ᠪᠣᠳᠠᠰ᠎ᠤᠨ ᠪᠤᠰᠤ ᠰᠣᠶᠣᠯ᠎ᠤᠨ ᠥᠪ᠎ᠤᠨ ᠪᠠᠬᠠᠲᠠᠳ᠎ᠢ ᠬᠡᠷᠬᠢᠨ ᠨᠡᠮᠡᠭᠳᠡᠭᠦᠯᠬᠦ᠌ ᠪᠣᠶ ?
2021-12-03 09:56:02
ᠵᠣᠬᠢᠶᠠᠭ᠍ᠴᠢ᠄
ᠹᠠᠨ ᠶᠦᠩ
ᠣᠩᠱᠢᠭ᠍ᠰᠠᠨ ᠣᠳᠠᠭ᠎ᠠ᠄
★★★☆☆

ᠬᠣᠲᠠ᠎ᠶ᠋ᠢᠨ ᠴᠡᠴᠡᠷᠯᠢᠭ ᠪᠠ ᠬᠥᠳᠡᠭᠡ ᠲᠤᠰᠬᠤᠨ᠎ᠤ ᠵᠡᠭᠡᠯᠢ ᠪᠡᠷ ᠶᠠᠪᠤᠬᠤ᠎ᠳᠤ ᠦᠷᠭᠦᠯᠵᠢ ᠎ᠬᠠᠡᠭᠭᠢᠨᠠᠮ᠎ᠠ ᠲᠤᠩᠭᠠᠯᠠᠬ ᠲᠠᠨᠢᠯ ᠲᠠᠰᠤᠯ ᠰᠡᠳᠬᠢᠯ ᠬᠦᠳᠡᠯᠭᠡᠮ᠎ᠡ ᠡᠭᠡᠰᠢᠭ᠎ᠰᠣᠨᠣᠰᠳᠠᠳᠠᠭ᠂ ᠡᠨᠡ ᠡᠭᠡᠰᠢᠭ᠎ᠢ ᠰᠤᠨᠤᠰᠬᠤ ᠪᠦᠷᠢ ᠦᠪᠡᠷ᠎ᠤᠨ ᠡᠷᠬᠡ ᠦᠭᠡᠢ ᠪᠠᠭ᠎ᠠ᠎ᠨᠠᠰᠤᠨ᠎ᠤ ᠳᠤᠷᠠᠳᠬᠠᠯ ᠬᠦᠪᠦᠷᠡᠳᠡᠭ ᠰᠠᠨ᠃

ᠱᠠᠨ ᠰᠢ ᠵᠦᠴᠦᠭᠡ ᠦᠶ ᠲᠦᠮᠡᠨ᠎ᠤ ᠳᠤᠮᠳᠠ ᠦᠨᠳᠦᠰᠦᠯᠡᠵᠦ᠍᠂ ᠲᠥᠮᠥᠰᠥ᠍ ᠱᠢᠭ ᠪᠣᠷᠣᠭ᠍ᠵᠢᠭᠤᠨ ᠪᠠᠢᠳᠠᠭ᠃ ᠮᠢᠨᠦ᠍ ᠠᠮᠢᠳᠤᠷᠠᠵᠤ ᠪᠠᠢᠭ᠍ᠰᠠᠨ ᠬᠥᠳᠡᠭᠡ ᠲᠣᠰᠭᠣᠨ᠎ᠳᠤ ᠬᠡᠳᠦᠨ ᠮᠣᠳᠣ᠂ ᠬᠡᠳᠦᠨ ᠮᠤᠳᠤᠨ ᠬᠠᠪᠲᠠᠰᠤ ᠪᠡᠷ ᠲᠠᠢᠰᠠ ᠪᠤᠰᠬᠠᠴᠢᠬᠠᠳᠠᠭ᠃ ᠵᠦᠴᠦᠭᠡ ᠲᠣᠭ᠍ᠯᠠᠬᠤ ᠦᠶ᠎ᠡ᠎ᠳᠤ ᠡᠷᠬᠢᠨ ᠲᠤᠭᠤᠷᠢᠨ᠎ᠤ ᠮᠠᠢᠮᠠᠢᠴᠢᠳ᠂ ᠲᠠᠷᠢᠶᠠᠴᠢᠳ ᠴᠤᠭ᠍ᠯᠠᠭ᠎ᠠ ᠮᠠᠢᠮᠠᠢ ᠳᠡᠭᠡᠷ᠎ᠡ ᠢᠷᠡᠭ᠌ᠰᠡᠨ ᠱᠢᠭ ᠬᠤᠷᠠᠨ ᠴᠤᠭ᠍ᠯᠠᠷᠠᠵᠠᠭᠠᠳᠠᠭ᠃ ᠡᠨᠡ ᠪᠤᠯ ᠮᠡᠳᠡᠭᠡ ᠵᠠᠩᠭᠢ᠎ᠶ᠋ᠢᠨ ᠴᠠᠭ ᠦᠶ᠎ᠡ᠎ᠳᠤ ᠣᠢᠯᠠᠭᠠᠬᠤᠶ᠎ᠠ ᠪᠡᠷᠬᠡ ᠰᠤᠨᠤᠷ ᠪᠠ ᠬᠠᠷᠠᠭᠠᠨ᠎ᠤ ᠪᠠᠶᠠᠰᠤᠯ ᠪᠣᠯᠤᠨ᠎ᠠ᠃ ᠳᠠᠯᠠᠭᠠᠳ ᠣᠨ᠎ᠳᠤ ᠲᠥᠷᠥᠭ᠌ᠰᠡᠳ ᠪᠠ ᠵᠢᠷᠠᠭᠠᠳ ᠣᠨ᠎ᠳᠤ ᠲᠥᠷᠥᠭ᠌ᠰᠡᠳ᠎ᠤᠨ ᠣᠶᠤᠨ ᠰᠠᠨᠠᠭᠠᠨ᠎ᠤ ᠶᠢᠷᠲᠢᠨᠴᠦ᠍᠎ᠳᠤ᠂ ᠴᠢᠨᠠᠭ᠍ᠰᠢᠯᠠᠪᠠᠯ ᠨᠡᠩ ᠠᠬᠠᠮᠠᠳ ᠬᠦᠮᠦᠰ᠎ᠤᠨ ᠣᠶᠤᠨ ᠰᠠᠨᠠᠭᠠᠨ᠎ᠤ ᠶᠢᠷᠲᠢᠨᠴᠦ᠍᠎ᠳᠦ ᠱᠠᠨ ᠰᠢ ᠵᠦᠴᠦᠭᠡ ᠪᠣᠯ ᠲᠡᠷᠡ ᠦᠶ᠎ᠡ ᠵᠢᠨ 《ᠣᠯᠠᠨ ᠵᠠᠭᠤᠴᠢᠲᠤ ᠶᠢᠷᠲᠢᠨᠴᠦ》 ᠪᠦᠭᠡᠳ 《ᠣᠶᠤᠨ ᠰᠠᠨᠠᠭᠠᠨ᠎ᠤ ᠬᠦᠭᠡᠭᠡᠴᠡᠯᠳᠦᠯ》 ᠮᠥᠨ᠂ ᠪᠠᠰᠠ ᠴᠤ᠌ ᠲᠡᠷᠡ ᠦᠶ᠎ᠡ ᠵᠢᠨ ᠪᠣᠳᠠᠰ᠎ᠤᠨ ᠪᠠ ᠰᠣᠶᠣᠯ᠎ᠤᠨ ᠬᠣᠮᠰᠠᠳᠠᠯ᠎ᠤᠨ ᠴᠠᠭ ᠦᠶ᠎ᠡ᠎ᠶ᠋ᠢᠨ《ᠰᠣᠶᠣᠯ᠎ᠤᠨ ᠬᠠᠮᠲᠤ᠎ᠶ᠋ᠢᠨ ᠴᠣᠭ᠍ᠴᠠ》 ᠮᠥᠨ᠃

ᠭᠡᠲᠡᠯ᠎ᠡ ᠶᠡᠷᠡᠭᠡᠳ ᠣᠨ᠎ᠳᠤ ᠲᠥᠷᠥᠭ᠌ᠰᠡᠳ ᠪᠠ ᠬᠤᠶᠠᠷ ᠮᠢᠩᠭᠠᠭᠠᠳ ᠤᠨ᠎ᠳᠤ ᠲᠥᠷᠥᠭ᠌ᠰᠡᠳ᠎ᠤᠨ ᠬᠤᠯᠪᠤᠨ ᠪᠤᠳᠤᠯᠲᠠ ᠵᠢᠨ ᠣᠶᠤᠨ ᠰᠠᠨᠠᠭᠠᠨ᠎ᠤ ᠶᠢᠷᠲᠢᠨᠴᠦ᠍᠎ᠳᠦ ᠱᠠᠨ ᠰᠢ ᠵᠦᠴᠦᠭᠡ ᠲᠡᠳᠡᠨ᠎ᠡᠴᠡ ᠮᠠᠰᠢ ᠬᠣᠯᠠ᠂ ᠨᠠᠩ ᠴᠤ᠌ 《ᠰᠣᠶᠣᠯ᠎ᠤᠨ ᠠᠪᠤᠷᠭᠤ ᠭᠦᠷᠪᠡᠯ》 ᠱᠢᠭ ᠪᠠᠢᠳᠠᠭ᠃ ᠪᠣᠳᠠᠰ ᠪᠠᠶᠠᠯᠢᠭ᠍ᠵᠢᠵᠦ᠂ ᠵᠤᠭ᠎ᠠ ᠴᠡᠩᠭᠡᠯ᠎ᠦᠨ ᠠᠮᠢᠳᠤᠷᠠᠯ ᠤᠯᠠᠨ ᠡᠱᠢᠵᠢᠨ᠂ ᠮᠡᠳᠡᠭᠡ ᠵᠠᠩᠭᠢ ᠤᠯᠬᠤ᠎ᠳᠤ ᠨᠡᠩ ᠳᠥᠭᠥᠮ ᠳᠥᠲᠡ ᠪᠤᠯᠤᠭᠰᠠᠨ ᠢᠨᠲ᠋ᠸᠷ ᠰᠦᠯᠵᠢᠶᠡᠨ᠎ᠦ ᠴᠠᠭ ᠦᠶ᠎ᠡ᠎ᠳᠦ 《ᠪᠣᠳᠠᠰ᠎ᠤᠨ ᠪᠤᠰᠤ ᠰᠣᠶᠣᠯ᠎ᠤᠨ ᠥᠪ》 ᠪᠣᠯᠬᠤ ᠱᠠᠨ ᠰᠢ ᠵᠦᠴᠦᠭᠡ ᠬᠦᠭᠵᠢᠯᠲᠡ ᠵᠢᠨ ᠬᠦᠴᠢᠷ ᠦᠶ᠎ᠡ᠎ᠳᠤ ᠲᠤᠯᠭᠠᠷᠠᠵᠤ ᠪᠠᠢᠬᠤ᠎ᠶ᠋ᠢ ᠪᠢᠳᠡ ᠡᠷᠬᠡᠪᠰᠢ ᠮᠡᠳᠡᠷᠡᠬᠦ᠌ ᠬᠡᠷᠡᠭ᠌ᠲᠡᠢ᠃ ᠬᠡᠯᠡᠯᠭᠡᠨ ᠥᠬᠡᠶ ᠡᠨᠡ ᠨᠢ ᠵᠠᠯᠠᠭᠤᠴᠤᠳ ᠪᠠᠭᠠᠴᠤᠳ᠎ᠤᠨ ᠳᠤᠮᠳᠠ ᠲᠤᠯᠭᠠᠷᠠᠵᠤ ᠪᠠᠢᠭ᠎ᠠ ᠤᠯᠠᠮᠵᠢᠯᠠᠨ ᠵᠠᠯᠭᠠᠮᠵᠢᠯᠠᠬᠤ ᠲᠦᠭᠰᠢᠭᠦᠷᠢ ᠲᠡᠳᠦᠶ ᠪᠢᠰᠢ᠂ ᠢᠳᠡᠷ ᠥᠲᠡᠯᠦᠭᠡ ᠨᠠᠰᠤᠨ᠎ᠤ ᠵᠠᠬ᠎ᠠ ᠳᠡᠯᠭᠡᠭᠦᠷ᠎ᠲᠦ ᠴᠦ᠍ ᠭᠡᠰᠡᠨ ᠰᠢᠨ᠎ᠡ ᠭᠠᠷᠤᠭ᠎ᠠ ᠡᠴᠡ ᠡᠬᠢᠯᠡᠨ ᠱᠢᠨ᠎ᠡ ᠠᠮᠢᠵᠢᠷᠠᠯ᠎ᠤᠯᠬᠤ ᠴᠢᠬᠤᠯᠠᠲᠠᠶ ᠪᠠᠢᠨ᠎ᠠ᠃

ᠱᠠᠨ ᠰᠢ ᠵᠦᠴᠦᠭᠡ᠎ᠶ᠋ᠢ ᠭᠤᠤᠯᠳᠠᠭᠤ ᠢᠳᠡᠷ ᠥᠲᠡᠯᠦᠭᠡ ᠨᠠᠰᠤᠨ᠎ᠤ ᠬᠥᠮᠦᠰ ᠰᠤᠨᠢᠷᠠᠬᠵᠤ᠂ ᠮᠠᠨ᠎ᠤ ᠣᠷᠣᠨ᠎ᠤ ᠳᠤᠮᠳᠠ ᠪᠠᠷᠠᠭᠤᠨ ᠬᠡᠰᠡᠭ᠎ᠦᠨ ᠬᠥᠳᠡᠭᠡ ᠲᠣᠰᠭᠣᠨ᠎ᠳᠤ ᠲᠠᠷᠬᠠᠵᠤ ᠪᠠᠢᠨ᠎ᠠ᠃ ᠥᠭᠡᠷᠡᠴᠢᠯᠡᠯᠲᠡ ᠨᠡᠭᠡᠭᠡᠯᠳᠡ ᠬᠢᠭ᠌ᠰᠡᠨ ᠳᠦᠴᠢᠨ ᠵᠢᠯ᠎ᠦᠨ ᠲᠠᠷᠠᠭ᠎ᠠ ᠲᠠᠷᠢᠶᠠᠴᠢᠳ᠎ᠤᠨ ᠪᠣᠳᠠᠰ᠎ᠤᠨ ᠠᠮᠢᠳᠤᠷᠠᠯ ᠦᠳᠲᠡᠷ ᠲᠦᠷᠭᠡᠨ ᠪᠠᠶᠠᠵᠢᠨ᠂ ᠡᠭᠦᠨ ᠯᠤᠭᠡ ᠵᠣᠬᠢᠴᠠᠯᠳᠤᠬᠤ ᠤᠶᠤᠨ ᠰᠠᠨᠠᠭᠠᠨ᠎ᠤ ᠶᠢᠷᠲᠢᠨᠴᠦ᠍᠎ᠶ᠋ᠢ ᠲᠡᠳᠡ ᠪᠠᠴᠢᠮ ᠱᠠᠭᠠᠷᠳᠠᠵᠤ ᠪᠠᠢᠪᠠ᠃ ᠲᠡᠳᠡᠨ᠎ᠳᠦ ᠤᠯᠠᠭᠠᠨᠮᠥ᠋ᠴᠢᠷ ᠱᠢᠭ ᠨᠡᠭᠦᠳᠡᠯ ᠴᠢᠨᠠᠷᠲᠠᠶ ᠰᠣᠶᠣᠯ᠎ᠤᠨ ᠲᠤᠰᠭᠠᠶ ᠪᠦᠯᠬᠦᠮ᠎ᠤᠨ ᠬᠦᠷᠭᠡᠵᠦ᠍ ᠢᠷᠡᠭᠦ 《ᠰᠣᠶᠣᠯ᠎ᠤᠨ ᠬᠦᠨᠡᠰᠦ》 ᠴᠢᠬᠤᠯᠠᠲᠠᠶ᠎ᠪᠠᠷ ᠪᠠᠷᠠᠬᠤ ᠥᠬᠡᠶ᠂ ᠪᠠᠰᠠ ᠤᠷᠤᠨ ᠨᠤᠲᠤᠭ᠎ᠤᠨ 《ᠪᠣᠳᠠᠰ᠎ᠤᠨ ᠪᠤᠰᠤ ᠰᠣᠶᠣᠯ᠎ᠤᠨ ᠥᠪ》᠎ᠤ᠋ᠨ ᠴᠢᠳᠠᠪᠤᠷᠢᠲᠠᠨ ᠪᠠ ᠦᠨᠳᠦᠰᠦᠨ ᠱᠠᠲᠤᠨ᠎ᠤ ᠣᠯᠠᠨ ᠲᠦᠮᠡᠨ᠎ᠦ ᠤᠳᠭ᠎ᠠ ᠤᠷᠠᠯᠢᠭ᠎ᠤᠨ ᠪᠦᠯᠬᠦᠮ ᠲᠡᠳᠡᠨ᠎ᠳᠦ ᠦᠷᠭᠦᠯᠵᠢᠯᠡᠨ《ᠰᠣᠶᠣᠯ᠎ᠤᠨ ᠬᠦᠨᠡᠰᠦ》 ᠬᠠᠩᠭᠠᠬᠤ ᠴᠢᠬᠤᠯᠠᠲᠠᠶ᠃ ᠬᠡᠯᠡᠯᠭᠡᠨ ᠦᠭᠡᠢ᠂ ᠡᠢᠮᠦ 《ᠪᠣᠳᠠᠰ᠎ᠤᠨ ᠪᠤᠰᠤ ᠰᠣᠶᠣᠯ᠎ᠤᠨ ᠥᠪ》᠎ᠢ᠋ ᠬᠥᠳᠡᠭᠡ ᠲᠣᠰᠭᠣᠨ᠎ᠤ ᠢᠳᠡᠷ ᠥᠲᠡᠯᠦᠭᠡ ᠨᠠᠰᠤᠨ᠎ᠤ ᠬᠦᠮᠦᠰ᠎ᠤᠨ ᠵᠠᠬ᠎ᠠ ᠳᠡᠯᠭᠡᠭᠦᠷ᠎ᠲᠦ ᠦᠷᠭᠦᠯᠵᠢᠯᠡᠨ ᠠᠮᠢᠯᠠᠭᠤᠯᠤᠶ᠎ᠠ ᠭᠡᠪᠡᠯ᠂ ᠴᠢᠨᠠᠭ᠍ᠰᠢᠯᠠᠪᠠᠯ ᠬᠤᠳᠠ᠎ᠶ᠋ᠢᠨ ᠢᠳᠡᠷ ᠥᠲᠡᠯᠦᠭᠡ ᠨᠠᠰᠤᠨ᠎ᠤ ᠵᠠᠬ᠎ᠠ ᠳᠡᠯᠭᠡᠭᠦᠷ᠎ᠲᠦ ᠦᠷᠭᠦᠯᠵᠢᠯᠡᠨ ᠪᠠᠬᠠᠲᠠᠳ ᠲᠠᠢ ᠪᠤᠯᠭᠠᠶ᠎ᠠ ᠭᠡᠪᠡᠯ᠂ ᠵᠠᠰᠠᠭ᠎ᠤᠨ ᠣᠷᠳᠣᠨ᠎ᠤ ᠬᠠᠩᠭᠠᠬᠤ ᠤᠯᠠᠨ ᠨᠡᠢᠲᠡ᠎ᠶ᠋ᠢᠨ ᠦᠢᠯᠡᠴᠢᠯᠡᠭᠡᠨ᠎ᠦ ᠦᠨᠳᠦᠰᠦᠨ ᠵᠠᠷᠤᠯᠭ᠎ᠠ᠎ᠳᠤ ᠲᠦᠱᠢᠭ᠌ᠯᠡᠬᠦ᠌ ᠴᠢᠬᠤᠯᠠᠲᠠᠢ ᠮᠦᠷᠲᠡᠭᠡᠨ ᠢᠵᠢ ᠪᠦᠷᠢᠳᠦᠭ᠌ᠰᠡᠨ ᠤᠯᠠᠨ ᠨᠡᠢᠲᠡ᠎ᠶ᠋ᠢᠨ ᠦᠢᠯᠡᠴᠢᠯᠡᠭᠡᠨ᠎ᠦ ᠦᠨᠳᠦᠰᠦᠨ ᠲᠣᠭ᠍ᠲᠠᠴᠠ᠎ᠶ᠋ᠢᠨ ᠪᠠᠲᠤᠯᠠᠭ᠎ᠠ ᠵᠢᠴᠢ ᠡᠯ᠎ᠡ ᠲᠦᠷᠦᠯ᠎ᠦᠨ ᠨᠡᠢᠲᠡ᠎ᠶ᠋ᠢᠨ ᠠᠰᠠᠷᠠᠮᠵᠢ᠎ᠶ᠋ᠢᠨ ᠵᠣᠬᠢᠶᠠᠨ ᠪᠠᠢᠭᠤᠯᠤᠯᠲᠠ᠎ᠶ᠋ᠢᠨ ᠤᠷᠤᠯᠴᠠᠬᠤ᠎ᠶ᠋ᠢ ᠬᠡᠷᠡᠭᠰᠡᠨ᠎ᠡ᠃

ᠡᠭᠦᠨ᠎ᠦ ᠬᠠᠮᠲᠤ᠂ ᠱᠠᠨ ᠰᠢ ᠵᠦᠴᠦᠭᠡ ᠢᠨᠲ᠋ᠸᠷ ᠰᠦᠯᠵᠢᠶᠡᠨ᠎ᠦ ᠲᠠᠪᠴᠠᠩ᠎ᠳᠤ ᠲᠦᠱᠢᠭ᠌ᠯᠡᠨ᠂ ᠵᠠᠯᠠᠭᠤᠴᠤᠳ ᠪᠠᠭᠠᠴᠤᠳ ᠲᠦ᠍ ᠬᠦᠷᠢᠶᠡᠯᠡᠭᠳᠡᠬᠦ ᠵᠢ ᠪᠢᠳᠡ ᠬᠦᠰᠡᠵᠦ᠍ ᠪᠠᠢᠨ᠎ᠠ᠃ ᠵᠢᠱ᠌ᠢᠶᠡᠯᠡᠪᠡᠯ ᠤᠷᠤᠰᠬᠠᠯ ᠳᠠᠭᠤᠤ᠂ ᠪᠥᠵᠢᠭ᠂ ᠰᠦᠯᠵᠢᠶᠡᠨ᠎ᠦ ᠰᠣᠶᠣᠯ᠎ᠤᠨ ᠡᠯᠧᠮᠧᠨ᠋ᠲ᠎ᠢ ᠣᠷᠣᠭᠤᠯᠬᠤ᠎ᠪᠠᠷ᠎ᠳᠠᠮᠵᠢᠭᠤᠯᠤᠨ᠂ ᠴᠠᠭ ᠦᠶ᠎ᠡ᠎ᠶ᠋ᠢᠨ ᠣᠨᠴᠠᠯᠢᠭ᠎ᠢ ᠨᠠᠩ ᠰᠠᠢᠲᠤᠷ ᠢᠯᠡᠷᠡᠭᠦᠯᠵᠦ᠂ ᠵᠦᠴᠦᠭᠡ᠎ᠶ᠋ᠢᠨ ᠳᠡᠪᠲᠡᠷ᠎ᠦᠨ ᠬᠡᠯᠪᠡᠷᠢ ᠪᠠ ᠠᠭᠤᠯᠭ᠎ᠠ᠎ᠶ᠋ᠢ ᠬᠤᠪᠢᠷᠠᠭᠤᠯᠬᠤ᠎ᠪᠠᠷ ᠳᠠᠮᠵᠢᠭᠤᠯᠤᠨ᠂ ᠵᠠᠯᠠᠭᠤᠴᠤᠳ᠎ᠤᠨ ᠬᠡᠷᠡᠭ᠌ᠴᠡᠭᠡ᠎ᠳᠦ ᠭᠦᠶ᠋ᠴᠡᠳ ᠵᠣᠬᠢᠴᠠᠭᠤᠯᠬᠤ ᠴᠢᠬᠤᠯᠠᠲᠠᠢ᠃

ᠬᠡᠯᠡᠯᠭᠡᠨ ᠦᠭᠡᠢ᠂ ᠡᠨᠡ ᠨᠢ ᠪᠠᠰᠠ ᠢᠳᠡᠷ ᠥᠲᠡᠯᠦᠭᠡ ᠨᠠᠰᠤᠨ᠎ᠤ ᠬᠥᠮᠦᠰ᠎ᠦᠨ ᠱᠠᠨ ᠰᠢ ᠵᠦᠴᠦᠭᠡ᠎ᠳᠦ ᠲᠠᠯᠪᠢᠭᠰᠡᠨ ᠱᠢᠨ᠎ᠡ ᠬᠦᠰᠡᠯ ᠡᠷᠡᠮᠡᠯᠵᠡᠯ᠎ᠢ ᠪᠠᠭ᠍ᠲᠠᠭᠠᠵᠤ ᠪᠠᠢᠳᠠᠭ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号