88.7% ᠄ ᠰᠢᠯᠢᠳᠡᠭ ᠰᠠᠢᠨ ᠡᠳᠦᠷ᠎ᠤᠨ ᠲᠤᠮᠳᠠᠴᠢ ᠬᠠᠷᠢᠴᠠᠯ
2021-12-27 09:39:09
ᠵᠣᠬᠢᠶᠠᠭ᠍ᠴᠢ᠄
ᠠᠭᠤᠯᠠ
ᠣᠩᠱᠢᠭ᠍ᠰᠠᠨ ᠣᠳᠠᠭ᠎ᠠ᠄
★★★☆☆

ᠲᠦᠷᠦᠬᠦᠭᠡᠨ ᠰᠤᠷᠪᠤᠯᠵᠢᠯᠠᠭᠴᠢ ᠥᠪᠡᠷᠲᠡᠭᠡᠨ ᠵᠠᠰᠠᠬᠤ ᠣᠷᠣᠨ᠎ᠤ ᠠᠮᠢ ᠠᠬᠤᠶ ᠣᠷᠴᠢᠨ ᠲᠣᠭᠣᠷᠢᠨ᠎ᠤ ᠲᠢᠩᠬᠢᠮ ᠡᠴᠡ ᠤᠢᠯᠠᠭᠠᠭᠰᠠᠨ ᠵᠢᠡᠷ᠂ ᠡᠨᠡ ᠵᠢᠯ᠎ᠤᠨ 1 —11 ᠰᠠᠷ᠎ᠠ᠎ᠳᠦ᠂ ᠮᠠᠨ᠎ᠤ ᠤᠷᠤᠨ᠎ᠤ ᠤᠷᠴᠢᠨ ᠲᠤᠭᠤᠷᠢᠨ ᠠᠭᠠᠷ᠎ᠤᠨ ᠴᠢᠨᠠᠷᠵᠢᠯ᠎ᠤᠨ ᠰᠢᠯᠢᠳᠡᠭ ᠰᠠᠢᠨ ᠡᠳᠦᠷ᠎ᠤᠨ ᠬᠠᠷᠢᠴᠠᠯ ᠲᠤᠮᠳᠠᠴᠢ ᠪᠡᠷ 88.7% ᠪᠠᠢᠵᠤ᠂ ᠠᠳᠠᠯᠢ ᠬᠤᠭᠤᠴᠠᠭᠠᠨ᠎ᠤ᠎ᠬᠢ᠎ᠡᠴᠡ ᠵᠠᠭᠤᠨ᠎ᠤ ᠬᠠᠷᠢᠴᠠᠯ᠎ᠵᠢᠡᠷ1.6 ᠬᠤᠪᠢ ᠪᠠᠭᠤᠷᠠᠪᠠ᠃ ᠡᠯᠡᠰᠦᠨ ᠱᠢᠭᠤᠷᠭ᠎ᠠ᠎ᠶ᠋ᠢᠨ ᠴᠠᠭ ᠠᠭᠤᠷ᠎ᠤᠨ ᠨᠥᠯᠥᠭᠡ᠎ᠡᠴᠡ ᠪᠣᠯᠤᠭ᠍ᠰᠠᠨ ᠪᠠᠷᠢᠮᠵᠢᠶ᠎ᠠ᠎ᠠᠴᠠ ᠬᠡᠲᠦᠷᠡᠭ᠌ᠰᠡᠨ ᠡᠳᠦᠷ᠎ᠦᠨ ᠲᠣᠭ᠎ᠠ᠎ᠨᠢ ᠶᠡᠷᠦᠩᠬᠡᠶ ᠪᠠᠷᠢᠮᠵᠢᠶ᠎ᠠ᠎ᠠᠴᠠ ᠬᠡᠲᠦᠷᠡᠭ᠌ᠰᠡᠨ ᠡᠳᠦᠷ᠎ᠦᠨ ᠲᠣᠭ᠎ᠠ᠎ᠶ᠋ᠢᠨ 54.0%᠎ᠶ᠋ᠢ ᠡᠵᠡᠯᠡᠵᠦ᠍᠂ ᠠᠳᠠᠯᠢ ᠬᠤᠭᠤᠴᠠᠭᠠᠨ᠎ᠤ᠎ᠬᠢ᠎ᠡᠴᠡ ᠵᠠᠭᠤᠨ᠎ᠤ ᠬᠠᠷᠢᠴᠠᠯ ᠵᠢᠡᠷ 24.6 ᠬᠤᠪᠢ᠎ᠳᠡᠭᠡᠭ᠌ᠰᠢᠯᠡᠪᠡ᠃ ᠣᠽᠣᠨ᠎ᠤ ᠪᠠᠷᠢᠮᠵᠢᠶ᠎ᠠ᠎ᠠᠴᠠ ᠬᠡᠲᠦᠷᠡᠭ᠌ᠰᠡᠨ ᠡᠳᠦᠷ᠎ᠦᠨ ᠲᠣᠭ᠎ᠠ᠎ᠨᠢ ᠶᠡᠷᠦᠩᠬᠡᠶ ᠪᠠᠷᠢᠮᠵᠢᠶ᠎ᠠ᠎ᠠᠴᠠ ᠬᠡᠲᠦᠷᠡᠭ᠌ᠰᠡᠨ ᠡᠳᠦᠷ᠎ᠦᠨ ᠲᠣᠭ᠎ᠠ᠎ᠶ᠋ᠢᠨ 28.3%᠎ᠶ᠋ᠢ ᠡᠵᠡᠯᠡᠵᠦ᠍᠂ ᠠᠳᠠᠯᠢ ᠬᠤᠭᠤᠴᠠᠭᠠᠨ᠎ᠤ᠎ᠬᠢ᠎ᠡᠴᠡ ᠵᠠᠭᠤᠨ᠎ᠤ ᠬᠠᠷᠢᠴᠠᠯ ᠵᠢᠡᠷ 6.1 ᠬᠤᠪᠢ ᠳᠡᠭᠡᠭ᠌ᠰᠢᠯᠡᠪᠡ᠃

12 ᠠᠢᠮᠠᠭ ᠬᠣᠲᠠ᠎ᠶ᠋ᠢᠨ ᠱᠢᠯᠢᠳᠡᠭ ᠰᠠᠢᠨ ᠡᠳᠦᠷ᠎ᠦᠨ ᠲᠣᠭ᠎ᠠ᠎ᠶ᠋ᠢᠨ ᠬᠠᠷᠢᠴᠠᠯ᠎ᠢ ᠥᠨᠳᠥᠷ᠎ᠡᠴᠡ ᠲᠡᠰ ᠳᠠᠷᠠᠭᠠᠯᠠᠨ ᠵᠢᠭᠰᠠᠭᠠᠪᠠᠯ᠄

ᠬᠥᠯᠥᠨ ᠪᠣᠢᠷ ᠬᠣᠲᠠ(99.4%)

ᠬᠢᠩᠭᠠᠨ ᠠᠢᠮᠠᠭ (97.3%)

ᠱᠢᠯᠢ᠎ᠶ᠋ᠢᠨ ᠭᠤᠤᠯ ᠠᠢᠮᠠᠭ(96.4%)

ᠤᠯᠠᠭᠠᠨᠬᠠᠳᠠ ᠬᠣᠲᠠ(94.9%)

ᠤᠯᠠᠭᠠᠨᠴᠠᠪ ᠬᠣᠲᠠ(91.3%)

ᠲᠦᠩᠯᠢᠶᠣᠤ ᠬᠣᠲᠠ(88.3%)

ᠬᠥᠬᠡᠬᠣᠲᠠ(86.2%)

ᠠᠯᠠᠱᠠ ᠠᠢᠮᠠᠭ(84.4%)

ᠣᠷᠳᠣᠰ ᠬᠣᠲᠠ(84.4%)

ᠪᠤᠭᠤᠳᠤ ᠬᠤᠲᠠ(82.3%)

ᠪᠠᠶᠠᠨᠨᠠᠭᠤᠷ ᠬᠤᠲᠠ(81.7%)

ᠦᠬᠠᠢ ᠬᠤᠲᠠ(77.8%) ᠪᠤᠯᠤᠨ᠎ᠠ᠃

ᠪᠥᠬᠥ᠌ ᠣᠷᠣᠨ᠎ᠤ PM 2.5 ᠎ᠶ᠋ᠢᠨ ᠳᠤᠮᠳᠠᠴᠢ ᠥᠳᠭᠡᠴᠡ᠎ᠵᠢᠨ ᠬᠡᠮᠵᠢᠶ᠎ᠡ 23 ᠮᠢᠺᠷᠥᠭ᠌ᠷᠠᠮ / ᠺᠦᠪ ᠮᠧᠲ᠋ᠷ ᠪᠠᠢᠵᠤ᠂ ᠠᠳᠠᠯᠢ ᠬᠤᠭᠤᠴᠠᠭᠠᠨ᠎ᠤ᠎ᠬᠢ᠎ᠡᠴᠡ 14.8%᠎ᠪᠠᠷ ᠪᠠᠭᠤᠷᠠᠪᠠ᠃ 12 ᠠᠢᠮᠠᠭ ᠬᠣᠲᠠ᠎ᠶ᠋ᠢᠨ PM 2.5 ᠎ᠶ᠋ᠢᠨ ᠳᠤᠮᠳᠠᠴᠢ ᠥᠳᠭᠡᠴᠡ᠎ᠶ᠋ᠢᠨ ᠬᠡᠮᠵᠢᠶ᠎ᠡ ᠵᠢ ᠳᠤᠤᠷ᠎ᠠ᠎ᠠᠴᠠ ᠥᠨᠳᠥᠷ ᠲᠡᠢᠰᠢ ᠵᠢᠭᠰᠠᠭᠠᠪᠠᠯ᠄

ᠱᠢᠯᠢ᠎ᠶ᠋ᠢᠨ ᠭᠤᠤᠯ ᠠᠢᠮᠠᠭ(9 ᠮᠢᠺᠷᠥᠭ᠌ᠷᠠᠮ / ᠺᠦᠪ ᠮᠧᠲ᠋ᠷ)

ᠬᠥᠯᠥᠨ ᠪᠣᠢᠷ ᠬᠣᠲᠠ(17 ᠮᠢᠺᠷᠥᠭ᠌ᠷᠠᠮ / ᠺᠦᠪ ᠮᠧᠲ᠋ᠷ)

ᠠᠯᠠᠱᠠ ᠠᠢᠮᠠᠭ(20 ᠮᠢᠺᠷᠥᠭ᠌ᠷᠠᠮ / ᠺᠦᠪ ᠮᠧᠲ᠋ᠷ)

ᠤᠯᠠᠭᠠᠨᠴᠠᠪ ᠬᠣᠲᠠ(21 ᠮᠢᠺᠷᠥᠭ᠌ᠷᠠᠮ / ᠺᠦᠪ ᠮᠧᠲ᠋ᠷ)

ᠣᠷᠳᠣᠰ ᠬᠣᠲᠠ(22 ᠮᠢᠺᠷᠥᠭ᠌ᠷᠠᠮ / ᠺᠦᠪ ᠮᠧᠲ᠋ᠷ)

ᠤᠯᠠᠭᠠᠨᠬᠠᠳᠠ ᠬᠣᠲᠠ(23 ᠮᠢᠺᠷᠥᠭ᠌ᠷᠠᠮ / ᠺᠦᠪ ᠮᠧᠲ᠋ᠷ)

ᠬᠢᠩᠭᠠᠨ ᠠᠢᠮᠠᠭ(24 ᠮᠢᠺᠷᠥᠭ᠌ᠷᠠᠮ / ᠺᠦᠪ ᠮᠧᠲ᠋ᠷ)

ᠪᠠᠶᠠᠨᠨᠠᠭᠤᠷ ᠬᠤᠲᠠ(25 ᠮᠢᠺᠷᠥᠭ᠌ᠷᠠᠮ / ᠺᠦᠪ ᠮᠧᠲ᠋ᠷ)

ᠦᠬᠠᠢ ᠬᠤᠲᠠ(25 ᠮᠢᠺᠷᠥᠭ᠌ᠷᠠᠮ / ᠺᠦᠪ ᠮᠧᠲ᠋ᠷ)

ᠬᠦᠬᠡᠬᠤᠲᠠ(27 ᠮᠢᠺᠷᠥᠭ᠌ᠷᠠᠮ / ᠺᠦᠪ ᠮᠧᠲ᠋ᠷ)

ᠪᠤᠭᠤᠳᠤ ᠬᠤᠲᠠ(29 ᠮᠢᠺᠷᠥᠭ᠌ᠷᠠᠮ / ᠺᠦᠪ ᠮᠧᠲ᠋ᠷ)

ᠲᠦᠨᠭᠯᠢᠶᠤᠤ ᠬᠤᠲᠠ(29 ᠮᠢᠺᠷᠥᠭ᠌ᠷᠠᠮ / ᠺᠦᠪ ᠮᠧᠲ᠋ᠷ) ᠪᠤᠯᠤᠨ᠎ᠠ᠃

ᠡᠨᠭ᠎ᠤᠨ ᠵᠢᠷᠭᠤᠭᠠᠨ ᠵᠦᠶ᠋ᠯ᠎ᠦᠨ ᠪᠣᠬᠢᠷᠲᠤᠯ ᠪᠤᠳᠠᠰ᠎ᠦᠨ ᠶᠡᠷᠦᠩᠬᠡᠢᠯᠡᠭ᠌ᠰᠡᠨ ᠵᠢᠭᠠᠯᠲᠠ ᠲᠣᠭ᠎ᠠ᠎ᠶ᠋ᠢᠨ ᠨᠡᠷᠡᠰ᠎ᠦᠨ ᠵᠢᠭ᠍ᠰᠠᠭᠠᠯᠲᠠ ᠶᠣᠰᠣᠭᠠᠷ᠂ 12 ᠠᠢᠮᠠᠭ ᠬᠣᠲᠠ᠎ᠶ᠋ᠢᠨ ᠤᠷᠴᠢᠨ ᠲᠤᠭᠤᠷᠢᠨ ᠠᠭᠠᠷ᠎ᠤᠨ ᠴᠢᠨᠠᠷᠵᠢᠯ᠎ᠤᠨ ᠰᠠᠢᠨ᠎ᠠᠴᠠ ᠠᠨᠠᠢ ᠲᠡᠢᠰᠢ ᠵᠢᠭᠰᠠᠭᠠᠪᠠᠯ᠄ ᠱᠢᠯᠢ᠎ᠶ᠋ᠢᠨ ᠭᠤᠤᠯ ᠠᠢᠮᠠᠭ᠂ ᠬᠥᠯᠥᠨ ᠪᠣᠢᠷ ᠬᠣᠲᠠ᠂ ᠬᠢᠩᠭᠠᠨ ᠠᠢᠮᠠᠭ᠂ ᠠᠯᠠᠱᠨ ᠠᠢᠮᠠᠭ᠂ ᠤᠯᠠᠭᠠᠨᠬᠠᠳᠠ ᠬᠣᠲᠠ ᠪᠠ ᠤᠯᠠᠭᠠᠨᠴᠠᠪ ᠬᠣᠲᠠ᠂ ᠲᠦᠩᠯᠢᠶᠣᠤ ᠬᠣᠲᠠ᠂ ᠣᠷᠳᠣᠰ ᠬᠣᠲᠠ᠂ ᠪᠠᠶᠠᠨᠨᠠᠭᠤᠷ ᠬᠣᠲᠠ᠂ ᠬᠥᠬᠡᠬᠣᠲᠠ᠂ ᠪᠤᠭᠤᠲᠤ ᠬᠣᠲᠠ᠂ ᠦᠬᠠᠶ ᠬᠣᠲᠠ ᠪᠣᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号