ᠤᠯᠠᠮᠵᠢᠯᠠᠯᠲᠤ ᠱᠠᠨ ᠰᠢ ᠵᠦᠴᠦᠭᠡ ᠥᠪᠥᠷ ᠮᠣᠩᠭᠣᠯ᠎ᠳᠤ ᠶᠠᠮᠠᠷ ᠦᠨᠦᠷ ᠠᠮᠳᠠ ᠲᠠᠢ ᠪᠠᠢᠳᠠᠭ ᠪᠤᠢ
2021-12-03 09:22:56
ᠵᠣᠬᠢᠶᠠᠭ᠍ᠴᠢ᠄
ᠭᠣᠣ ᠷᠦᠢ ᠹᠸᠩ
ᠣᠩᠱᠢᠭ᠍ᠰᠠᠨ ᠣᠳᠠᠭ᠎ᠠ᠄
★★★☆☆

ᠰᠢ ᠵᠦᠴᠦᠭᠡ ᠪᠣᠯ ᠳᠤᠮᠳᠠᠳᠤ᠎ᠶ᠋ᠢᠨ ᠰᠣᠶᠣᠯ᠎ᠤᠨ ᠦᠨᠡᠲᠦ ᠡᠷᠳᠡᠨᠢ ᠮᠥᠨ᠂  ᠰᠢ ᠵᠦᠴᠦᠭᠡ ᠶ᠋ᠢᠨ ᠦᠢᠯᠡᠰ᠎ᠢ ᠴᠡᠴᠡᠭ᠌ᠯᠡᠭᠦᠯᠦᠨ ᠬᠥᠭ᠌ᠵᠢᠭᠦᠯᠬᠦ᠌᠎ᠶ᠋ᠢᠨ ᠵᠠᠩᠭᠢᠯᠠᠭ᠎ᠠ ᠨᠢ ᠬᠥᠮᠦᠨ᠎ᠳᠦ ᠪᠤᠢ᠃ ᠳᠤᠮᠳᠠᠳᠤ᠎ᠤᠯᠤᠰ᠎ᠤᠨ᠎ᠰᠢ᠎ᠵᠦᠴᠦᠭᠡ᠎ᠶ᠋ᠢᠨ᠎ᠳᠡᠭᠡᠳᠦ᠎ᠰᠤᠷᠭᠠᠭᠤᠯᠢ ᠵᠢᠨ ᠬᠢᠨ ᠰᠤᠷᠭᠠᠭᠤᠯᠢ ᠪᠠᠢᠭᠤᠯᠤᠭ᠍ᠳᠠᠭ᠍ᠰᠠᠨ 70 ᠵᠢᠯ᠎ᠦᠨ ᠣᠶ᠎ᠪᠠᠷ ᠱᠢᠨ᠎ᠡ ᠭᠠᠷᠤᠭ᠎ᠠ ᠪᠣᠯᠭᠠᠵᠤ᠂ ᠨᠠᠮ᠎ᠤᠨ ᠰᠤᠷᠭᠠᠨ ᠬᠥᠮᠦᠵᠢᠯ᠎ᠦᠨ ᠴᠢᠭ᠌ᠯᠡᠯᠲᠡ᠎ᠶ᠋ᠢ ᠪᠥᠬᠥ᠌ ᠲᠠᠯ᠎ᠠ᠎ᠪᠠᠷ ᠲᠤᠭᠤᠱᠢᠯᠠᠭᠤᠯᠤᠨ᠂ ᠶᠣᠰᠣ ᠰᠤᠷᠲᠠᠬᠤᠨ᠎ᠢᠶᠠᠷ ᠬᠥᠮᠦᠨ᠎ᠬᠥᠮᠦᠵᠢᠭᠦᠯᠬᠦ᠌᠎ᠦᠨᠳᠦᠰᠦᠨ᠎ᠡᠭᠦᠷᠭᠡ᠎ᠶ᠋ᠢ ᠨᠠᠢᠳᠠᠪᠤᠷᠢᠵᠢᠭᠤᠯᠵᠤ᠂ ᠥᠷᠭᠡᠨ᠎ᠣᠯᠠᠨ᠎ᠪᠠᠭ᠍ᠰᠢ ᠰᠤᠷᠤᠭ᠍ᠴᠢᠳ᠎ᠢ ᠬᠥᠲᠥᠯᠥᠨ ᠵᠢᠯᠣᠭᠣᠳᠴᠤ᠌᠂ ᠰᠣᠶᠣᠯ᠎ᠤᠨ ᠢᠲᠡᠭᠡᠯ᠎ᠢᠶᠡᠨ ᠪᠠᠲᠤᠳᠭᠠᠨ᠂ ᠱᠢᠯᠢᠳᠡᠭ ᠤᠯᠠᠮᠵᠢᠯᠠᠯ᠎ᠢᠶᠠᠨ ᠪᠠᠳᠠᠷᠠᠭᠤᠯᠵᠤ᠂ ᠲᠥᠪ ᠶᠣᠰᠣ᠎ᠶ᠋ᠢ ᠪᠠᠷᠢᠮᠲᠠᠯᠠᠨ ᠱᠢᠨ᠎ᠡ᠎ᠶ᠋ᠢ ᠡᠭᠦᠳᠬᠦ᠌᠎ᠶ᠋ᠢ ᠪᠠᠷᠢᠮᠲᠠᠯᠠᠵᠤ᠂ ᠵᠢᠭᠠᠬᠤ ᠰᠤᠷᠬᠤ᠎ᠶ᠋ᠢ ᠵᠡᠷᠭᠡ ᠪᠡᠷ ᠳᠡᠭᠡᠭ᠌ᠰᠢᠯᠡᠭᠦᠯᠬᠦ᠌ ᠳᠤᠮᠳᠠ ᠤᠷᠠᠯᠢᠭ᠎ᠤᠨ ᠦᠨᠡᠨ ᠶᠤᠰᠤ ᠵᠢ ᠡᠷᠢᠯᠬᠢᠯᠡᠵᠦ᠍᠂ ᠠᠷᠠᠳ ᠲᠦᠮᠡᠨ᠎ᠳᠦ ᠦᠶ᠋ᠯᠡᠴᠢᠯᠡᠬᠦ᠌ ᠳᠤᠮᠳᠠ ᠤᠷᠠᠯᠢᠭ᠎ᠤᠨ ᠠᠵᠢᠯ ᠬᠢᠬᠦ ᠣᠭ ᠰᠠᠨᠠᠭ᠎ᠠ᠎ᠪᠠᠨ ᠳᠠᠪᠲᠠᠨ ᠪᠣᠯᠪᠠᠰᠤᠷᠠᠭᠤᠯᠵᠤ᠂ ᠳᠤᠮᠳᠠᠳᠤ᠎ᠶ᠋ᠢᠨ ᠱᠢᠯᠢᠳᠡᠭ ᠤᠯᠠᠮᠵᠢᠯᠠᠯᠲᠤ ᠰᠣᠶᠣᠯ᠎ᠢ ᠵᠠᠯᠭᠠᠮᠵᠢᠯᠠᠬᠤ᠂ ᠨᠡᠢᠭᠡᠮ ᠵᠢᠷᠤᠮ᠎ᠤᠨ ᠰᠣᠶᠣᠯ᠎ᠤᠨ ᠬᠦᠴᠦᠷᠬᠡᠭ ᠤᠯᠤᠰ᠎ᠢ ᠪᠥᠲᠥᠭᠡᠨ ᠪᠠᠢᠭᠤᠯᠬᠤ᠎ᠳᠤ ᠨᠠᠩ ᠶᠡᠬᠡ ᠱᠢᠨ᠎ᠡ ᠬᠤᠪᠢ ᠨᠡᠮᠡᠷᠢ ᠦᠵᠡᠭᠦᠯᠬᠦ᠌᠎ᠶ᠋ᠢ ᠬᠦᠰᠡᠵᠦ᠍ ᠪᠠᠢᠨ᠎ᠠ᠃

— ᠶᠡᠷᠦᠩᠬᠡᠶ ᠱᠦᠵᠢ ᠰᠢ᠎ᠶ᠋ᠢᠨ ᠫᠢᠩ᠎ᠦᠨ ᠳᠤᠮᠳᠠᠳᠤ ᠤᠯᠤᠰ᠎ᠤᠨ ᠰᠢ ᠵᠦᠴᠦᠭᠡ᠎ᠶ᠋ᠢᠨ ᠳᠡᠭᠡᠳᠦ ᠰᠤᠷᠭᠠᠭᠤᠯᠢ᠎ᠶ᠋ᠢᠨ ᠪᠠᠭ᠍ᠰᠢ ᠰᠤᠷᠤᠭ᠍ᠴᠢᠳ᠎ᠲᠤ ᠢᠯᠡᠭᠡᠭ᠌ᠰᠡᠨ ᠬᠠᠷᠢᠭᠤ ᠵᠠᠬᠢᠳᠠᠯ ᠡᠴᠡ (2020 ᠣᠨ ᠤ᠋ 10 ᠰᠠᠷ᠎ᠠ᠎ᠶ᠋ᠢᠨ 23᠎ᠤ᠋ ᠡᠳᠦᠷ)


ᠬᠥᠮᠦᠨ᠎ᠦ ᠠᠮᠢᠳᠤᠷᠠᠯ ᠪᠦᠷ ᠦᠪᠡᠷ ᠦᠪᠡᠷ᠎ᠤᠨ ᠦᠨᠦᠷ ᠠᠮᠲᠠ ᠲᠠᠢ ᠪᠠᠢᠳᠠᠭ᠃

ᠲᠡᠭᠡᠪᠡᠯ ᠠᠮᠲᠠ ᠭᠡᠵᠦ ᠶᠠᠭᠤ ᠪᠣᠶ?

ᠴᠠᠢ᠎ᠶ᠋ᠢᠨ ᠥᠳᠭᠡᠨ᠂ ᠠᠷᠢᠬᠢᠨ᠎ᠤ ᠭᠤᠱᠤᠭᠤᠨ᠂ ᠼᠤᠤ᠎ᠶ᠋ᠢᠨ ᠢᠰᠭᠦᠯᠡᠩ᠂ ᠰᠦᠨ᠎ᠦ ᠠᠩᠬᠢᠯᠤᠮ᠎ᠠ ᠠᠮᠲᠠ ᠤᠤ? ᠡᠰᠡᠭᠦᠯ᠎ᠡ ᠡᠵᠢ᠎ᠶ᠋ᠢᠨ ᠬᠠᠯᠠᠭᠤᠨ ᠡᠪᠦᠷ᠂ ᠬᠤᠷᠤᠭᠤᠨ ᠳᠡᠭᠡᠷᠡᠬᠢ ᠱᠢᠭᠦᠳᠡᠷᠢ ᠵᠢᠨ ᠮᠦᠬᠦᠯᠢᠭ᠂ ᠪᠦᠵᠢᠭ᠎ᠤᠨ ᠠᠯᠬᠤᠮ᠂ ᠪᠤᠳᠤᠭ ᠦᠭᠡᠢ ᠠᠷᠢᠭᠤᠨ ᠴᠡᠪᠡᠷ ᠤᠤ?

ᠪᠦᠷ ᠮᠥᠨ ᠡ᠃

ᠲᠡᠭᠡᠪᠡᠯ ᠲᠠᠯ᠎ᠠ ᠨᠤᠲᠤᠭ᠎ᠤᠨ ᠱᠠᠨ ᠰᠢ ᠵᠦᠴᠦᠭᠡ ᠴᠤᠬᠤᠮ ᠶᠠᠮᠠᠷ ᠦᠨᠦᠷ ᠠᠮᠲᠠ ᠲᠠᠢ ᠪᠣᠶ?

ᠠᠵᠢᠯ ᠲᠦᠷᠦᠯ᠎ᠤᠨ ᠬᠢᠨ᠎ᠤ ᠮᠡᠷᠭᠡᠵᠢᠯᠲᠡᠳ 《ᠼᠤᠤ᠎ᠶ᠋ᠢᠨ ᠠᠮᠲᠠ + ᠰᠦ ᠵᠢᠨ ᠠᠮᠲᠠ》 ᠲᠠᠢ ᠭᠡᠵᠦ ᠶᠠᠷᠢᠵᠠᠭᠠᠳᠠᠭ᠃

ᠱᠠᠨ ᠰᠢ ᠵᠦᠴᠦᠭᠡ᠎ᠱᠠᠨ ᠰᠢ᠎ᠮᠤᠵᠢ ᠡᠴᠡ ᠢᠷᠡᠯᠲᠡ ᠲᠠᠢ᠂ ᠴᠢᠩ ᠤᠯᠤᠰ᠎ᠤᠨ ᠡᠬᠢ᠎ᠪᠡᠷ ᠪᠣᠭᠣᠮᠲᠠ᠎ᠶ᠋ᠢᠨ ᠭᠠᠳᠠᠨ᠎ᠠ ᠤᠯᠠᠮᠵᠢᠯᠠᠭᠳᠠᠵᠠᠢ᠃ ᠭᠤᠷᠪᠠᠨ ᠵᠠᠭᠤᠨ ᠵᠢᠯ᠎ᠦᠨ ᠲᠤᠷᠰᠢ ᠱᠠᠨ ᠰᠢ ᠵᠦᠴᠦᠭᠡ ᠥᠪᠥᠷ ᠮᠣᠩᠭᠣᠯ᠎ᠤᠨ ᠥᠨᠳᠥᠷᠯᠢᠭ᠎ᠦᠨ ᠬᠦᠷᠦᠰᠦᠨ᠎ᠤ ᠰᠢᠮ᠎ᠡ ᠵᠢ ᠬᠦᠷᠲᠡᠭᠡᠳ ᠲᠤᠭᠯᠠᠬᠤ ᠬᠡᠯᠪᠡᠷᠢ ᠨᠢ ᠲᠤᠬᠠᠶ᠎ᠶ᠋ᠢᠨ ᠭᠠᠵᠠᠷ᠎ᠤᠨ ᠵᠠᠩ ᠦᠢᠯᠡ ᠲᠠᠢ ᠠᠭᠤᠰᠤᠨ᠂ ᠪᠡᠭᠡᠵᠢᠩ ᠵᠦᠴᠦᠭᠡ᠂ ᠾᠧᠪᠧᠶ ᠪᠠᠩᠽᠢ᠎ᠶ᠋ᠢᠨ ᠳᠠᠭᠤᠯᠠᠬᠤ ᠠᠶᠠᠯᠭᠤ ᠵᠢ ᠲᠤᠯᠢᠳᠠᠨ᠂ ᠤᠮᠤᠭᠯᠠᠩ ᠪᠠᠳᠠᠷᠠᠩᠭᠤᠢ᠂ ᠣᠨᠴᠠᠯᠢᠭ᠎ᠢᠶᠠᠷ ᠢᠯᠡ ᠲᠣᠳᠣ ᠂ ᠠᠷᠠᠳ ᠣᠯᠠᠨ᠎ᠤ ᠪᠠᠬᠠᠷᠬᠠᠯ᠎ᠢ ᠲᠠᠲᠠᠭ᠍ᠰᠠᠨ ᠥᠨᠥᠳᠦᠷ᠎ᠦᠨ ᠱᠠᠨ ᠰᠢ ᠵᠦᠴᠦᠭᠡ᠎ᠶ᠋ᠢ ᠪᠦᠷᠢᠯᠳᠦᠭᠦᠯᠵᠡᠶ᠃



ᠤᠯᠠᠮᠵᠢᠯᠠᠯᠲᠤ ᠱᠠᠨ ᠰᠢ ᠵᠦᠴᠦᠭᠡ ᠥᠪᠥᠷ ᠮᠣᠩᠭᠣᠯ᠎ᠳᠤ 《ᠦᠨᠳᠦᠰᠦᠯᠡᠨ ᠨᠠᠬᠢᠶᠠᠯᠠᠪᠠ》

《ᠬᠥᠬᠡᠬᠣᠲᠠ᠎ᠶ᠋ᠢᠨ ᠰᠣᠶᠣᠯ᠎ᠤᠨ ᠣᠢᠯᠠᠯᠭ᠎ᠠ》᠎ᠳ᠋ᠤ ᠲᠡᠮᠳᠡᠭ᠌ᠯᠡᠭ᠌ᠰᠡᠨ᠎ᠢᠶᠡᠷ᠂ ᠭᠦᠢᠬᠤᠸᠠ ᠬᠤᠲᠠ ᠤᠮᠠᠷᠠᠲᠤ ᠬᠢᠯᠢ᠎ᠶ᠋ᠢᠨ ᠪᠤᠭᠤᠮᠲᠠ ᠵᠢᠨ ᠭᠠᠵᠠᠷ ᠪᠠᠢᠷᠢᠯᠠᠵᠤ᠂ ᠵᠠᠮ ᠬᠠᠷᠢᠯᠴᠠᠭ᠎ᠠ ᠲᠥᠬᠥᠮ᠂ ᠠᠵᠤ ᠠᠬᠤᠶ ᠬᠥᠭ᠌ᠵᠢᠭᠡᠳ᠂ ᠱᠠᠨ ᠰᠢ᠎ᠶ᠋ᠢᠨ ᠬᠥᠮᠦᠨ ᠠᠮᠠ ᠣᠯᠠᠨ ᠪᠠᠢᠵᠠᠢ᠃ ᠴᠢᠩ ᠤᠯᠤᠰ᠎ᠤᠨ ᠪᠦᠷᠢᠨᠲᠦ ᠵᠠᠰᠠᠭ᠍ᠴᠢ᠎ᠶ᠋ᠢᠨ ᠦᠶ᠎ᠡ᠎ᠳᠦ ᠨᠢᠭᠡᠨᠲᠡ ᠬᠤᠪᠢ ᠬᠥᠮᠦᠨ᠎ᠦ ᠵᠣᠬᠢᠶᠠᠨ ᠪᠠᠢᠭᠤᠯᠤᠭ᠍ᠰᠠᠨ ᠱᠠᠨ ᠰᠢ ᠵᠦᠴᠦᠭᠡ᠎ᠶ᠋ᠢᠨ ᠪᠦᠯᠬᠦᠮ᠎ᠲᠡᠶ ᠪᠣᠯᠵᠤ᠂ ᠦᠷᠭᠦᠯᠵᠢ ᠲᠣᠭ᠍ᠲᠠᠬᠤ ᠱᠢᠶᠠᠨ᠂ ᠰᠠᠭᠠᠯᠢᠴᠢᠨ᠂ ᠪᠤᠭᠤᠲᠤ᠂ ᠪᠣᠷᠣᠲᠣᠬᠣᠶ᠂ ᠶᠡᠬᠡ ᠵᠣᠣ᠎ᠶ᠋ᠢᠨ ᠴᠢᠭᠤᠯᠭᠠᠨ(ᠣᠳᠣ᠎ᠶ᠋ᠢᠨ ᠣᠷᠳᠣᠰ) ᠵᠡᠷᠭᠡ ᠭᠠᠵᠠᠷ᠎ᠵᠢᠡᠷ ᠨᠡᠭᠦᠳᠡᠯᠯᠡᠨ ᠲᠣᠭ᠍ᠯᠠᠯᠲᠠ ᠭᠠᠷᠭᠠᠵᠤ ᠪᠠᠢᠪᠠ᠃ ᠴᠢᠩ ᠤᠯᠤᠰ᠎ᠤᠨ ᠲᠥᠷᠥ᠍ ᠭᠡᠷᠡᠯᠲᠦ ᠵᠢᠴᠢ ᠢᠷᠭᠡᠨ ᠤᠯᠤᠰ᠎ᠤᠨ ᠦᠶ᠎ᠡ᠎ᠳᠦ᠂ ᠬᠦᠢᠬᠤᠸᠠ ᠬᠣᠲᠠ᠎ᠶ᠋ᠢᠨ ᠱᠠᠨ ᠰᠢ ᠵᠦᠴᠦᠭᠡ ᠮᠠᠰᠢ ᠬᠥᠭ᠌ᠵᠢᠨ ᠳᠡᠯᠭᠡᠷᠡᠭᠡᠳ᠂ ᠳ᠋ᠠ ᠭᠤᠸᠠᠨ ᠶᠤᠸᠠᠨ ᠵᠦᠴᠦᠭᠡ ᠵᠢᠨ ᠬᠦᠷᠢᠶᠡᠯᠡᠩ ᠪᠠ ᠣᠯᠠᠨ ᠲᠦᠮᠡᠨ᠎ᠦ ᠵᠦᠴᠦᠭᠡ ᠵᠢᠨ ᠬᠦᠷᠢᠶᠡᠯᠡᠩ ᠭᠡᠬᠦ ᠮᠠᠰᠢ ᠠᠯᠳᠠᠷᠲᠠᠶ ᠬᠣᠶᠠᠷ ᠵᠦᠴᠦᠭᠡ ᠵᠢᠨ ᠬᠦᠷᠢᠶᠡᠯᠡᠩ ᠲᠠᠢ ᠪᠠᠢᠵᠤ᠂ ᠱᠠᠨ ᠰᠢ ᠵᠦᠴᠦᠭᠡ᠎ᠶ᠋ᠢᠨ ᠪᠦᠯᠬᠦᠮ ᠦᠷᠭᠦᠯᠵᠢ ᠲᠣᠭ᠍ᠯᠠᠯᠲᠠ ᠭᠠᠷᠭᠠᠳᠠᠭ ᠪᠠᠢᠪᠠ᠃ ᠪᠤᠭᠤᠲᠤ ᠮᠠᠢᠮᠠᠢ ᠴᠤᠭᠯᠠᠭ᠎ᠠ ᠵᠢᠨ ᠤᠷᠤᠵᠤ ᠭᠠᠷᠬᠤ ᠤᠰᠤ ᠬᠠᠭᠤᠷᠠᠶ ᠵᠢᠨ ᠭᠠᠷᠠᠮ ᠪᠣᠯᠤᠭ᠍ᠰᠠᠨ᠎ᠤ ᠬᠤᠪᠢ᠎ᠳᠤ᠂ ᠺᠠᠢᠮᠢᠩ ᠵᠦᠴᠦᠭᠡ ᠵᠢᠨ ᠬᠦᠷᠢᠶᠡᠯᠡᠩ᠂ ᠺᠦᠢᠬᠤᠸᠠ ᠲᠠᠢᠰᠠ᠂ ᠰᠠᠨᠴᠢᠩ ᠴᠠᠶ᠎ᠶ᠋ᠢᠨ ᠬᠦᠷᠢᠶᠡᠯᠡᠩ᠂ ᠪᠠᠷᠠᠭᠤᠨ ᠬᠣᠢᠲᠤ᠎ᠶ᠋ᠢᠨ ᠵᠦᠴᠦᠭᠡ ᠵᠢᠨ ᠬᠣᠷᠢᠶ᠎ᠠ ᠵᠡᠷᠭᠡ ᠨᠢᠭᠡᠨ ᠦᠶ᠎ᠡ ᠬᠥᠭ᠌ᠵᠢᠨ ᠪᠠᠳᠠᠷᠠᠭ᠍ᠰᠠᠨ ᠵᠦᠴᠦᠭᠡ᠎ᠶ᠋ᠢᠨ ᠬᠦᠷᠢᠶᠡᠯᠡᠩ᠎ᠲᠠᠶ ᠪᠠᠢᠵᠠᠢ᠃

ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠨᠠᠮ ᠵᠠᠰᠠᠭ᠎ᠡᠴᠡ ᠵᠦᠴᠦᠭᠡ᠎ᠶ᠋ᠢᠨ ᠬᠦᠷᠢᠶᠡᠯᠡᠩ᠎ᠳᠤ ᠥᠭᠡᠷᠡᠴᠢᠯᠡᠯᠲᠡ ᠬᠢᠵᠦ᠍᠂ ᠣᠯᠠᠨ ᠤᠳᠠᠭᠠᠨ᠎ᠤ ᠪᠠᠢᠭᠤᠯᠤᠮᠵᠢ ᠵᠢᠨ ᠬᠤᠪᠢᠷᠠᠯᠲᠠ᠂ ᠠᠵᠢᠯᠲᠠᠨ᠎ᠤ ᠰᠣᠯᠢᠭ᠍ᠳᠠᠯ᠎ᠵᠢᠡᠷ ᠳᠡᠮᠵᠢᠨ᠂ ᠥᠪᠥᠷ ᠮᠣᠩᠭᠣᠯ᠎ᠤᠨ ᠱᠠᠨ ᠰᠢ ᠵᠦᠴᠦᠭᠡ᠎ᠶ᠋ᠢᠨ ᠦᠶ᠋ᠯᠡᠰ ᠴᠡᠴᠡᠭ᠌ᠯᠡᠨ ᠬᠥᠭ᠌ᠵᠢᠯ᠎ᠡ᠂ ᠢᠯᠠᠩᠭᠤᠶ᠎ᠠ ᠬᠥᠬᠡᠬᠣᠲᠠ᠎ᠳᠤ ᠨᠠᠷᠠᠲᠤ ᠬᠥᠮᠦᠰ ᠬᠣᠢᠨ᠎ᠠ ᠬᠣᠢᠨ᠎ᠠ᠎ᠡᠴᠡ᠎ᠪᠠᠨ ᠴᠣᠯᠭᠣᠷᠠᠨ᠂ ᠵᠦᠴᠦᠭᠡ ᠨᠢ ᠣᠯᠠᠨ᠂ ᠴᠢᠨᠠᠷ ᠨᠢ ᠰᠠᠢᠨ᠂ ᠤᠷᠠᠯᠢᠬᠴᠢᠳ ᠬᠤᠷ᠎ᠠ᠎ᠶ᠋ᠢᠨ ᠳᠠᠷᠠᠭᠠᠬᠢ ᠬᠤᠯᠤᠰᠤᠨ ᠰᠦᠶ᠎ᠡ ᠱᠢᠭ ᠴᠤᠯᠭᠤᠷᠠᠭᠰᠠᠨ ᠪᠠᠢᠨ᠎ᠠ᠃

ᠠᠬᠠᠮᠠᠳ ᠤᠷᠠᠯᠢᠭ᠍ᠴᠢᠨ᠎ᠤ ᠳᠣᠲᠣᠷ᠎ᠠ ᠺᠠᠩ ᠼᠦᠢ ᠯᠢᠩ᠂ ᠰᠥᠩ ᠢᠦᠶ ᠹᠸᠨ᠂ ᠷᠧᠨ ᠼᠦᠢ ᠹᠸᠨ᠂ ᠺᠠᠡᠭ  ᠵᠢᠨ ᠷᠦᠢ᠂ ᠸᠠᠩ ᠵᠢᠩ ᠴᠢᠩ᠂ ᠶᠠᠩ ᠱᠧᠩ ᠫᠸᠩ᠂ ᠴᠠᠩ ᠶᠠᠨ ᠴᠦᠨ᠂ ᠵᠣᠣ᠎ᠶ᠋ᠢᠨ ᠷᠦᠢ᠂ ᠯᠢᠦ ᠵᠢᠶᠦ᠋ᠨ ᠮᠧᠶ᠂ ᠭᠦᠸᠧ ᠢᠦᠶ ᠯᠢᠨ ᠵᠡᠷᠭᠡ ᠤᠷ᠎ᠠ ᠮᠡᠷᠭᠡᠵᠢᠯ ᠱᠢᠯᠭᠠᠷᠠᠭ᠍ᠰᠠᠨ᠂ ᠳᠠᠭᠤᠯᠠᠬᠤ ᠵᠤᠬᠢᠶᠠᠬᠤ᠎ᠳᠠᠭᠠᠨ ᠠᠪᠢᠶᠠᠰ᠎ᠲᠠᠶ ᠠᠷᠪᠠᠨ ᠰᠠᠢᠨ ᠲᠣᠭ᠍ᠯᠠᠭ᠍ᠴᠢ ᠲᠠᠢ ᠪᠤᠯᠵᠤ᠂ ᠰᠠᠢᠲᠤᠷ ᠬᠥᠮᠦᠵᠢᠭᠦᠯᠦᠭ᠌ᠰᠡᠨ ᠴᠧᠨ ᠭᠠᠶ ᠮᠧᠶ᠂ ᠴᠧᠨ ᠶᠠᠨ ᠴᠢᠦ᠂ ᠵᠣᠣ ᠭᠤᠸᠠᠩ ᠷᠧᠨ᠂ ᠨᠢᠤ ᠵᠧᠩ ᠮᠢᠩ᠂ ᠴᠢ ᠢᠦᠶ ᠬᠣᠩ᠂ ᠾᠧᠦ ᠶᠤᠸᠠᠨ ᠰᠢ ᠵᠡᠷᠭᠡ ᠨᠢᠭᠡ ᠪᠦᠯᠦᠭ ᠢᠳᠡᠷ ᠵᠠᠯᠠᠭᠤ ᠲᠣᠭ᠍ᠯᠠᠭ᠍ᠴᠢᠳ ᠴᠤ᠌ ᠤᠯᠠᠨ᠎ᠠ ᠲᠠᠨᠢᠭᠳᠠᠵᠤ ᠡᠬᠢᠯᠡᠵᠡᠢ᠃ 1959 ᠣᠨ ᠎ᠳᠤ ᠬᠥᠬᠡᠬᠣᠲᠠ᠎ᠶ᠋ᠢᠨ ᠤᠷᠠᠯᠢᠭ ᠎ᠤᠨ ᠰᠤᠷᠭᠠᠭᠤᠯᠢ ᠪᠠᠢᠭᠤᠯᠤᠭ᠍ᠳᠠᠵᠤ᠂ ᠱᠠᠨ ᠰᠢ ᠵᠦᠴᠦᠭᠡ᠂᠎ᠡᠯ ᠷᠧᠨ᠎ᠲᠡᠶ ᠵᠦᠴᠦᠭᠡ ᠵᠡᠷᠭᠡ ᠰᠢ ᠵᠦᠴᠦᠭᠡ᠎ᠶ᠋ᠢᠨ ᠦᠢᠯᠡᠰ᠎ᠦᠨ ᠵᠠᠯᠭᠠᠮᠵᠢᠯᠠᠭ᠍ᠴᠢ᠎ᠶ᠋ᠢ ᠲᠤᠰᠭᠠᠢᠯᠠᠨ ᠬᠥᠮᠦᠵᠢᠭᠦᠯᠪᠡ᠃

ᠵᠦᠴᠦᠭᠡ᠎ᠵᠢᠨ ᠲᠠᠯ᠎ᠠ ᠪᠡᠷ᠂ 《ᠭᠦᠩᠵᠤ᠎ᠶ᠋ᠢ ᠴᠣᠬᠢᠭ᠍ᠰᠠᠨ ᠨᠢ》 ᠂ 《ᠰᠢᠭᠦᠭᠴᠢ ᠨᠤᠶᠠᠨ᠎ᠢ ᠰᠢᠳᠭᠡᠭᠰᠡᠨ ᠨᠢ》᠂ 《ᠹᠸᠩ ᠲᠠᠢ ᠭᠤᠸᠠᠨ ᠪᠣᠭᠣᠮᠲᠠ》᠂ 《ᠲᠤᠯᠤᠭᠠᠨ ᠲᠠᠩᠬᠢᠮ᠎ᠦᠨ ᠬᠠᠮᠲᠤᠷᠠᠭ᠍ᠰᠠᠨ ᠱᠢᠭᠦᠯᠲᠡ》ᠵᠡᠷᠭᠡ ᠨᠢᠭᠡ ᠪᠦᠯᠦᠭ ᠤᠯᠠᠮᠵᠢᠯᠠᠯᠲᠤ ᠵᠦᠴᠦᠭᠡ᠎ᠶ᠋ᠢ ᠢᠳᠡᠪᠬᠢᠲᠡᠶ ᠠᠭᠤᠳᠠᠯᠤᠨ ᠡᠮᠬᠢᠳᠭᠡᠭ᠌ᠰᠡᠨ᠎ᠦ ᠬᠠᠮᠲᠤ《ᠯᠢ ᠺᠦᠶ》᠂ 《ᠱᠢᠤᠸᠠᠢ ᠭᠠᠩ ᠲᠠᠩ ᠤᠯᠤᠰ᠎ᠢ ᠡᠰᠡᠷᠭᠦᠴᠡᠭ᠌ᠰᠡᠨ ᠨᠢ》᠂ 《ᠳᠤᠯᠤᠳᠤᠭᠠᠷ ᠬᠠᠲᠤᠨ ᠲᠦᠷᠦ᠎ᠳᠤ ᠭᠠᠷᠴᠤ ᠠᠭᠠᠰᠢᠯᠠᠭᠰᠠᠨ ᠨᠢ》᠂ 《ᠭᠤᠷᠪᠠᠨ ᠳᠤᠰᠤᠯ ᠴᠢᠰᠤ》ᠵᠡᠷᠭᠡ ᠱᠢᠯᠢᠳᠡᠭ ᠤᠯᠠᠮᠵᠢᠯᠠᠯᠲᠤ ᠪᠡᠭᠡᠵᠢᠩ ᠵᠦᠴᠦᠭᠡ᠎ᠶ᠋ᠢ ᠱᠢᠯᠵᠢᠭᠦᠯᠦᠨ ᠨᠠᠢᠷᠠᠭᠤᠯᠤᠭᠰᠠᠨ ᠪᠠᠢᠨ᠎ᠠ᠂ ᠪᠠᠰᠠ 《ᠠᠬ᠎ᠠ ᠥᠬᠢᠨ ᠳᠡᠭᠦᠦ ᠠᠲᠠᠷ ᠬᠠᠭᠠᠯᠪᠤᠷᠢᠯᠠᠭ᠍ᠰᠠᠨ ᠨᠢ》᠂ 《ᠡᠷ᠎ᠡ ᠡᠮ᠎ᠡ ᠬᠣᠶᠠᠭᠤᠯᠠ ᠦᠰᠦᠭ ᠲᠠᠨᠢᠭ᠍ᠰᠠᠨ ᠨᠢ》᠂ 《ᠪᠤᠭᠤᠷᠤᠯ ᠬᠡᠦᠬᠡᠨ》᠂ 《ᠯᠢᠦ ᠬ᠍ᠦ ᠯᠠᠨ》ᠵᠡᠷᠭᠡ ᠤᠳᠤ ᠦᠶ᠎ᠡ ᠵᠢᠨ ᠰᠡᠳᠦᠪ ᠪᠠ ᠬᠤᠪᠢᠰᠬᠠᠯᠲᠤ ᠲᠡᠦᠬᠡ ᠵᠢᠨ ᠰᠡᠳᠦᠪ ᠲᠠᠢ ᠵᠦᠴᠦᠭᠡ ᠵᠢ ᠵᠤᠬᠢᠶᠠᠭᠰᠠᠨ ᠪᠤᠶᠤ ᠨᠠᠢᠷᠠᠭᠤᠯᠤᠨ ᠵᠤᠬᠢᠶᠠᠭᠠᠳ ᠠᠵᠤ ᠠᠬᠤᠢ ᠪᠠ ᠨᠡᠢᠭᠡᠮ᠎ᠤᠨ ᠬᠤᠤᠰ ᠦᠷ᠎ᠡ ᠠᠰᠢᠬ᠎ᠢ ᠡᠭᠦᠳᠴᠡᠢ᠃

ᠱᠠᠨ ᠰᠢ ᠵᠦᠴᠦᠭᠡ᠎ᠶ᠋ᠢᠨ ᠤᠷᠠᠯᠢᠭ᠍ᠴᠢᠨ ᠠᠷᠠᠳ ᠲᠦᠮᠡᠨ᠎ᠦ ᠬᠦᠷᠢᠶᠡᠯᠡᠯ ᠎ᠢ  ᠤᠯᠪᠠ

ᠥᠪᠥᠷ ᠮᠣᠩᠭᠣᠯ᠎ᠳᠤ ᠱᠠᠨ ᠰᠢ ᠵᠦᠴᠦᠭᠡ ᠭᠣᠣᠯᠳᠠᠭᠤ ᠬᠥᠬᠡᠬᠣᠲᠠ᠂ ᠤᠯᠠᠭᠠᠨᠴᠠᠪ ᠂ ᠪᠤᠭᠤᠲᠤ᠂ ᠪᠠᠶᠠᠨᠨᠠᠭᠤᠷ᠂ ᠣᠷᠳᠣᠰ᠂ ᠦᠬᠠᠶ ᠵᠡᠷᠭᠡ ᠪᠠᠷᠠᠭᠤᠨ ᠣᠷᠣᠨ᠎ᠳᠤ ᠳᠡᠯᠭᠡᠷᠡᠵᠦ᠍᠂ ᠠᠷᠠᠳ ᠣᠯᠠᠨ᠎ᠳᠤ 《ᠶᠡᠬᠡ ᠵᠦᠴᠦᠭᠡ》 ᠬᠡᠮᠡᠭ᠌ᠳᠡᠪᠡ᠃

《ᠪᠠᠭ᠎ᠠ᠎ᠶ᠋ᠢᠨ ᠦᠶ᠎ᠡ᠎ᠳᠦ ᠲᠣᠰᠭᠣᠨ᠎ᠳᠤ ᠱᠠᠨ ᠰᠢ ᠵᠦᠴᠦᠭᠡ᠎ᠶ᠋ᠢᠨ ᠪᠦᠯᠬᠦᠮ ᠢᠷᠡᠬᠦ᠎ᠳᠤ ᠮᠠᠨ᠎ᠤ ᠨᠢᠭᠡ ᠪᠦᠯᠦᠭ ᠬᠡᠦᠬᠡᠳ᠎ᠦᠳ ᠵᠡᠭᠡᠯᠢ ᠳᠦᠭᠦᠷᠡᠩ 〈ᠶᠡᠬᠡ ᠵᠦᠴᠦᠭᠡ ᠳᠠᠭᠤᠯᠠᠬᠤ ᠬᠦᠮᠦᠰ ᠢᠷᠡᠯ᠎ᠡ〉 ᠭᠡᠵᠦ᠍ ᠬᠠᠰᠭᠢᠷᠴᠤ᠌ ᠶᠠᠪᠤᠳᠠᠭ᠂ ᠲᠤᠮᠤᠴᠤᠳ ᠰᠤᠨᠤᠰᠤᠭᠠᠳ ᠪᠠᠶᠠᠷᠯᠠᠯᠳᠤᠨ᠂ ᠬᠡᠦᠬᠡᠳ᠎ᠦᠳ ᠵᠢᠡᠨ ᠡᠷᠲᠡᠬᠡᠨ ᠲᠤᠮᠢᠯᠠᠨ᠂ ᠵᠢᠵᠢᠭ ᠰᠠᠨᠳᠠᠯᠢ᠎ᠪᠡᠷ ᠵᠦᠴᠦᠭᠡ᠎ᠶ᠋ᠢᠨ ᠲᠠᠢᠰᠠᠨ᠎ᠤ ᠡᠮᠦᠨ᠎ᠡ ᠤᠷᠤ ᠡᠵᠡᠯᠡᠭᠦᠯᠳᠡᠭ᠂ ᠲᠡᠳᠡ ᠣᠷᠣᠢᠲᠠᠵᠤ ᠣᠴᠢᠪᠠᠯ ᠲᠣᠭ᠍ᠯᠠᠭ᠍ᠴᠢᠳ᠎ᠢ ᠣᠯᠵᠤ ᠬᠠᠷᠠᠬᠤ ᠦᠭᠡᠢ᠎ᠭᠡᠵᠦ ᠰᠠᠨᠳᠤᠷᠴᠠᠭᠠᠨ᠎ᠠ᠃ ᠵᠡᠷᠭᠡᠯᠡᠳᠡᠭᠡ ᠲᠣᠰᠭᠣᠨ᠎ᠤ ᠬᠥᠮᠦᠰ ᠪᠠᠰᠠ ᠬᠡᠳᠦ ᠬᠡᠳᠦ ᠪᠡᠷ ᠨᠡᠢᠯᠡᠭᠡᠳ ᠬᠠᠨᠢ ᠪᠤᠯᠵᠤ ᠬᠣᠷᠢ ᠭᠤᠴᠢᠨ ᠭᠠᠵᠠᠷ᠎ᠤᠨ ᠬᠤᠯᠠ ᠡᠴᠡ ᠵᠦᠴᠦᠭᠡ ᠦᠵᠡᠬᠦ ᠪᠡᠷ ᠢᠷᠡᠵᠡᠭᠡᠳᠡᠭ᠂ ᠲᠡᠷᠡ ᠦᠶ᠎ᠡ᠎ᠳᠤ ᠱᠢᠨᠡᠯᠡᠬᠦ᠌᠎ᠡᠴᠡ ᠪᠠᠰᠠ ᠬᠥᠭ᠌ᠵᠢᠶᠡᠨ᠎ᠲᠡᠶ》 ᠭᠡᠵᠦ ᠤᠯᠠᠭᠠᠨᠴᠠᠪ᠎ᠤᠨ 45 ᠨᠠᠰᠤᠲᠠᠢ ᠶᠠᠨ ᠳ᠋ᠦᠩ ᠬᠤᠢ ᠪᠠᠭ᠎ᠠ᠎ᠨᠠᠰᠤᠨ᠎ᠳᠠᠭᠠᠨ ᠲᠤᠰᠬᠤᠨ᠎ᠤ ᠪᠠᠨ 《ᠶᠡᠬᠡ ᠵᠦᠴᠦᠭᠡ》 ᠰᠤᠨᠢᠷᠬᠠᠵᠤ ᠪᠠᠢᠭ᠍ᠰᠠᠨ ᠪᠠᠢᠳᠠᠯ᠎ᠢ ᠡᠷᠭᠢᠴᠡᠭᠦᠯᠬᠦᠶ᠎ᠡ ᠲᠡᠰᠭᠡᠯ ᠦᠭᠡᠢ ᠢᠨᠢᠶᠡᠳᠦ ᠠᠯᠳᠠᠵᠤ ᠪᠠᠢᠯ᠎ᠠ᠃ ᠲᠡᠭᠦᠨ᠎ᠤ ᠬᠡᠯᠡᠬᠦ ᠪᠡᠷ᠂ ᠵᠦᠴᠦᠭᠡ ᠵᠢᠨ ᠰᠠᠢ᠌ᠨ ᠡᠰᠡᠬᠦ ᠨᠢ ᠭᠤᠤᠯᠳᠠᠭᠤ ᠰᠠᠢ᠌ᠨ ᠲᠣᠭ᠍ᠯᠠᠭ᠍ᠴᠢ᠎ᠳᠤ ᠲᠦᠱᠢᠭ᠌ᠯᠡᠨ᠎ᠡ᠂ ᠰᠠᠢ᠌ᠨ ᠲᠣᠭ᠍ᠯᠠᠭ᠍ᠴᠢ ᠪᠣᠯ ᠪᠦᠬᠦᠢᠯᠡ ᠵᠦᠴᠦᠭᠡ᠎ᠶ᠋ᠢᠨ ᠰᠦᠭ ᠰᠦᠨᠡᠰᠦ ᠮᠦᠨ᠂ ᠵᠢᠱ᠌ᠢᠶᠡᠯᠡᠪᠡᠯ ᠺᠠᠩ ᠼᠦᠢ ᠯᠢᠩ ᠰᠢᠭ ᠰᠠᠢᠨ ᠲᠤᠭᠯᠠᠭᠴᠢ ᠪᠠᠢᠬᠤ ᠬᠡᠷᠡᠭᠲᠡᠢ ᠭᠡᠨ᠎ᠡ᠃

ᠺᠠᠩ ᠼᠦᠢ ᠯᠢᠩ ᠪᠤᠯ ᠥᠪᠥᠷ ᠮᠣᠩᠭᠣᠯ᠎ᠤᠨ ᠳᠠᠭᠤᠷᠢᠯᠢᠭ᠎ᠤᠨ ᠬᠢᠨ᠂ ᠴᠢᠨᠠᠭ᠍ᠰᠢᠯᠠᠪᠠᠯ ᠪᠥᠬᠥ᠌ ᠤᠯᠤᠰ᠎ᠤᠨ ᠱᠠᠨ ᠰᠢ ᠵᠦᠴᠦᠭᠡ᠎ᠶ᠋ᠢᠨ ᠬᠢᠨ᠎ᠦ ᠬᠤᠰᠢᠭᠤᠴᠢ ᠬᠥᠮᠦᠨ ᠪᠢᠯᠡ᠂ ᠰᠢ ᠵᠦᠴᠦᠭᠡ᠎ᠶ᠋ᠢᠨ ᠪᠠᠬᠠᠲᠠᠳ᠎ᠤᠨ 《ᠬᠥᠷᠥᠩᠭᠡ᠎ᠪᠡᠨ ᠬᠥᠨᠲᠥᠷᠴᠦ᠍ ᠪᠠᠢᠭᠠᠳ ᠴᠤ᠌  ᠦᠵᠡᠳᠡᠭ》ᠱᠠᠨ ᠰᠢ ᠵᠦᠴᠦᠭᠡ᠎ᠶ᠋ᠢᠨ ᠠᠯᠳᠠᠷᠲᠤ ᠤᠷᠠᠯᠢᠭ᠍ᠴᠢᠨ ᠶᠤᠮ᠂ ᠤᠷᠠᠯᠢᠭ᠎ᠤᠨ ᠭᠠᠷᠮᠠᠭᠠᠶ ᠠᠮᠵᠢᠯᠲᠠ ᠪᠦᠲᠦᠭᠡᠯ᠎ᠢᠶᠡᠷ᠎ᠢᠶᠡᠨ《ᠱᠠᠨ ᠰᠢ ᠵᠦᠴᠦᠭᠡ᠎ᠶ᠋ᠢᠨ ᠬᠢᠨ᠎ᠦ ᠮᠧᠶ ᠯᠠᠨ ᠹᠠᠩ》 ᠬᠡᠮᠡᠭ᠌ᠳᠡᠪᠡ᠃

ᠺᠠᠩ ᠼᠦᠢ ᠯᠢᠩ ᠪᠤᠯ ᠱᠠᠨ ᠰᠢ ᠮᠤᠵᠢ᠎ᠶ᠋ᠢᠨ ᠱᠦᠸᠸ ᠱᠢᠶᠠᠨ᠎ᠤ ᠬᠦᠮᠦᠨ᠂ ᠬᠥᠬᠡᠬᠣᠲᠠ᠎ᠶ᠋ᠢᠨ ᠱᠠᠨ ᠰᠢ ᠵᠦᠴᠦᠭᠡ᠎ᠶ᠋ᠢᠨ ᠪᠦᠯᠬᠦᠮ᠎ᠦᠨ ᠠᠩᠬᠠᠳᠠᠭ᠍ᠴᠢ ᠪᠦᠯᠬᠦᠮ᠎ᠦᠨ ᠳᠠᠷᠤᠭ᠎ᠠ ᠪᠢᠯᠡ᠃1930 ᠣᠨ᠎ᠳᠤ ᠪᠡᠭᠡᠵᠢᠩ᠎ᠳᠦ ᠲᠦᠷᠦᠵᠤ᠂ ᠬᠠᠷᠠᠬᠠᠨ ᠪᠠᠭ᠎ᠠ᠎ᠠᠴᠠ᠎ᠪᠠᠨ ᠡᠵᠢ᠎ᠪᠠᠨ ᠳᠠᠭᠠᠨ ᠵᠦᠴᠦᠭᠡ ᠲᠤᠭᠯᠠᠬᠤ ᠵᠢ ᠰᠤᠷᠴᠤ᠌᠂10 ᠨᠠᠰᠤᠲᠠᠢ᠎ᠳᠠᠭᠠᠨ ᠲᠠᠢᠰᠠᠨ᠎ᠳᠤ ᠭᠠᠷᠴᠤ᠌ ᠲᠣᠭ᠍ᠯᠠᠭᠠᠳ᠂ ᠰᠢ ᠵᠦᠴᠦᠭᠡ᠎ᠶ᠋ᠢᠨ ᠤᠷ᠎ᠠ ᠠᠪᠢᠶᠠᠰ ᠵᠢᠡᠨ ᠢᠯᠡᠷᠡᠭᠦᠯᠵᠡᠢ᠃ ᠲᠡᠷᠡ ᠱᠠᠨ ᠰᠢ᠂ ᠾᠸᠪᠸᠢ ᠵᠡᠷᠭᠡ ᠭᠠᠵᠠᠷ᠎ᠢᠶᠠᠷ ᠲᠣᠭᠣᠷᠢᠨ ᠲᠣᠭ᠍ᠯᠠᠯᠲᠠ ᠭᠠᠷᠭᠠᠵᠤ᠂ ᠢᠷᠭᠡᠨ ᠤᠯᠤᠰ᠎ᠤᠨ ᠦᠶ᠎ᠡ᠎ᠳᠦ ᠨᠢᠭᠡᠨᠲᠡ ᠠᠯᠳᠠᠷ ᠨᠡᠷ᠎ᠡ ᠮᠠᠨᠳᠤᠵᠠᠢ᠃1947 ᠣᠨ᠎ᠳᠤ ᠺᠠᠩ ᠼᠦᠢ ᠯᠢᠩ ᠡᠵᠢ᠎ᠪᠡᠨ ᠳᠠᠭᠠᠨ ᠬᠦᠢᠰᠦ᠋ᠢ ᠳ᠋ᠦ᠍ ᠢᠷᠡᠭᠡᠳ ᠨᠤᠲᠤᠭᠰᠢᠨ᠂ ᠰᠢ ᠵᠦᠴᠦᠭᠡ ᠳᠠᠭᠤᠯᠠᠵᠤ ᠠᠮᠢᠳᠤᠷᠠᠯ᠎ᠢᠶᠠᠨ ᠠᠷᠭᠠᠴᠠᠭᠠᠪᠠ᠃

1949 ᠣᠨ᠎ᠡᠴᠡ ᠬᠣᠢᠰᠢ᠂ ᠺᠠᠩ ᠼᠦᠢ ᠯᠢᠩ ᠭᠦᠢᠰᠦ᠋ᠢ ᠬᠣᠲᠠ᠎ᠶ᠋ᠢᠨ ᠱᠢᠨᠰᠦ᠋ᠢ ᠵᠦᠴᠦᠭᠡ᠎ᠶ᠋ᠢᠨ ᠬᠣᠷᠢᠶᠠᠨ᠎ᠤ ᠳᠡᠳ᠋ ᠳᠠᠷᠤᠭ᠎ᠠ᠎ᠶ᠋ᠢᠨ ᠲᠤᠱᠢᠶᠠᠯ᠎ᠢ ᠬᠠᠷᠢᠭᠤᠴᠠᠵᠤ᠂ ᠦᠷᠭᠦᠯᠵᠢ ᠭᠦᠢᠰᠦ᠋ᠢ ᠬᠣᠲᠠ᠎ᠶ᠋ᠢᠨ ᠬᠠᠭᠤᠴᠢᠨ ᠬᠣᠲᠠ᠎ᠶ᠋ᠢᠨ ᠱᠢᠶᠣᠤ ᠳ᠋ᠦᠩ ᠵᠡᠭᠡᠯᠢ᠎ᠶ᠋ᠢᠨ ᠳ᠋ᠠ ᠭᠤᠸᠠᠨ ᠶᠤᠸᠠᠨ ᠵᠦᠴᠦᠭᠡ᠎ᠶ᠋ᠢᠨ ᠬᠦᠷᠢᠶᠡᠯᠡᠩ᠎ᠳᠦ ᠲᠣᠭ᠍ᠯᠠᠯᠲᠠ ᠭᠠᠷᠭᠠᠨ᠂ ᠭᠤᠤᠯ ᠡᠮᠡᠭᠲᠡᠢ ᠲᠤᠭᠯᠠᠭᠴᠢ᠂ ᠡᠮᠡᠭᠲᠡᠢ ᠪᠠᠭᠠᠲᠤᠷ ᠵᠡᠷᠭᠡ ᠵᠢ ᠲᠤᠭᠯᠠᠬᠤ᠎ᠳᠠᠭᠠᠨ ᠴᠢᠳᠠᠮᠠᠭᠠᠢ ᠪᠤᠯᠬᠤᠷ ᠵᠦᠴᠦᠭᠡ᠎ᠶ᠋ᠢᠨ ᠪᠠᠬᠠᠲᠠᠳ᠎ᠤᠨ ᠮᠠᠭ᠍ᠲᠠᠭᠠᠯ ᠰᠠᠢᠱᠢᠶᠠᠯ᠎ᠢ ᠬᠦᠷᠲᠡᠭᠰᠡᠨ ᠪᠠᠢᠨ᠎ᠠ᠃

ᠺᠠᠩ ᠼᠦᠢ ᠯᠢᠩ᠎ᠦᠨ ᠳᠠᠭᠤ ᠨᠢ ᠲᠤᠩᠭᠠᠯᠠᠬ ᠲᠦᠯᠭᠡᠨ᠂ ᠦᠭᠡ ᠨᠢ ᠲᠣᠳᠣ᠂ ᠳᠦᠷᠢ ᠨᠢ ᠭᠠᠩᠭᠠᠩ᠂ ᠲᠣᠭ᠍ᠯᠠᠬᠤ ᠨᠢ ᠠᠮᠢᠳᠤᠯᠢᠭ᠂ ᠢᠯᠠᠨᠭᠭᠤᠶ᠎ᠠ ᠱᠠᠨ ᠰᠢ ᠵᠦᠴᠦᠭᠡ᠎ᠶ᠋ᠢᠨ ᠡᠮᠡᠭᠲᠡᠢ ᠭᠤᠤᠯ ᠳᠦᠷᠢ ᠵᠢᠨ ᠲᠣᠭ᠍ᠯᠠᠯᠲᠠ᠎ᠳᠤ ᠥᠪᠡᠷᠮᠢᠴᠡ ᠣᠨᠴᠠᠯᠢᠭ᠎ᠲᠠᠶ᠃ ᠲᠣᠭ᠍ᠯᠠᠭᠰᠠᠨ ᠲᠥᠯᠥᠭᠡᠯᠡᠬᠦ᠌ ᠴᠢᠨᠠᠷᠲᠠᠶ ᠵᠦᠴᠦᠭᠡ ᠨᠢ 《ᠭᠦᠩᠵᠤ᠎ᠶ᠋ᠢ ᠴᠣᠬᠢᠭ᠍ᠰᠠᠨ ᠨᠢ》᠂ 《ᠪᠠ ᠸᠠᠩ ᠲᠠᠲᠠᠪᠤᠷᠢ᠎ᠠᠴᠠ᠎ᠪᠠᠨ ᠰᠠᠯᠤᠭ᠍ᠰᠠᠨ ᠨᠢ》᠂ 《ᠭᠠᠳᠠ ᠮᠠᠢ᠌ᠷᠠᠨ》᠂ 《ᠸᠠᠩ ᠵᠣᠣ ᠵᠢᠶᠦ᠋ᠨ》᠂ 《ᠴᠦᠨ ᠱᠢᠶᠠᠩ ᠱᠠᠰᠳᠢᠷ》᠂ 《ᠵᠢᠶᠠᠩ ᠡᠭᠡᠴᠢ》 ᠵᠡᠷᠭᠡ ᠪᠣᠶ᠂ ᠡᠭᠦᠨ᠎ᠳᠦ 《ᠭᠦᠩᠵᠤ᠎ᠶ᠋ᠢ ᠴᠣᠬᠢᠭ᠍ᠰᠠᠨ ᠨᠢ》᠂ 《ᠴᠦᠨ ᠱᠢᠶᠠᠩ ᠱᠠᠰᠳᠢᠷ》᠂ 《ᠵᠢᠶᠠᠩ ᠡᠭᠡᠴᠢ》 ᠵᠡᠷᠭᠡ ᠵᠢ ᠲᠤᠬᠠᠶ᠎ᠶ᠋ᠢᠨ ᠦᠶ᠎ᠡ᠎ᠳᠦ ᠬᠠᠷ᠎ᠠ ᠭᠣᠮᠲᠦ ᠳ᠋ᠢᠰᠺ ᠪᠣᠯᠭᠠᠨ ᠵᠤᠬᠢᠶᠠᠭᠠᠳ ᠥᠷᠭᠡᠨ᠎ᠢᠶᠡᠷ ᠤᠯᠠᠮᠵᠢᠯᠠᠭ᠍ᠳᠠᠵᠠᠶ᠃

1998 ᠣᠨ᠎ᠳᠤ 68 ᠨᠠᠰᠤᠲᠠᠢ ᠺᠠᠩ ᠼᠦᠢ ᠯᠢᠩ ᠬᠥᠬᠡᠬᠣᠲᠠ᠎ᠳᠤ ᠡᠪᠡᠳᠴᠢᠨ᠎ᠢᠶᠡᠷ ᠨᠠᠰᠤ ᠪᠠᠷᠠᠪᠠ᠂ ᠨᠠᠰᠤᠨ ᠰᠡᠬᠦᠳᠡᠷ 68᠃

2020 ᠤᠨ ᠪᠣᠯ ᠺᠠᠩ ᠼᠦᠢ ᠯᠢᠩ᠎ᠤᠨ ᠮᠡᠨᠳᠦᠯᠡᠭ᠌ᠰᠡᠨ 90 ᠵᠢᠯ᠎ᠦᠨ ᠤᠢ ᠪᠣᠯᠤᠨ᠎ᠠ᠂ ᠬᠥᠬᠡᠬᠣᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠦᠨ ᠱᠠᠨ ᠰᠢ ᠵᠦᠴᠦᠭᠡ᠎ᠶ᠋ᠢᠨ ᠬᠦᠷᠢᠶᠡᠯᠡᠩ 《ᠺᠠᠩ ᠼᠦᠢ ᠯᠢᠩ ᠠᠪᠠᠭᠠᠢ᠎ᠶ᠋ᠢᠨ ᠮᠡᠨᠳᠦᠯᠡᠭ᠌ᠰᠡᠨ 90 ᠵᠢᠯ᠎ᠦᠨ ᠤᠢ᠎ᠶ᠋ᠢ ᠳᠤᠷᠠᠰᠭᠠᠶ᠎ᠠ》ᠭᠡᠬᠦ ᠣᠨᠴᠠᠭᠠᠢ ᠠᠵᠢᠯᠯᠠᠭ᠎ᠠ᠎ᠶ᠋ᠢ ᠦᠪᠡᠳᠡᠭ᠌ᠰᠢ ᠶᠡᠬᠡ᠎ᠪᠡᠷ ᠥᠷᠨᠢᠭᠦᠯᠵᠦ᠍᠂ ᠡᠨᠡ ᠬᠦ᠌ ᠠᠷᠭ᠎ᠠ ᠬᠡᠯᠪᠡᠷᠢ᠎ᠪᠡᠷ ᠠᠷᠠᠳ ᠲᠦᠮᠡᠨ᠎ᠦ ᠲᠣᠭ᠍ᠯᠠᠯᠲᠠ᠎ᠶ᠋ᠢᠨ ᠤᠷᠠᠯᠢᠭ᠍ᠴᠢᠨ᠎ᠢ ᠭᠦᠨ ᠳᠤᠷᠠᠰᠤᠨ ᠰᠠᠨᠠᠭᠠᠯᠵᠠᠵᠤ ᠪᠠᠢᠬᠤ᠎ᠪᠠᠨ ᠢᠯᠡᠳᠭᠡᠪᠡ᠃

ᠱᠠᠨ ᠰᠢ ᠵᠦᠴᠦᠭᠡ ᠥᠪᠥᠷ ᠮᠣᠩᠭᠣᠯ᠎ᠳᠤ ᠱᠢᠨ᠎ᠡ᠎ᠶ᠋ᠢ ᠡᠭᠦᠳᠦᠨ ᠬᠥᠭ᠌ᠵᠢᠪᠡ

ᠱᠠᠨ ᠰᠢ ᠵᠦᠴᠦᠭᠡ ᠥᠪᠥᠷ ᠮᠣᠩᠭᠣᠯ᠎ᠳᠤ ᠤᠷᠤᠵᠤ ᠢᠷᠡᠭᠰᠡᠨ᠎ᠤ ᠳᠠᠷᠠᠭ᠎ᠠ ᠥᠪᠥᠷ ᠮᠣᠩᠭᠣᠯ᠎ᠤᠨ ᠱᠠᠨ ᠰᠢ ᠵᠦᠴᠦᠭᠡ᠎ᠶ᠋ᠢᠨ ᠨᠢᠭᠡᠳᠦᠭᠡᠷ ᠦᠶ᠎ᠡ᠎ᠶ᠋ᠢᠨ ᠲᠥᠯᠥᠭᠡᠯᠡᠭ᠌ᠴᠢ ᠺᠠᠩ ᠼᠦᠢ ᠯᠢᠩ᠎ᠡᠴᠡ ᠡᠬᠢᠯᠡᠭᠡᠳ ᠢᠯᠡᠷᠬᠡᠢ ᠬᠤᠪᠢᠷᠠᠯᠲᠠ ᠲᠠᠢ ᠪᠤᠯᠵᠠᠢ᠃ ᠣᠯᠠᠨ ᠵᠢᠯ᠎ᠦᠨ ᠲᠣᠭ᠍ᠯᠠᠯᠲᠠ᠎ᠶ᠋ᠢᠨ ᠦᠶ᠋ᠯᠡᠳᠦᠯᠭᠡ ᠳᠤᠮᠳᠠ ᠺᠠᠩ ᠼᠦᠢ ᠯᠢᠩ ᠠᠭᠠᠵᠢᠮ᠎ᠢᠶᠠᠷ ᠦᠪᠡᠷ᠎ᠤᠨ ᠭᠡᠰᠡᠨ ᠤᠷᠠᠯᠢᠭ᠎ᠤᠨ ᠣᠨᠴᠠᠯᠢᠭ᠎ᠢᠶᠠᠨ ᠪᠦᠷᠢᠯᠳᠦᠭᠦᠯᠵᠦ᠍᠂ ᠢᠯᠠᠩᠭᠤᠶ᠎ᠠ ᠳᠠᠭᠤᠯᠠᠬᠤ ᠠᠶᠠᠯᠭᠤ ᠨᠢ ᠬᠤᠢᠲᠤ ᠵᠠᠮ᠎ᠤᠨ ᠪᠠᠩᠽᠢ᠂ ᠮᠣᠩᠭᠣᠯ ᠦᠨᠳᠦᠰᠦᠲᠡᠨ᠎ᠦ ᠳᠠᠭᠤᠤ ᠬᠥᠭ᠌ᠵᠢᠮ᠎ᠦᠨ ᠣᠨᠴᠠᠯᠢᠭ᠎ᠢ ᠲᠠᠰᠤᠷᠠᠯᠲᠠ ᠥᠬᠡᠶ ᠱᠢᠩᠭᠡᠭᠡᠨ᠂ ᠤᠤᠯ᠎ᠤᠨ ᠤᠶᠠᠬᠠᠨ ᠨᠡᠮᠡᠭᠦᠨ᠂ ᠬᠠᠩᠬᠢᠨᠠᠮ᠎ᠠ ᠲᠤᠩᠭᠠᠯᠠᠬ ᠬᠡᠪ ᠨᠠᠮᠪᠠ᠎ᠳᠠᠭᠠᠨ ᠪᠤᠭᠤᠮᠲᠠ ᠵᠢᠨ ᠭᠠᠳᠠᠨᠠᠬᠢ ᠣᠮᠣᠭ᠍ᠯᠠᠩ ᠪᠠᠳᠠᠷᠠᠭᠤᠨ ᠬᠡᠪ ᠨᠠᠮᠪᠠ᠎ᠶ᠋ᠢ ᠤᠷᠤᠭᠤᠯᠤᠭᠰᠠᠨ ᠪᠠᠢᠨ᠎ᠠ᠃

《ᠬᠥᠬᠡᠬᠣᠲᠠ᠎ᠶ᠋ᠢᠨ ᠰᠣᠶᠣᠯ᠎ᠤᠨ ᠣᠢᠯᠠᠯᠭ᠎ᠠ》 ᠎ᠳ᠋ᠤ ᠲᠡᠮᠳᠡᠭ᠌ᠯᠡᠭ᠌ᠰᠡᠨ ᠵᠢᠡᠷ᠂ ᠱᠠᠨ ᠰᠢ᠎ᠡᠴᠡ ᠢᠷᠡᠯᠲᠡ ᠲᠠᠢ ᠱᠠᠨ ᠰᠢ ᠵᠦᠴᠦᠭᠡ ᠥᠪᠥᠷ ᠮᠣᠩᠭᠣᠯ᠎ᠤᠨ ᠣᠨᠴᠠᠭᠠᠢ ᠣᠷᠴᠢᠨ ᠲᠣᠭᠣᠷᠢᠨ᠎ᠳᠤ ᠲᠤᠬᠠᠶ᠎ᠶ᠋ᠢᠨ ᠭᠠᠵᠠᠷ᠎ᠤᠨ ᠦᠨᠳᠦᠰᠦᠲᠡᠨ᠂ ᠠᠷᠠᠳ᠎ᠤᠨ ᠤᠷᠠᠯᠢᠭ ᠵᠢᠴᠢ ᠲᠤᠬᠠᠶ᠎ᠶ᠋ᠢᠨ ᠭᠠᠵᠠᠷ᠎ᠤᠨ ᠠᠭᠤᠯᠠ ᠤᠰᠤ ᠭᠠᠵᠠᠷ ᠵᠦᠶ᠂ ᠨᠤᠲᠤᠭ ᠤᠰᠤᠨ᠎ᠤ ᠰᠤᠶᠤᠯ ᠢᠷᠭᠡᠨᠰᠢᠯ᠎ᠤᠨ ᠨᠥᠯᠥᠭᠡ᠎ᠶ᠋ᠢ ᠲᠠᠰᠤᠷᠠᠯᠲᠠ ᠥᠬᠡᠶ ᠭᠥᠷᠳᠡᠭ᠌ᠰᠡᠨ᠎ᠡᠴᠡ ᠬᠦᠦᠷᠨᠢᠬᠦ᠂ ᠳᠠᠭᠤᠯᠠᠬᠤ ᠪᠠ ᠲᠣᠭ᠍ᠯᠠᠬᠤ ᠲᠠᠯ᠎ᠠ᠎ᠪᠡᠷ ᠨᠢᠭᠡᠨᠲᠡ ᠦᠨᠳᠦᠰᠦᠨ ᠴᠢᠨᠠᠷᠳᠠᠢ ᠬᠤᠪᠢᠷᠠᠯᠳᠠ ᠭᠠᠷᠤᠬᠰᠠᠨ ᠪᠠᠢᠨ᠎ᠠ᠃ ᠥᠪᠥᠷ ᠮᠣᠩᠭᠣᠯ᠎ᠳᠤ ᠬᠦᠭᠵᠢᠬᠦ᠎ᠶᠠᠪᠤᠴᠠ᠎ᠳ᠋ᠠᠭᠠᠨ ᠱᠠᠨ ᠰᠢ ᠵᠦᠴᠦᠭᠡ ᠵᠢᠨ ᠬᠡᠪ ᠨᠠᠮᠪᠠ ᠨᠢ ᠬᠤᠪᠢᠷᠠᠵᠤ᠂ ᠲᠠᠯ᠎ᠠ ᠨᠤᠲᠤᠭ᠎ᠤᠨ ᠬᠡᠪ ᠨᠠᠮᠪᠠ ᠲᠠᠢ ᠪᠣᠯᠵᠠᠶ᠃

ᠡᠳᠦᠭᠡ ᠪᠣᠯᠲᠠᠯ᠎ᠠ᠂ ᠴᠸᠩ ᠭᠠᠢ ᠮᠧᠢ᠂ ᠨᠢᠦ ᠵᠧᠩ ᠮᠢᠩ᠂ ᠴᠧᠩ ᠶᠠᠨ ᠴᠢᠦ ᠵᠡᠷᠭᠡ ᠬᠣᠶᠠᠳᠤᠭᠠᠷ ᠦᠶ᠎ᠡ᠎ᠶ᠋ᠢᠨ ᠱᠠᠨ ᠰᠢ ᠵᠦᠴᠦᠭᠡ᠎ᠶ᠋ᠢᠨ ᠲᠣᠭ᠍ᠯᠠᠯᠲᠠ᠎ᠶ᠋ᠢᠨ ᠤᠷᠠᠯᠢᠭ᠍ᠴᠢᠳ᠎ᠤᠨ ᠤᠯᠠᠮᠵᠢᠯᠠᠯ ᠵᠢᠡᠷ ᠳᠠᠮᠵᠢᠭᠠᠳ ᠭᠤᠷᠪᠠᠳᠤᠭᠠᠷ ᠦᠶ᠎ᠡ᠎ᠶ᠋ᠢᠨ ᠵᠠᠯᠭᠠᠮᠵᠢᠯᠠᠭ᠍ᠴᠢ ᠾᠧ ᠱᠢᠶᠤᠤ ᠵᠢᠤᠢ᠂ ᠵᠧᠦ ᠱᠧᠩ ᠯᠢ ᠵᠡᠷᠭᠡ ᠬᠣᠶᠠᠷ ᠤᠷᠠᠯᠢᠭ᠍ᠴᠢᠨ ᠲᠠᠯ᠎ᠠ ᠨᠤᠲᠤᠭ᠎ᠤᠨ ᠱᠠᠨ ᠰᠢ ᠵᠦᠴᠦᠭᠡ᠎ᠶ᠋ᠢᠨ ᠤᠨᠴᠠᠯᠢᠬ ᠨᠠᠮᠪᠠ ᠵᠢ ᠭᠦᠢᠴᠡᠳ ᠪᠠᠳᠠᠷᠠᠭᠤᠯᠪᠠ᠃ ᠾᠧ ᠱᠢᠶᠤᠤ ᠵᠢᠤᠢ ᠪᠤᠯ ᠬᠣᠷᠢᠨ ᠭᠤᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠰᠢ ᠵᠦᠴᠦᠭᠡ᠎ᠶ᠋ᠢᠨ ᠲᠡᠷᠢᠭᠦᠯᠡᠭ᠌ᠴᠢ ᠴᠡᠴᠡᠭ᠎ᠦᠨ ᠱᠠᠩᠨᠠᠯ᠎ᠢ ᠬᠦᠷᠳᠡᠭ᠌ᠴᠢ᠂ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠲᠦᠷᠦᠯ ᠵᠦᠢᠯ᠎ᠦᠨ ᠱᠠᠨ ᠰᠢ ᠵᠦᠴᠦᠭᠡ᠎ᠶ᠋ᠢᠨ ᠤᠯᠠᠮᠵᠢᠯᠠᠭᠴᠢ᠂ 《ᠲᠠᠯ᠎ᠠ ᠨᠤᠲᠤᠭ᠎ᠤᠨ ᠱᠠᠨ ᠰᠢ ᠵᠦᠴᠦᠭᠡ᠎ᠶ᠋ᠢᠨ ᠴᠡᠴᠡᠭ》 ᠬᠡᠮᠡᠭ᠌ᠳᠡᠪᠡ᠃

ᠵᠧᠦ ᠱᠧᠩ ᠯᠢ ᠪᠤᠯ ᠬᠥᠬᠡᠬᠣᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠦᠨ ᠱᠠᠨ ᠰᠢ ᠵᠦᠴᠦᠭᠡ᠎ᠶ᠋ᠢᠨ ᠬᠦᠷᠢᠶᠡᠯᠡᠩ᠎ᠦᠨ ᠱᠦᠵᠢ ᠪᠤᠯᠤᠨ᠎ᠠ᠂ ᠲᠡᠷᠡ ᠵᠠᠰᠠᠭ ᠵᠠᠬᠢᠷᠭᠠᠨ᠎ᠤ ᠠᠵᠢᠯ᠎ᠤᠨ ᠵᠠᠪ ᠴᠢᠯᠥᠭᠡ᠎ᠪᠡᠷ᠎ᠢᠶᠡᠨ ᠡᠷᠡᠭ᠌ᠲᠡᠢ ᠭᠤᠤᠯ ᠳᠦᠷᠢ᠎ᠡᠴᠡ ᠤᠳᠤᠷᠢᠳᠤᠭᠠᠴᠢ ᠵᠢᠨ ᠠᠵᠢᠯ᠎ᠢ ᠬᠠᠷᠢᠭᠤᠴᠠᠨ᠂ ᠳᠠᠬᠢᠨ ᠦᠨᠳᠦᠰᠦᠨ ᠱᠠᠲᠤᠨ᠎ᠳᠤ ᠲᠣᠭ᠍ᠯᠠᠯᠲᠠ ᠭᠠᠷᠭᠠᠵᠤ᠂ ᠤᠯᠠᠨ ᠵᠢᠯ᠎ᠦᠨ ᠲᠤᠷᠰᠢ ᠲᠠᠢᠰᠠᠨ᠎ᠡᠴᠡ ᠰᠠᠯᠤᠭ᠍ᠰᠠᠨ ᠦᠭᠡᠢ᠃ 2004 ᠣᠨ᠎ᠳᠤ᠂ 20 ᠵᠢᠯ᠎ᠦᠨ ᠱᠢᠷᠭᠠᠭᠤ ᠴᠢᠷᠮᠠᠢᠯᠭ᠎ᠠ᠎ᠪᠠᠷ ᠲᠡᠳᠡᠨ᠎ᠦ  ᠱᠢᠨ᠎ᠡ᠎ᠪᠡᠷ ᠨᠠᠢᠷᠠᠭᠤᠯᠵᠤ ᠵᠤᠬᠢᠶᠠᠭᠰᠠᠨ ᠭᠣᠣᠯᠯᠠᠨ ᠲᠣᠭ᠍ᠯᠠᠭ᠍ᠰᠠᠨ ᠲᠣᠮᠣ ᠬᠡᠯᠪᠡᠷᠢ᠎ᠶ᠋ᠢᠨ ᠦᠨᠳᠦᠰᠦᠲᠡᠨ᠎ᠦ ᠲᠡᠦᠬᠡᠨ ᠵᠦᠴᠦᠭᠡ《ᠮᠠᠨᠳᠤᠬᠠᠢ》ᠦᠵᠡᠭ᠌ᠴᠢᠳ᠎ᠲᠡᠶ ᠵᠤᠯᠭᠠᠯ᠎ᠠ᠃ ᠤᠷᠲᠤ᠎ᠶ᠋ᠢᠨ ᠳᠠᠭᠤᠤ᠂ ᠬᠥᠭᠡᠮᠡᠢ᠂ ᠪᠠᠩᠽᠢ᠎ᠶ᠋ᠢᠨ ᠠᠶᠠᠯᠭᠤ᠂ ᠪᠡᠭᠡᠵᠢᠩ ᠵᠦᠴᠦᠭᠡ ᠵᠢᠨ ᠬᠦᠦᠷᠨᠢᠯ᠂ ᠴᠠᠩ᠂ ᠪᠠᠷᠢᠮᠵᠢᠶ᠎ᠠ ᠠᠶᠠᠯᠭᠤ᠂ ᠮᠣᠷᠢᠨ ᠠᠩᠭᠢ᠂ ᠪᠥᠵᠢᠭ᠂ ᠮᠣᠩᠭᠣᠯ ᠲᠡᠷᠯᠢᠭ ᠁ ᠤᠯᠠᠮᠵᠢᠯᠠᠯᠲᠤ ᠱᠠᠨ ᠰᠢ ᠵᠦᠴᠦᠭᠡ᠎ᠶ᠋ᠢᠨ ᠠᠶᠠᠯᠭᠤ᠂ ᠶᠡᠬᠡ ᠬᠡᠮᠵᠢᠶᠡᠨ᠎ᠦ ᠮᠣᠩᠭᠣᠯ ᠦᠨᠳᠦᠰᠦᠲᠡᠨ᠎ᠦ ᠰᠣᠶᠣᠯ᠎ᠤᠨ ᠡᠯᠧᠮᠧᠨ᠋ᠲ᠎ᠤᠳ ᠵᠣᠬᠢᠴᠠᠨ ᠠᠭᠤᠰᠤᠯᠴᠠᠭᠠᠳ ᠦᠨᠳᠦᠰᠦᠲᠡᠨ᠎ᠦ ᠪᠦᠯᠬᠦᠮᠳᠡᠯ ᠭᠡᠬᠦ᠌ ᠮᠦᠩᠬᠡ ᠵᠢᠨ ᠭᠣᠣᠯ ᠰᠡᠳᠦᠪ᠎ᠢ ᠢᠯᠡᠷᠡᠭᠦᠯᠦᠭᠰᠡᠨ ᠪᠠᠢᠨ᠎ᠠ᠂ ᠡᠢᠨ ᠬᠦ᠌ 《ᠮᠠᠨᠳᠤᠬᠠᠢ》 ᠵᠢᠨ ᠰᠢᠨ᠎ᠡ ᠵᠢ ᠡᠭᠦᠳᠦᠭᠰᠡᠨ ᠲᠣᠭ᠍ᠯᠠᠯᠲᠠ᠎ᠶ᠋ᠢᠨ ᠠᠷᠭ᠎ᠠ ᠪᠠᠷᠢᠯ ᠨᠢ ᠠᠮᠵᠢᠯᠲᠠ ᠣᠯᠵᠠᠢ᠃ ᠳᠠᠷᠠᠭᠠᠴᠢ ᠵᠢᠨ ᠪᠦᠬᠦ᠌ ᠤᠯᠤᠰ᠎ᠤᠨ ᠲᠣᠭᠣᠷᠢᠨ ᠲᠣᠭ᠍ᠯᠠᠯᠲᠠ᠎ᠳᠤ ᠬᠦᠷᠦᠭ᠌ᠰᠡᠨ ᠭᠠᠵᠠᠷ ᠪᠣᠯᠭᠠᠨ᠎ᠳᠤ ᠰᠠᠢᠨ ᠦᠨᠡᠯᠡᠯᠲᠡ᠎ᠵᠢ ᠤᠯᠤᠭᠰᠠᠨ ᠪᠠᠢᠨ᠎ᠠ᠃

ᠲᠠᠢᠶᠤᠸᠠᠨ᠎ᠤ ᠱᠠᠨ ᠰᠢ ᠵᠦᠴᠦᠭᠡ ᠵᠢᠨ ᠲᠣᠭ᠍ᠯᠠᠯᠲᠠ ᠵᠢᠨ ᠤᠷᠠᠯᠢᠭ᠍ᠴᠢᠨ᠎ᠤ ᠬᠡᠯᠡᠬᠦ᠌᠎ᠪᠡᠷ᠂ ᠱᠠᠨ ᠰᠢ ᠵᠦᠴᠦᠭᠡ  ᠪᠠᠢᠲᠠᠯ᠎ᠠ ᠪᠠᠨ ᠳᠠᠭᠤᠯᠠᠬᠤ ᠬᠦᠦᠷᠨᠢᠬᠦ ᠲᠤᠭᠯᠠᠬᠤ ᠪᠠᠢᠯᠳᠤᠬᠤ ᠳᠤᠮᠳᠠ ᠤᠯᠠᠮᠵᠢᠯᠠᠯ᠎ᠳᠤ ᠪᠠᠷᠢᠭ᠍ᠳᠠᠬᠤ ᠦᠭᠡᠢ᠂ ᠥᠪᠥᠷ ᠮᠣᠩᠭᠣᠯ᠎ᠤᠨ ᠣᠷᠣᠨ ᠨᠤᠲᠤᠭ᠎ᠤᠨ ᠣᠨᠴᠠᠯᠢᠭ᠎ᠲᠠᠶ ᠪᠣᠯᠤᠭᠰᠠᠨ ᠭᠡᠨ᠎ᠡ ᠃

ᠨᠢᠩᠪᠦ᠋ᠸᠧ᠎ᠶ᠋ᠢᠨ ᠦᠵᠡᠭ᠌ᠴᠢᠳ 《ᠡᠨᠡ ᠴᠢᠨᠢ ᠶᠠᠮᠠᠷ ᠱᠠᠨ ᠰᠢ ᠵᠦᠴᠦᠭᠡ ᠪᠤᠯᠴᠢᠬᠠᠪᠠ?ᠰᠤᠨᠤᠰᠴᠤ ᠤᠢᠯᠠᠭᠠᠬᠤ ᠮᠦᠷᠲᠡᠭᠡᠨ ᠪᠠᠰᠠ ᠦᠵᠡᠭᠡᠳ ᠰᠤᠭᠲᠤᠭᠤᠷᠠᠴᠢᠬᠠᠨ᠎ᠠ》 ᠭᠡᠵᠦ᠍ ᠭᠠᠢᠬᠠᠨ ᠠᠰᠠᠭᠤᠵᠠᠭᠠᠯ᠎ᠠ᠃ ᠤᠯᠤᠰ᠎ᠤᠨ ᠨᠢᠭᠡᠳᠦᠭᠡᠷ ᠳᠡᠰ᠎ᠤᠨ ᠬᠥᠭ᠌ᠵᠢᠮ᠎ᠦᠨ ᠵᠣᠬᠢᠶᠠᠯᠴᠢ ᠯᠢ ᠵᠢᠩ ᠪᠥᠸᠧ 《ᠼᠤᠤ ᠵᠢᠨ ᠠᠮᠲᠠ + ᠰᠦ ᠵᠢᠨ ᠠᠮᠲᠠ》 ᠭᠡᠵᠦ ᠬᠠᠷᠢᠭᠤᠯᠬᠤ᠎ᠳᠤ ᠦᠵᠡᠭᠴᠢᠳ《ᠤᠤᠬᠠᠢ᠂ ᠲᠠᠭᠠᠷᠠᠵᠤ ᠪᠠᠢᠨ᠎ᠠ᠂ ᠲᠠᠭᠠᠷᠠᠵᠤ ᠪᠠᠢᠨ᠎ᠠ》 ᠭᠡᠳ ᠢᠨᠢᠶᠡᠵᠡᠭᠡᠯ᠎ᠡ᠃

2005 ᠣᠨ᠎ᠳᠤ《ᠮᠠᠨᠳᠤᠬᠠᠢ》ᠵᠦᠴᠦᠭᠡ ᠤᠷᠢᠳ ᠬᠣᠵᠢᠳ ᠳᠤᠮᠳᠠᠳᠤ ᠤᠯᠤᠰ᠎ᠤᠨ ᠠᠩᠬᠠᠳᠤᠭᠠᠷ ᠬᠤᠭᠤᠴᠠᠭᠠᠨ᠎ᠤ ᠰᠢ ᠵᠦᠴᠦᠭᠡ᠎ᠶ᠋ᠢᠨ ᠱᠠᠩᠨᠠᠯ᠂ 23 ᠳ᠋ᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠰᠢ ᠵᠦᠴᠦᠭᠡ᠎ᠶ᠋ᠢᠨ ᠲᠡᠷᠢᠭᠦᠯᠡᠭ᠌ᠴᠢ ᠴᠡᠴᠡᠭ᠎ᠤᠨ ᠱᠠᠩᠨᠠᠯ ᠵᠡᠷᠭᠡ ᠪᠦᠬᠦ᠌ ᠤᠯᠤᠰ᠎ᠤᠨ ᠴᠢᠨᠠᠷᠲᠠᠶ ᠲᠤᠮᠤ ᠱᠠᠩᠨᠠᠯ᠎ᠢ ᠣᠯᠠᠨ ᠭᠥᠷᠳᠡᠪᠡ᠃

ᠰᠠᠢᠨ ᠪᠦᠯᠬᠦᠮ ᠨᠡᠢᠳᠡ ᠪᠠᠢᠪᠠᠯ ᠰᠠᠶᠢ ᠰᠠᠢᠨ ᠪᠦᠲᠦᠭᠡᠯ᠎ᠢ ᠵᠤᠬᠢᠶᠠᠵᠤ ᠴᠢᠳᠠᠨ᠎ᠠ᠃

《ᠮᠠᠨᠳᠤᠬᠠᠢ》 ᠡᠴᠡ ᠬᠣᠢᠰᠢ᠂ ᠬᠥᠬᠡᠬᠣᠲᠠ᠎ᠶ᠋ᠢᠨ ᠰᠣᠶᠣᠯ ᠵᠢᠭᠤᠯᠴᠢᠯᠠᠯ᠎ᠤᠨ ᠪᠡᠯᠡ ᠣᠷᠣᠭᠤᠯᠤᠯᠲᠠ᠎ᠶ᠋ᠢᠨ ᠪᠦᠯᠦᠭ᠌ᠯᠡᠯ᠎ᠦᠨ ᠱᠠᠨ ᠰᠢ ᠵᠦᠴᠦᠭᠡ᠎ᠶ᠋ᠢᠨ ᠬᠦᠷᠢᠶᠡᠯᠡᠩ ᠴᠢᠷᠮᠠᠢᠭ᠍ᠰᠠᠨ ᠳᠡᠭᠡᠷ᠎ᠡ᠎ᠪᠡᠨ ᠴᠢᠷᠮᠠᠢᠵᠤ᠂ ᠢᠯᠠᠯᠲᠠ᠎ᠶ᠋ᠢᠨ ᠡᠷᠴᠢᠨ ᠳᠡᠭᠡᠷ᠎ᠡ᠎ᠪᠡᠨ ᠤᠷᠤᠭ᠍ᠰᠢᠯᠠᠨ᠂ ᠴᠠᠭ ᠦᠶ᠎ᠡ᠎ᠶ᠋ᠢᠨ ᠭᠣᠣᠯ ᠰᠡᠳᠦᠪ᠎ᠢ ᠴᠢᠩᠭ᠎ᠠ ᠡᠵᠡᠮᠳᠡᠵᠦ᠍᠂ ᠪᠠᠰᠠ ᠲᠡᠦᠬᠡᠨ ᠵᠦᠴᠦᠭᠡ《ᠬᠤᠳᠠ᠎ᠶ᠋ᠢ ᠲᠣᠭᠣᠷᠢᠨ ᠪᠠᠢᠴᠠᠭᠠᠭ᠍ᠰᠠᠨ ᠲᠡᠮᠳᠡᠭ᠌ᠯᠡᠯ》᠂ ᠤᠳᠤ ᠦᠶ᠎ᠡ᠎ᠶ᠋ᠢᠨ ᠵᠦᠴᠦᠭᠡ 《ᠡᠦ ᠬᠠᠨ ᠳ᠋ᠢᠩ》 ᠵᠡᠷᠭᠡ ᠮᠠᠰᠢ ᠠᠷᠪᠢᠨ ᠤᠯᠠᠨ᠎ᠠ ᠲᠠᠭᠠᠰᠢᠶᠠᠭᠳᠠᠭᠰᠠᠨ ᠱᠠᠨ ᠰᠢ ᠵᠦᠴᠦᠭᠡ᠎ᠶ᠋ᠢ ᠵᠠᠯᠭᠠᠭ᠎ᠠ  ᠪᠠᠷ ᠨᠠᠢᠷᠠᠭᠤᠯᠤᠨ ᠲᠣᠭ᠍ᠯᠠᠪᠠ᠃

ᠵᠠᠯᠠᠭᠤ ᠨᠠᠰᠤ ᠪᠣᠯ ᠬᠦᠴᠦ ᠴᠢᠳᠠᠯ᠎ᠤᠨ ᠤᠨᠳᠤᠷᠤᠯ᠎ᠤᠨ ᠱᠢᠷᠭᠢᠰᠢ ᠦᠭᠡᠢ ᠡᠬᠢ ᠪᠤᠯᠠᠭ ᠪᠢᠯᠡ᠃

ᠤᠢ᠍ᠢᠷ᠎ᠠ᠎ᠶ᠋ᠢᠨ ᠵᠢᠯ᠎ᠳᠤ᠂ ᠾᠧ ᠱᠢᠶᠤᠤ ᠵᠢᠤᠢ᠂ ᠵᠧᠦ ᠱᠧᠩ ᠯᠢ ᠵᠡᠷᠭᠡ ᠤᠷᠠᠯᠢᠭ᠍ᠴᠢᠳ ᠳᠥᠷᠪᠡᠳᠦᠭᠡᠷ ᠦᠶ᠎ᠡ᠎ᠶ᠋ᠢᠨ ᠱᠠᠨ ᠰᠢ ᠵᠦᠴᠦᠭᠡ᠎ᠶ᠋ᠢᠨ ᠵᠠᠯᠭᠠᠮᠵᠢᠯᠠᠭ᠍ᠴᠢ᠎ᠶ᠋ᠢ ᠪᠦᠬᠦ᠌ ᠬᠦᠴᠦᠨ᠎ᠢᠶᠡᠷ᠎ᠬᠥᠮᠦᠵᠢᠭᠦᠯᠪᠡ᠃ ᠲᠡᠳᠡᠨ᠎ᠦ ᠤᠯᠠᠮᠵᠢᠯᠠᠯ ᠬᠠᠪᠰᠤᠷᠤᠯᠭ᠎ᠠ ᠳᠣᠣᠷ᠎ᠠ᠂《ᠬᠤᠳᠠ᠎ᠶ᠋ᠢ ᠲᠣᠭᠣᠷᠢᠨ ᠪᠠᠢᠴᠠᠭᠠᠭ᠍ᠰᠠᠨ ᠲᠡᠮᠳᠡᠭ᠌ᠯᠡᠯ》᠂ 《ᠡᠦ ᠬᠠᠨ ᠳ᠋ᠢᠩ》 ᠵᠡᠷᠭᠡ ᠵᠦᠴᠦᠭᠡ᠎ᠳᠤ ᠯᠢ ᠬᠣᠩ ᠸᠧᠢ ᠵᠡᠷᠭᠡ ᠢᠳᠡᠷ ᠵᠠᠯᠠᠭᠤ ᠲᠣᠭ᠍ᠯᠠᠭ᠍ᠴᠢᠳ᠎ᠢ ᠵᠣᠷᠢᠭ᠍ᠲᠠᠢ᠎ᠬᠡᠷᠡᠭ᠌ᠯᠡᠭᠡᠳ ᠤᠯᠠᠨ᠎ᠤ ᠬᠦᠰᠡᠯ᠎ᠢ ᠬᠥᠰᠡᠷᠳᠡᠭᠦᠯᠦᠭᠰᠡᠨ ᠦᠭᠡᠢ᠃

ᠪᠦᠯᠬᠦᠮ᠎ᠤᠨ  ᠬᠦᠴᠦᠨ᠎ᠢᠶᠡᠨ ᠨᠥᠬᠥᠪᠥᠷᠢᠯᠡᠬᠦ᠌᠎ᠶ᠋ᠢᠨ ᠲᠥᠯᠥᠭᠡ᠂ ᠲᠤᠰ ᠬᠦᠷᠢᠶᠡᠯᠡᠩ ᠣᠢᠷ᠎ᠠ᠎ᠳᠤ ᠪᠠᠰᠠ ᠱᠠᠨ ᠰᠢ᠎ᠡᠴᠡ ᠳᠠᠭᠤᠯᠠᠬᠤ᠂ ᠲᠤᠭᠯᠠᠬᠤ᠂ ᠬᠦᠦᠷᠨᠢᠬᠦ᠂ ᠪᠠᠢᠯᠳᠤᠬᠤ ᠴᠢᠳᠠᠪᠤᠷᠢ ᠵᠢ ᠪᠦᠷᠢᠯᠳᠦᠭᠦᠯᠦᠭᠰᠡᠨ 5 ᠢᠳᠡᠷ ᠵᠠᠯᠠᠭᠤ ᠲᠣᠭ᠍ᠯᠠᠭ᠍ᠴᠢ ᠡᠯᠰᠡᠪᠡ᠃ 《ᠮᠠᠨ᠎ᠤ ᠱᠢᠨ᠎ᠡ ᠵᠣᠬᠢᠶᠠᠨ ᠪᠦᠲᠦᠭᠡᠭ᠌ᠰᠡᠨ ᠤᠳᠤ ᠦᠶ᠎ᠡ᠎ᠶ᠋ᠢᠨ ᠵᠦᠴᠦᠭᠡ 〈ᠭᠤᠤ ᠹᠸᠩ ᠶᠢᠩ〉 ᠤᠳᠠᠯ ᠦᠭᠡᠢ ᠪᠤᠯᠪᠠᠰᠤᠷᠠᠨ ᠳᠤᠬᠯᠠᠬᠤ ᠱᠠᠳᠤᠨ᠎ᠳᠤ ᠤᠷᠤᠵᠤ᠂ ᠪᠦᠷ ᠢᠳᠠᠷ ᠵᠠᠯᠠᠭᠤ ᠲᠤᠭᠯᠠᠭᠴᠢ ᠪᠠᠷ ᠲᠤᠭᠯᠠᠭᠤᠯᠤᠨ᠎ᠠ》 ᠭᠡᠵᠦ ᠵᠧᠸ᠋ ᠱᠧᠩ ᠯᠢ ᠬᠡᠯᠡᠨ᠎ᠡ᠃ ᠡᠨᠡ ᠪᠣᠯ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭ᠍ᠳᠠᠭ᠍ᠰᠠᠨ ᠵᠠᠭᠤᠨ ᠵᠢᠯ᠎ᠦᠨ ᠣᠶ᠎ᠳᠤ ᠪᠡᠯᠡᠭᠯᠡᠭᠰᠡᠨ ᠵᠦᠴᠦᠭᠡ ᠮᠥᠨ᠂ ᠪᠠᠰᠠ ᠴᠤ᠌ ᠬᠥᠮᠦᠰ᠎ᠦᠨ ᠰᠡᠳᠭᠢᠯ᠎ᠢ ᠳᠣᠭ᠍ᠳᠣᠯᠤᠭᠤᠯᠤᠮ᠎ᠠ ᠲᠠᠯ᠎ᠠ ᠨᠤᠲᠤᠭ᠎ᠤᠨ ᠱᠠᠨ ᠰᠢ ᠵᠦᠴᠦᠭᠡ ᠪᠠᠢᠬᠤ ᠶᠣᠰᠣᠲᠠᠶ᠃


QQ截图20211203095122.jpg


ᠨᠠᠷᠠᠳᠤ ᠳᠤᠭᠯᠠᠭᠴᠢ ᠺᠠᠩ ᠼᠦᠢ ᠯᠢᠩ


QQ截图20211203095130.jpg


ᠲᠡᠬᠡᠷ᠎ᠠ ᠵᠠᠭᠤᠨ᠎ᠤ ᠨᠠᠶᠠᠭᠠᠳ ᠤᠨ᠎ᠤ ᠬᠠᠮᠳᠤ ᠵᠢᠨ ᠰᠡᠬᠦᠳᠡᠷ (ᠡᠮᠤᠨ᠎ᠡ ᠮᠦᠷ᠎ᠤᠨ ᠵᠡᠬᠦᠨ ᠡᠴᠨ ᠲᠠᠷᠠᠭᠠᠯᠠᠪᠠᠯ ᠷᠸᠨ ᠼᠦᠢ ᠹᠸᠨ᠂ ᠺᠠᠡᠭ  ᠵᠢᠨ ᠷᠦᠢ ᠂ ᠶᠠᠩ ᠱᠧᠩ ᠫᠸᠩ᠂ ᠵᠢᠢ  ᠰᠦ᠍  ᠮᠧᠶ)


QQ截图20211203095147.jpg


QQ截图20211203095155.jpg


QQ截图20211203095209.jpg


ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号