠᠭ᠎ᠠ᠎ᠶ᠋ᠢᠨ ᠨᠠᠭᠤᠷ᠎ᠤᠨ ᠣᠷᠣᠨ ᠴᠢᠨᠠᠭ᠍ᠰᠢᠯᠠᠪᠠᠯ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠦᠨ ᠪᠠᠯᠠᠷ ᠡᠷᠲᠡᠨ᠎ᠦ ᠰᠣᠶᠣᠯ᠎ᠤᠨ ᠴᠠᠳᠢᠭ᠎ᠢ ᠠᠯᠬᠤᠮ ᠠᠯᠬᠤᠮ᠎ᠢᠶᠠᠷ ᠪᠠᠢᠭᠤᠯᠵᠠᠢ᠃


QQ截图20211224092337.jpg

ᠲᠢᠶᠠᠨ ᠭᠤᠸᠠᠩ ᠵᠢᠨ ᠳᠠᠭ᠎ᠠ᠎ᠶ᠋ᠢᠨ ᠨᠠᠭᠤᠷ᠎ᠲᠤ ᠲᠦᠪᠯᠡᠷᠡᠩᠭᠦᠢ ᠰᠠᠭᠤᠷᠢᠰᠢᠯ᠎ᠤᠨ ᠬᠠᠭᠤᠴᠢ ᠰᠤᠳᠤᠯᠤᠯ ᠪᠣᠯᠤᠨ ᠣᠷᠴᠢᠨ ᠲᠣᠭᠣᠷᠢᠨ᠎ᠤ ᠬᠠᠭᠤᠴᠢ ᠰᠤᠳᠤᠯᠤᠯ᠎ᠤᠨ ᠠᠷᠭ᠎ᠠ᠎ᠪᠠᠷ ᠶᠡᠷᠦᠩᠬᠡᠢᠯᠡᠭ᠌ᠰᠡᠨ ᠰᠤᠳᠤᠯᠭᠠᠨ ᠥᠷᠨᠢᠭᠦᠯᠵᠦ᠍᠂ ᠳᠤᠮᠳᠠᠳᠤ ᠤᠯᠤᠰ᠎ᠤᠨ ᠣᠷᠣᠨ ᠪᠦᠰᠡ᠎ᠶ᠋ᠢᠨ ᠴᠢᠨᠠᠷᠲᠠᠢ ᠬᠠᠭᠤᠴᠢ ᠰᠤᠳᠤᠯᠤᠯ᠎ᠤᠨ ᠵᠢᠱ᠌ᠢᠢ᠎ᠡ᠎ᠶ᠋ᠢ ᠡᠭᠦᠳᠴᠡᠢ᠃ ᠲᠡᠭᠦᠨ᠎ᠦ ᠲᠤᠱᠢᠶᠠᠯ᠎ᠳᠤ ᠪᠠᠢᠬᠤ ᠬᠤᠭᠤᠴᠠᠭᠠᠨ᠎ᠳᠤ ᠥᠪᠥᠷ ᠮᠣᠩᠭᠣᠯ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ᠎ᠤᠨ ᠦᠢᠯᠡᠰ ᠤᠮᠠᠷᠠᠲᠤ᠎ᠶ᠋ᠢᠨ ᠦᠨᠳᠦᠰᠦᠲᠡᠨ᠎ᠦ ᠲᠡᠦᠬᠡ ᠪᠠ ᠰᠣᠶᠣᠯ᠂ ᠣᠷᠴᠢᠨ ᠲᠣᠭᠣᠷᠢᠨ᠎ᠤ ᠬᠠᠭᠤᠴᠢ ᠰᠤᠳᠤᠯᠤᠯ᠂ ᠲᠦᠪᠯᠡᠷᠡᠩᠭᠦᠢ ᠰᠠᠭᠤᠷᠢᠱᠢᠯ᠎ᠤᠨ ᠬᠠᠭᠤᠴᠢ ᠰᠤᠳᠤᠯᠤᠯ᠂ ᠤᠯᠠᠨ ᠱᠢᠨᠵᠢᠯᠡᠭᠡᠨ᠎ᠦ ᠰᠠᠯᠠᠭ᠎ᠠ᠎ᠶ᠋ᠢᠨ ᠬᠠᠮᠲᠤᠷᠠᠯᠴᠠᠭ᠎ᠠ ᠵᠢᠴᠢ ᠤᠯᠠᠨ ᠤᠯᠤᠰ᠎ᠤᠨ ᠬᠠᠮᠲᠤᠷᠠᠯᠴᠠᠭ᠎ᠠ ᠵᠡᠷᠭᠡ ᠤᠯᠠᠨ ᠬᠦᠷᠢᠶᠡᠨ᠎ᠳᠦ ᠴᠥᠮ ᠪᠦᠬᠦ᠌ ᠤᠯᠤᠰ᠎ᠤᠨ ᠡᠮᠦᠨ᠎ᠡ ᠡᠩᠨᠡᠭᠡᠨ ᠎ᠳᠦ ᠶᠠᠪᠤᠵᠤ ᠪᠠᠢᠪᠠ᠃ ᠭᠡᠲᠡᠯ᠎ᠡ ᠲᠢᠶᠠᠨ ᠭᠤᠸᠠᠩ ᠵᠢᠨ ᠡᠭᠦᠨ᠎ᠳᠤ ᠰᠡᠳᠭᠢᠯ ᠬᠠᠩᠬᠤ ᠦᠭᠡᠢ ᠪᠠᠢᠳᠠᠭ᠃ ᠬᠠᠷᠢᠨ ᠡᠳᠡᠭᠡᠷ᠎ᠤᠨ ᠠᠷᠤ᠎ᠳᠡᠬᠢ ᠦᠨᠳᠦᠰᠦᠨ ᠱᠢᠯᠲᠠᠭᠠᠨ ᠪᠤᠯ ᠲᠡᠭᠦᠨ᠎ᠤ ᠮᠡᠳᠡᠶ᠎ᠡ ᠭᠡᠵᠦ᠍ ᠪᠤᠳᠤᠵᠤ ᠪᠠᠢᠭ᠎ᠠ ᠵᠦᠢᠯ ᠪᠤᠯᠤᠨ᠎ᠠ᠃ ᠦᠨᠡᠨ᠎ᠳᠡᠭᠡᠨ ᠠᠯᠢ ᠡᠷᠲᠡ 20 ᠳ᠋ᠤᠭᠠᠷ ᠵᠠᠭᠤᠨ᠎ᠤ ᠳᠠᠯᠠᠭᠠᠳ ᠣᠨ᠎ᠳᠤ ᠣᠷᠳᠣᠰ᠎ᠤᠨ ᠵᠢᠷᠦᠬᠡ ᠵᠢᠨ ᠭᠤᠤᠯ᠎ᠤᠨ ᠪᠠᠭᠤᠷᠢ᠎ᠶ᠋ᠢ ᠠᠭᠤᠳᠠᠯᠤᠨ ᠰᠤᠳᠤᠯᠬᠤ ᠦᠶ᠎ᠡ᠎ᠳᠦ ᠡᠢᠮᠦᠷᠬᠥᠤ ᠠᠰᠠᠭᠤᠳᠠᠯ ᠲᠡᠭᠦᠨ᠎ᠢ ᠲᠦᠪᠡᠭ᠌ᠳᠡᠭᠦᠯᠵᠦ᠍ ᠡᠬᠢᠯᠡᠭ᠌ᠰᠡᠨ ᠶᠤᠮ ᠄ ᠣᠷᠳᠣᠰ ᠮᠠᠶᠢᠭ᠎ᠤᠨ ᠬᠦᠷᠡᠯ ᠵᠡᠪᠰᠡᠭ ᠪᠣᠯᠤᠨ ᠤᠮᠠᠷᠠᠲᠤ ᠣᠷᠣᠨ᠎ᠤ ᠮᠠᠯ ᠠᠵᠤ ᠠᠬᠤᠶ᠎ᠶ᠋ᠢᠨ ᠦᠢᠯᠡᠳᠪᠦᠷᠢᠯᠡᠯ ᠬᠢᠵᠦ᠍ ᠪᠠᠢᠭ᠎ᠠ ᠬᠥᠮᠦᠰ ᠬᠠᠮᠢᠭ᠎ᠠ᠎ᠠᠴᠠ ᠢᠷᠡᠭ᠌ᠰᠡᠨ ᠪᠤᠶ? ᠬᠣᠵᠢᠮ ᠨᠢ ᠯᠤᠤ ᠬ᠍ᠦ ᠱᠠᠨ ᠪᠠᠭᠤᠷᠢ ᠵᠢ ᠮᠠᠯᠲᠠᠬᠤ ᠦᠶ᠎ᠡ᠎ᠳᠤ ᠬᠠᠭᠤᠴᠢ ᠰᠤᠳᠤᠯᠤᠯ ᠎ᠤᠨ ᠬᠢᠨ ᠰᠠᠶᠢ ᠤᠮᠠᠷᠠᠲᠤ ᠣᠷᠣᠨ᠎ᠤ ᠮᠠᠯ ᠠᠵᠤ ᠠᠬᠤᠶ᠎ᠶ᠋ᠢᠨ ᠦᠢᠯᠡᠳᠪᠦᠷᠢᠯᠡᠯ ᠬᠢᠵᠦ᠍ ᠪᠠᠢᠭ᠎ᠠ ᠬᠦᠮᠦᠰ ᠪᠣᠯ ᠴᠠᠭᠠᠨ ᠬᠡᠷᠡᠮ ᠳᠠᠭᠠᠤ ᠲᠠᠷᠢᠶᠠᠯᠠᠩ᠎ᠡᠷᠬᠢᠯᠡᠵᠦ ᠪᠠᠢᠭ᠎ᠠ ᠬᠥᠮᠦᠰ᠎ᠠᠴᠠ ᠰᠢᠯᠵᠢᠵᠦ ᠢᠷᠡᠭ᠌ᠰᠡᠨ ᠪᠥᠭᠡᠳ ᠲᠠᠷᠢᠶᠠᠯᠠᠩ᠎ᠠᠴᠠ ᠮᠠᠯ ᠠᠵᠤ ᠠᠬᠤᠶ ᠪᠣᠯᠵᠤ ᠬᠤᠪᠢᠷᠬᠠᠰᠠᠨ ᠱᠢᠯᠲᠠᠭᠠᠨ ᠨᠢ ᠠᠭᠤᠷ ᠠᠮᠢᠰᠭᠤᠯ᠎ᠤᠨ ᠣᠷᠴᠢᠨ ᠲᠣᠭᠣᠷᠢᠨ᠎ᠤ ᠬᠤᠪᠢᠷᠠᠯᠲᠠ᠎ᠠᠴᠠ ᠪᠣᠯᠤᠭ᠍ᠰᠠᠨ ᠪᠠᠢᠵᠤ ᠮᠡᠳᠡᠨ᠎ᠡ ᠭᠡᠳᠡᠭ᠎ᠢ ᠠᠭᠠᠵᠢᠮ᠎ᠢᠶᠠᠷ ᠣᠯᠵᠤ ᠮᠡᠳᠡᠵᠡᠶ᠃


QQ截图20211224092445.jpg


ᠠᠭᠤᠷ ᠠᠮᠢᠰᠭᠤᠯ᠎ᠠᠴᠠ ᠪᠣᠯᠤᠭ᠍ᠰᠠᠨ ᠬᠥᠮᠦᠨ ᠲᠥᠷᠥᠯᠬᠢᠲᠡᠨ᠎ᠦ ᠨᠡᠭᠦᠳᠡᠯ

ᠥᠪᠥᠷ ᠮᠣᠩᠭᠣᠯ᠎ᠤᠨ ᠪᠦᠯᠦᠭ ᠪᠦᠯᠦᠭ ᠬᠠᠭᠤᠴᠢ ᠰᠤᠳᠤᠯᠤᠭ᠍ᠴᠢᠳ ᠠᠭᠤᠳᠠᠯᠤᠨ ᠰᠤᠳᠤᠯᠬᠤ ᠪᠡᠷ ᠳᠠᠮᠵᠢᠨ᠂ ᠳᠤᠮᠳᠠᠳᠤ ᠤᠯᠤᠰ᠎ᠤᠨ ᠤᠮᠠᠷᠠᠲᠤ ᠣᠷᠣᠨ᠎ᠤ ᠶᠠᠩᠱᠤᠤ᠎ᠶ᠋ᠢᠨ ᠦᠶ᠎ᠡ ᠶ᠋ᠢᠨ ᠬᠥᠮᠦᠨ ᠭᠠᠵᠠᠷ᠎ᠤᠨ ᠬᠠᠷᠢᠴᠠᠭᠠᠨ᠎ᠤ ᠲᠤᠬᠠᠢ ᠱᠢᠨ᠎ᠡ ᠨᠤᠲᠠᠯᠠᠯᠲᠠ᠎ᠶ᠋ᠢ ᠳᠤᠷᠠᠳᠤᠭ᠍ᠰᠠᠨ ᠪᠠᠢᠨ᠎ᠠ᠃ ᠥᠩᠭᠡᠷᠡᠭ᠌ᠰᠡᠨ᠎ᠳᠦ ᠤᠮᠠᠷᠠᠲᠤ ᠣᠷᠣᠨ ᠪᠣᠯ ᠶᠡᠷᠦ᠍᠎ᠡᠴᠡ ᠮᠠᠯ ᠠᠵᠤ ᠠᠬᠤᠶ᠎ᠶ᠋ᠢᠨ ᠣᠷᠣᠨ ᠪᠠᠢᠵᠤ᠂ ᠬᠠᠬᠢᠷ ᠬᠦᠶ᠋ᠲᠡᠨ ᠭᠠᠩ ᠬᠠᠭᠤᠷᠠᠶ᠂ ᠣᠷᠣᠱᠢᠨ ᠰᠠᠭᠤᠬᠤ᠎ᠳᠤ ᠳᠣᠭᠢᠷᠠᠬᠤ ᠥᠬᠡᠶ ᠭᠡᠵᠦ᠍ ᠬᠥᠮᠦᠰ ᠨᠡᠢᠳᠡᠮ ᠦᠵᠡᠵᠦ ᠪᠠᠢᠵᠠᠢ᠃ ᠦᠨᠡᠨ᠎ᠳᠡᠭᠡᠨ ᠤᠮᠠᠷᠠᠲᠤ ᠣᠷᠣᠨ ᠶᠠᠩᠱᠤᠤ᠎ᠶ᠋ᠢᠨ ᠦᠶ᠎ᠡ᠎ᠳᠦ ᠮᠠᠰᠢ ᠳᠤᠯᠠᠭᠠᠨ ᠴᠢᠭᠢᠭ᠌ᠯᠢᠭ ᠪᠠᠢᠪᠠ᠃ ᠬᠣᠵᠢᠮ᠎ᠤᠨ ᠬᠠᠭᠤᠴᠢ ᠰᠤᠳᠤᠯᠤᠯ᠎ᠠᠴᠠ ᠦᠵᠡᠬᠦ᠌᠎ᠳᠦ᠂ ᠶᠠᠩᠱᠤᠤ᠎ᠶ᠋ᠢᠨ ᠦᠶ᠎ᠡ᠎ᠶ᠋ᠢᠨ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ᠎ᠲᠤ᠂ ᠲᠡᠷᠡᠴᠢᠯᠡᠨ ᠲᠠᠯ᠎ᠠ ᠨᠤᠲᠤᠭ᠎ᠤᠨ᠎ᠳᠣᠲᠣᠷ᠎ᠠ᠎ᠭᠠᠵᠠᠷ᠎ᠤᠨ᠎ᠡᠷᠢᠶᠡᠨ᠎ᠬᠣᠲᠠ ᠵᠡᠷᠭᠡ ᠭᠠᠵᠠᠷ᠎ᠲᠤ ᠬᠦᠷᠲᠡᠯ᠎ᠡ ᠴᠥᠮ ᠮᠠᠰᠢ ᠣᠯᠠᠨ ᠭᠠᠵᠠᠷ ᠲᠠᠷᠢᠶᠠᠯᠠᠩ᠎ᠡᠷᠬᠢᠯᠡᠵᠦ ᠪᠠᠢᠬᠰᠠᠨ ᠬᠥᠮᠦᠰ ᠣᠷᠣᠱᠢᠨ ᠰᠠᠭᠤᠵᠤ ᠪᠠᠢᠭ᠍ᠰᠠᠨ᠎ᠢ ᠭᠡᠷᠡᠴᠢᠯᠡᠵᠦ᠍ ᠪᠣᠯᠤᠨ᠎ᠠ᠃

ᠵᠦᠩᠶᠤᠸᠠᠨ ᠣᠷᠣᠨ᠎ᠤ ᠱᠢᠨ᠎ᠡ ᠴᠢᠯᠠᠭᠤᠨ ᠵᠡᠪᠰᠡᠭ᠎ᠦᠨ ᠰᠣᠶᠣᠯ ᠬᠥᠭ᠌ᠵᠢᠨ ᠴᠡᠴᠡᠭ᠌ᠯᠡᠭ᠌ᠰᠡᠨ ᠴᠠᠭ ᠦᠶ᠎ᠡ᠎ᠳᠦ ᠤᠷᠤᠭ᠍ᠰᠠᠨ᠎ᠤ ᠳᠠᠷᠠᠭ᠎ᠠ ᠳᠥᠷᠪᠡᠨ ᠵᠦᠭ᠎ᠦᠨ ᠨᠥᠯᠥᠭᠡ ᠥᠷᠭᠡᠵᠢᠪᠡ᠃ ᠣᠲᠣ᠎ᠠᠴᠠ 7000 ᠵᠢᠯ᠎ᠦᠨ ᠤᠷᠴᠢᠮ᠂ ᠲᠠᠭ᠎ᠠ᠎ᠶ᠋ᠢᠨ ᠨᠠᠭᠤᠷ ᠣᠷᠣᠨ ᠶᠡᠬᠡ ᠳᠤᠯᠠᠭᠠᠷᠠᠯ᠎ᠤᠨ ᠬᠤᠭᠤᠴᠠᠭᠠᠨ᠎ᠳᠤ ᠣᠷᠣᠵᠤ᠂ ᠶᠠᠩᠱᠤᠤ᠎ᠶ᠋ᠢᠨ ᠰᠣᠶᠣᠯ᠎ᠤᠨ ᠾᠸᠦ ᠭᠠᠩ ᠎ᠤᠨ ᠲᠥᠷᠥᠯ᠂ ᠪᠠᠨ ᠫᠦᠸᠸ᠎ᠶ᠋ᠢᠨ ᠲᠥᠷᠥᠯ᠂ ᠮᠢᠶᠣᠣ ᠳ᠋ᠢ ᠭᠸᠤ᠎ᠶ᠋ᠢᠨ ᠲᠥᠷᠥᠯ᠎ᠤᠨ ᠬᠥᠮᠦᠰ ᠬᠣᠢᠨ᠎ᠠ ᠬᠣᠢᠨ᠎ᠠ᠎ᠠᠴᠠ᠎ᠪᠠᠨ ᠡᠨᠳᠡ ᠢᠷᠡᠵᠦ᠍ ᠲᠠᠷᠢᠶᠠᠯᠠᠩ᠎ᠤᠨ ᠨᠡᠭᠡᠭᠡᠯᠲᠡ ᠬᠢᠭᠰᠡᠨ ᠪᠠᠢᠨ᠎ᠠ᠃

ᠲᠤᠬᠠᠶ᠎ᠶ᠋ᠢᠨ ᠦᠶ᠎ᠡ᠎ᠳᠦ᠂ ᠬᠠᠲᠤᠨ ᠭᠣᠣᠯ᠎ᠤᠨ ᠳᠤᠮᠳᠠᠳᠤ ᠤᠷᠤᠰᠭᠠᠯ᠎ᠤᠨ ᠣᠷᠣᠨ᠎ᠤ ᠬᠥᠮᠦᠨ ᠲᠥᠷᠥᠯᠬᠢᠲᠡᠨ᠎ᠦ ᠠᠵᠢᠯᠯᠠᠭ᠎ᠠ ᠣᠯᠠᠱᠢᠷᠠᠵᠤ᠂ ᠳᠤᠮᠳᠠᠳᠤ᠎ᠶ᠋ᠢᠨ ᠪᠣᠯᠪᠠᠰᠤᠨ᠎ᠢ ᠡᠨᠳᠡ ᠭᠦᠭᠵᠢᠭᠦᠯᠵᠡᠢ᠃ 《ᠶᠡᠬᠡ ᠶᠠᠩᠱᠤᠤ》 ᠵᠢᠨ ᠰᠣᠶᠣᠯ᠎ᠤᠨ ᠬᠡᠪᠴᠢᠶᠡᠨ᠎ᠳᠦ ᠤᠮᠠᠷᠠᠲᠤ ᠣᠷᠣᠨ ᠪᠣᠯᠤᠨ ᠳᠤᠮᠳᠠᠳᠤ ᠣᠷᠣᠨ ᠪᠤᠯ ᠤᠭ ᠤᠳᠤᠮ ᠨᠢᠭᠡᠲᠡᠢ᠂ ᠳᠤᠮᠳᠠᠳᠤ᠎ᠶ᠋ᠢᠨ ᠦᠨᠳᠦᠰᠦᠲᠡᠨ᠎ᠦ ᠶᠡᠬᠡ ᠭᠡᠷ ᠪᠦᠯᠢ᠎ᠶ᠋ᠢᠨ ᠨᠢᠭᠡ ᠪᠦᠷᠢᠯᠳᠦᠬᠦᠨ ᠪᠣᠯᠤᠨ᠎ᠠ᠃

ᠣᠲᠣ᠎ᠠᠴᠠ 5500 ᠵᠢᠯ᠎ᠦᠨ ᠡᠮᠦᠨᠡᠬᠢ ᠶᠠᠩᠱᠤᠤ᠎ᠶ᠋ᠢᠨ ᠰᠡᠭᠦᠯᠴᠢ᠎ᠶ᠋ᠢᠨ ᠬᠤᠭᠤᠴᠠᠭ᠎ᠠ ᠪᠣᠯᠬᠤ᠎ᠳᠤ ᠠᠭᠠᠷ᠎ᠤᠨ ᠳᠤᠯᠠᠭᠠᠨ ᠢᠯᠡᠳᠲᠡ ᠳᠣᠷᠣᠭ᠍ᠰᠢᠯᠠᠵᠤ᠂ ᠬᠤᠷ᠎ᠠ ᠲᠤᠨᠳᠠᠰᠤ ᠪᠠᠭᠠᠰᠪᠠ᠃ ᠡᠭᠦᠨ᠎ᠡᠴᠡ ᠬᠣᠢᠰᠢ᠂ ᠤᠮᠠᠷᠠᠲᠤ ᠣᠷᠣᠨ᠎ᠤ ᠲᠠᠷᠢᠶᠠᠯᠠᠩ᠎ᠤᠨ ᠬᠥᠭ᠌ᠵᠢᠯᠲᠡ ᠤᠳᠠᠭᠠᠱᠢᠷᠠᠵᠤ᠂ ᠮᠠᠯ ᠠᠵᠤ ᠠᠬᠤᠶ ᠠᠯᠭᠤᠷ᠎ᠢᠶᠠᠷ ᠬᠥᠭ᠌ᠵᠢᠪᠡ᠃ ᠬᠡᠳᠦᠨ ᠮᠢᠩᠭᠠᠨ ᠵᠢᠯ᠎ᠦᠨ ᠲᠤᠷᠰᠢ᠂ ᠥᠪᠥᠷ ᠮᠣᠩᠭᠣᠯ᠎ᠤᠨ ᠳᠤᠮᠳᠠ ᠡᠮᠦᠨᠡᠲᠦ ᠬᠡᠰᠡᠭ ᠪᠣᠯ ᠠᠭᠤᠷ ᠠᠮᠢᠰᠭᠤᠯ ᠰᠡᠷᠭᠡᠭ ᠣᠷᠣᠨ ᠪᠣᠯᠤᠨ᠎ᠠ᠂ ᠲᠠᠷᠢᠶᠠᠯᠠᠩ ᠪᠠ ᠨᠡᠭᠦᠳᠡᠯ ᠮᠠᠯᠵᠢᠯ᠎ᠤᠨ ᠪᠣᠯᠪᠠᠰᠤᠨ ᠡᠨᠳᠡ ᠠᠭᠤᠰᠤᠯᠴᠠᠭᠠᠳ ᠪᠠᠶᠠᠯᠢᠭ ᠰᠣᠶᠣᠯ᠎ᠢ ᠪᠦᠲᠦᠭᠡᠵᠡᠢ᠃ ᠡᠳᠦᠭᠡ ᠪᠣᠯᠲᠠᠯ᠎ᠠ᠂ ᠡᠨᠡ ᠬᠦ᠌ ᠠᠭᠤᠰᠤᠯᠴᠠᠯ ᠨᠢ ᠮᠥᠨ ᠯᠡ ᠭᠠᠵᠠᠷ ᠪᠣᠯᠭᠠᠨ᠎ᠳᠤ ᠬᠠᠷᠠᠭ᠍ᠳᠠᠭ᠍ᠰᠠᠭᠠᠷ᠃ ᠤᠯᠠᠭᠠᠨᠴᠠᠪ ᠬᠣᠲᠠ᠎ᠳᠤ ᠪᠠᠰᠠ ᠮᠠᠰᠢ ᠣᠯᠠᠨ ᠱᠠᠨ ᠰᠢ᠎ᠶ᠋ᠢᠨ ᠬᠥᠮᠦᠨ᠎ᠦ ᠬᠣᠢᠴᠢᠰ ᠠᠮᠢᠳᠤᠷᠠᠵᠤ ᠪᠠᠢᠨ᠎ᠠ᠂ ᠡᠨᠳᠡ ᠶᠡᠬᠡ ᠬᠡᠪᠴᠢᠶᠡᠨ᠎ᠦ ᠲᠠᠷᠢᠶᠠᠯᠠᠬᠤ ᠣᠷᠣᠨ ᠪᠠᠢᠬᠤ ᠪᠦᠭᠡᠳ ᠪᠠᠰᠠ ᠮᠠᠯ ᠠᠵᠤ ᠠᠬᠤᠶ᠎ᠪᠠᠷ ᠭᠤᠤᠯ ᠪᠣᠯᠭᠠᠭ᠍ᠰᠠᠨ ᠬᠣᠱᠢᠭᠤ ᠱᠢᠶᠠᠨ ᠪᠠᠢᠨ᠎ᠠ᠃ ᠰᠦ ᠲᠡᠶ ᠴᠠᠢ᠂ ᠴᠢᠨᠠᠭ᠍ᠰᠠᠨ ᠮᠢᠬ᠎ᠠ ᠪᠣᠯᠤᠨ ᠵᠠᠭᠤᠰᠢ ᠠᠳᠠᠯᠢᠬᠠᠨ ᠬᠦᠷᠢᠶᠡᠯᠡᠯ᠎ᠲᠡᠶ᠃

ᠥᠪᠥᠷ ᠮᠣᠩᠭᠣᠯ᠎ᠤᠨ ᠬᠠᠭᠤᠴᠢ ᠰᠤᠳᠤᠯᠤᠭ᠍ᠴᠢᠳ ᠮᠠᠨ᠎ᠢ ᠳᠠᠭᠠᠭᠤᠯᠤᠨ ᠲᠡᠷᠡ ᠭᠡᠷᠡᠯ ᠰᠠᠴᠤᠷᠠᠩᠭᠤᠶ ᠲᠡᠦᠬᠡᠨ ᠡᠮᠦᠨᠡᠬᠢ ᠴᠠᠭ ᠦᠶ᠎ᠡ᠎ᠶ᠋ᠢ ᠲᠠᠨᠢᠭᠤᠯᠪᠠ᠃ ᠶᠠᠩᠱᠤᠤ᠎ᠶ᠋ᠢᠨ ᠦᠶ᠎ᠡ᠎ᠶ᠋ᠢᠨ ᠡᠷᠲᠡᠨ᠎ᠤ ᠬᠦᠮᠦᠨ᠎ᠤ ᠠᠮᠢᠳᠤᠷᠠᠵᠤ ᠪᠠᠢᠭ᠍ᠰᠠᠨ ᠡᠨᠡ ᠬᠡᠰᠡᠭ ᠨᠤᠲᠤᠭ ᠳᠡᠪᠢᠰᠭᠡᠷ᠎ᠢ ᠪᠠᠷᠠᠯᠠᠬᠤᠶ᠎ᠠ᠂ ᠳᠠᠭ᠎ᠠ᠎ᠶ᠋ᠢᠨ ᠨᠠᠭᠤᠷ ᠳᠣᠯᠭᠢᠶᠠᠨ ᠲᠠᠲᠠᠵᠤ᠂ ᠦᠳᠡᠰᠢ᠎ᠶ᠋ᠢᠨ ᠨᠠᠷᠠᠨ᠎ᠢᠶᠡᠷ ᠦᠬᠡᠷ ᠬᠤᠨᠢ ᠬᠤᠳᠠᠨ ᠳ᠋ᠠᠭᠠᠨ ᠪᠤᠴᠠᠵᠤ᠂ ᠠᠯᠤᠰ᠎ᠲᠤ ᠨᠠᠮᠤᠷ᠎ᠤᠨ ᠬᠤᠷᠢᠶᠠᠯᠲᠠ ᠳᠠᠭᠤᠰᠤᠨ᠂ ᠶᠠᠭ ᠯᠠ ᠶᠠᠩᠱᠤᠤ᠎ᠶ᠋ᠢᠨ ᠴᠠᠭ ᠦᠶ᠎ᠡ ᠬᠤᠯᠠ ᠶᠠᠪᠤᠭ᠎ᠠ ᠦᠭᠡᠢ ᠬᠡᠮᠡᠷ ᠰᠠᠨᠠᠭᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号