ᠤᠢ᠍ᠢᠷ᠎ᠠ᠎ᠳᠤ᠂ ᠪᠤᠭᠤᠲᠤ᠎ᠶ᠋ᠢᠨ ᠲᠡᠮᠦᠷ ᠵᠠᠮ᠎ᠤᠨ ᠳᠣᠳᠣᠭᠠᠳᠣ᠎ᠶ᠋ᠢ ᠬᠠᠮᠠᠭᠠᠯᠠᠬᠤ ᠪᠠᠢᠭᠤᠯᠭ᠎ᠠ 《ᠮᠤᠤ ᡂᠢ》 ᠶ᠋ᠢᠨ ᠴᠠᠬᠢᠯᠭᠠᠨ ᠬᠤᠯᠪᠤᠭᠠᠨ᠎ᠤ ᠮᠡᠬᠡᠯᠡᠯ᠎ᠤᠨ 8 ᠡᠪᠰᠡᠯ ᠪᠦᠯᠦᠭ᠎ᠢ ᠰᠦᠢᠷᠡᠬᠦᠯᠵᠦ᠍᠂ ᠡᠪᠰᠡᠯ ᠪᠦᠯᠦᠭ᠎ᠤᠨ ᠪᠦᠷᠢᠯᠳᠦᠭᠦᠨ 15 ᠬᠦᠮᠦᠨ᠎ᠢ ᠪᠠᠷᠢᠪᠴᠢᠯᠠᠨ᠂ ᠬᠡᠷᠡᠭ ᠦᠢᠯᠡᠳᠬᠦ᠌᠎ᠳᠤ ᠬᠡᠷᠡᠭ᠌ᠯᠡᠵᠦ᠍ ᠪᠠᠢᠭ᠍ᠰᠠᠨ 3 ᠮᠠᠱᠢᠨ ᠲᠡᠷᠭᠡ ᠪᠤᠯᠤᠨ 19 ᠮᠤᠤ ᡂᠢ᠎ᠶ᠋ᠢᠨ ᠲᠥᠬᠦᠭᠡᠷᠦᠮᠵᠢ᠎ᠶ᠋ᠢ ᠣᠯᠵᠠᠯᠠᠵᠤ᠂ ᠬᠡᠷᠡᠭ᠎ᠲᠤ ᠬᠤᠯᠪᠣᠭ᠍ᠳᠠᠭ᠍ᠰᠠᠨ ᠥᠷᠲᠡᠭ᠎ᠨᠢ 259 ᠲᠦᠮᠡ ᠭᠠᠷᠤᠶ ᠲᠥᠭᠦᠷᠢᠭ᠎ᠲᠤ ᠬᠦᠷᠴᠡᠶ᠃
2020 ᠣᠨ᠎ᠤ 9 ᠰᠠᠷ᠎ᠠ᠎ᠶ᠋ᠢᠨ 15 ᠤ ᠡᠳᠦᠷ᠂ ᠪᠤᠭᠤᠲᠤ᠎ᠶ᠋ᠢᠨ ᠲᠡᠮᠦᠷ ᠵᠠᠮ᠎ᠤᠨ ᠳᠣᠲᠣᠭᠠᠳᠤ᠎ᠶ᠋ᠢ ᠬᠠᠮᠠᠭᠠᠯᠠᠬᠤ ᠭᠠᠵᠠᠷ᠎ᠤᠨ ᠡᠷᠡᠭᠦᠦ᠎ᠶ᠋ᠢᠨ ᠴᠠᠭ᠍ᠳᠠᠭ᠎ᠠ᠎ᠶ᠋ᠢᠨ ᠰᠠᠯᠪᠤᠷᠢ ᠠᠩᠬᠢ᠎ᠶ᠋ᠢᠨ ᠴᠠᠭ᠍ᠳᠠᠭ᠎ᠠ ᠨᠠᠷ ᠰᠦᠯᠵᠢᠶ᠎ᠡ᠎ᠶ᠋ᠢ ᠪᠠᠢᠴᠠᠭᠠᠬᠤ᠎ᠳᠠᠭᠠᠨ ᠵᠠᠷᠢᠮ ᠬᠥᠮᠦᠨ ᠰᠦᠯᠵᠢᠶᠡᠨ᠎ᠤ ᠵᠥᠭᠡᠯᠡᠨ ᠲᠤᠨᠤᠭ᠎ᠢ ᠠᠱᠢᠬ᠍ᠯᠠᠨ ᠶᠡᠭᠡ ᠬᠡᠮᠵᠢᠶᠡᠨ᠎ᠤ ᠪᠠᠩᠬᠢ᠎ᠶ᠋ᠢᠨ ᠺᠠᠷᠲ᠂ ᠭᠠᠷ ᠤᠲᠠᠰᠤᠨ᠎ᠤ ᠺᠠᠷᠲ ᠬᠤᠳᠠᠯᠳᠤᠨ ᠠᠪᠤᠭ᠍ᠰᠠᠨ᠎ᠢ ᠣᠯᠵᠤ ᠮᠡᠳᠡᠪᠡ᠃ ᠴᠠᠬ᠍ᠳᠠᠭ᠎ᠠ ᠨᠠᠷ ᠲᠠᠩᠨᠠᠨ ᠪᠠᠢᠴᠠᠭᠠᠬᠤ᠎ᠪᠠᠷ ᠳᠠᠮᠵᠢᠨ ᠶᠠᠯ᠎ᠠ᠎ᠶ᠋ᠢᠨ ᠰᠡᠵᠢᠭ᠌ᠳᠡᠨ ᠭᠠᠷ ᠤᠳᠠᠰᠤᠨ᠎ᠤ ᠺᠠᠷᠲ ᠬᠤᠳᠠᠯᠳᠤᠵᠣ ᠪᠠᠢᠭ᠎ᠠ ᠴᠢᠬᠤᠯᠠ ᠰᠦᠪᠡᠭ᠌ᠴᠢ᠎ᠶ᠋ᠢ ᠢᠯᠡᠷᠡᠬᠦᠯᠵᠠᠢ᠃ ᠶᠠᠯ᠎ᠠ᠎ᠶ᠋ᠢᠨ ᠰᠡᠵᠢᠭ᠌ᠳᠡᠨ ᠸᠠᠩ ᠤᠪᠤᠬ᠍ᠳᠤ᠎ᠶ᠋ᠢᠨ ᠮᠠᠱᠢᠨ ᠲᠡᠷᠬᠡ ᠵᠢᠯᠤᠭᠤᠳᠤᠨ ᠡᠳᠦᠷ ᠪᠤᠯᠭᠠᠨ ᠪᠠᠶᠠᠨᠨᠠᠭᠤᠷ ᠬᠤᠳᠠ᠎ᠶ᠋ᠢᠨ ᠵᠡᠬᠡᠯᠢ ᠲᠡᠭᠡᠷ᠎ᠡ ᠵᠢᠷᠭᠤᠭ᠎ᠠ ᠲᠤᠯᠤᠭᠠᠨ ᠴᠠᠬ᠎ᠢᠶᠠᠷ ᠵᠤᠬ᠍ᠰᠤᠬᠤ ᠦᠬᠡᠢ ᠶᠠᠪᠣᠵᠣ ᠪᠠᠢᠭ᠎ᠠ ᠬᠡᠪ᠎ᠤᠨ ᠪᠤᠰᠤ ᠪᠠᠢᠳᠠᠯ᠎ᠨᠢ ᠴᠠᠬ᠍ᠳᠠᠭ᠎ᠠ ᠨᠠᠷ᠎ᠤᠨ ᠠᠩᠬᠠᠷᠤᠯ᠎ᠢ ᠲᠠᠳᠠᠪᠠ᠃ ᠲᠠᠩᠨᠠᠨ ᠪᠠᠢᠴᠠᠭᠠᠬ᠍ᠴᠢᠳ ᠸᠠᠩ ᠤᠪᠤᠬ᠍ᠳᠤ ᠵᠡᠷᠬᠡ ᠬᠦᠮᠦᠰ ᠲᠡᠷᠬᠡᠨ᠎ᠳᠡᠭᠡᠨ ᠮᠤᠤ ᡂᠢ᠎ᠶ᠋ᠢᠨ ᠲᠦᠬᠦᠬᠡᠷᠦᠮᠵᠢ ᠤᠬ᠍ᠰᠠᠷᠠᠵᠤ᠂ ᠬᠢᠯᠢ᠎ᠶ᠋ᠢᠨ ᠭᠠᠳᠠᠨᠠᠬᠢ ᠴᠠᠬᠢᠯᠭᠠᠨ ᠬᠤᠯᠪᠤᠭ᠎ᠠ ᠰᠦᠯᠵᠢᠶᠡᠨ᠎ᠤ ᠮᠡᠬᠡᠯᠡᠯ᠎ᠤᠨ ᠡᠪᠰᠡᠯ ᠪᠦᠯᠦᠭ᠎ᠲᠤ ᠤᠳᠠᠰᠤᠳᠠᠬᠤ ᠵᠠᠮ ᠬᠠᠩᠭᠠᠵᠤ ᠪᠠᠢᠬᠤ᠎ᠶ᠋ᠢ ᠤᠯᠵᠤ ᠮᠡᠳᠡᠪᠡ᠃ 2020 ᠣᠨ᠎ᠤ 9 ᠰᠠᠷ᠎ᠠ᠎ᠶ᠋ᠢᠨ 22 ᠤᠨ ᠡᠳᠦᠷ᠂ ᠲᠠᠩᠨᠠᠨ ᠪᠠᠢᠴᠠᠭᠠᠭ᠍ᠴᠢᠳ ᠪᠠᠶᠠᠨᠨᠠᠭᠤᠷ ᠬᠤᠲᠠ᠎ᠶ᠋ᠢᠨ ᠯᠢᠨ ᠾᠧ ᠲᠣᠭᠤᠷᠢᠭ᠎ᠠᠴᠠ ᠶᠠᠯ᠎ᠠ᠎ᠶ᠋ᠢᠨ ᠰᠡᠵᠢᠭ᠌ᠳᠡᠨ ᠸᠠᠩ ᠣᠪᠣᠭ᠍ᠲᠤ᠂ ᠬᠥ᠋ ᠣᠪᠣᠭ᠍ᠲᠤ᠂ ᠶᠠᠨ ᠣᠪᠣᠭ᠍ᠲᠤ᠎ᠶ᠋ᠢ ᠪᠠᠷᠢᠪᠴᠢᠯᠠᠵᠤ᠂ 2 ᠮᠤᠤ ᡂᠢ᠎ᠶ᠋ᠢᠨ ᠲᠥᠬᠦᠭᠡᠷᠦᠮᠵᠢ᠂ 1 ᠺᠣᠮᠫᠢᠦ᠋ᠲ᠋ᠧᠷ᠂ 14 ᠭᠠᠷ ᠤᠲᠠᠰᠤ ᠪᠠ 1000 ᠭᠠᠷᠤᠶ ᠭᠠᠷ ᠤᠲᠠᠰᠤᠨ᠎ᠤ ᠺᠠᠷᠲ᠎ᠢ ᠪᠠᠢᠴᠠᠭᠠᠨ ᠤᠯᠵᠠᠯᠠᠪᠠ᠃ ᠱᠢᠭᠦᠨ ᠪᠠᠢᠴᠠᠭᠠᠯᠳᠠ᠎ᠳᠤ᠂ 4 ᠶᠠᠯ᠎ᠠ᠎ᠶ᠋ᠢᠨ ᠰᠡᠵᠢᠭ᠌ᠳᠡᠨ ᠮᠤᠤ ᡂᠢ᠎ᠶ᠋ᠢᠨ ᠲᠥᠬᠦᠭᠡᠷᠦᠮᠵᠢ᠎ᠶ᠋ᠢ ᠠᠱᠢᠬ᠍ᠯᠠᠨ ᠬᠢᠯᠢ᠎ᠶ᠋ᠢᠨ ᠭᠠᠳᠠᠨᠠᠬᠢ ᠴᠠᠬᠢᠯᠭᠠᠨ ᠬᠤᠯᠪᠣᠭ᠎ᠠ᠎ᠶ᠋ᠢᠨ ᠮᠡᠬᠡᠯᠡᠯ᠎ᠤᠨ ᠡᠪᠰᠡᠯ ᠪᠦᠯᠦᠭ᠎ᠲᠤ ᠮᠡᠳᠡᠭᠡ ᠬᠤᠯᠪᠣᠭᠠᠨ᠎ᠤ ᠲᠦᠱᠢᠭ ᠬᠠᠩᠭᠠᠭ᠍ᠰᠠᠨ ᠶᠠᠯᠠᠲᠤ ᠠᠵᠢᠯᠯᠠᠭ᠎ᠠ᠎ᠪᠠᠨ ᠥᠴᠢᠭ᠌ᠯᠡᠨ ᠮᠡᠳᠡᠷᠡᠵᠡᠶ᠃ ᠶᠠᠯ᠎ᠠ᠎ᠶ᠋ᠢᠨ ᠰᠡᠵᠢᠭ᠌ᠳᠡᠨ ᠸᠠᠩ ᠣᠪᠣᠭ᠍ᠲᠤ᠎ᠶ᠋ᠢᠨ ᠲᠤᠱᠢᠶᠠᠭ᠍ᠰᠠᠨ᠎ᠢᠶᠠᠷ᠂ 2020 ᠣᠨ᠎ᠤ 8 ᠰᠠᠷ᠎ᠠ᠎ᠳᠤ ᠲᠡᠷᠡ ᠰᠦᠯᠵᠢᠶᠡᠨ ᠳᠡᠭᠡᠷᠡᠬᠢ ᠶᠠᠷᠢᠯᠴᠠᠭᠠᠨ᠎ᠤ ᠲᠠᠪᠴᠠᠩ᠎ᠠᠴᠠ 《ᠵᠢᠯᠣᠭᠤᠴᠢ ᠡᠯᠰᠡᠬᠦ᠌》 ᠮᠡᠳᠡᠭᠡ ᠵᠠᠩᠭᠢ᠎ᠶ᠋ᠢ ᠣᠯᠵᠤ ᠦᠵᠡᠵᠡᠢ᠃ ᠸᠠᠩ ᠤᠪᠤᠬ᠍ᠳᠤ ᠡᠨᠡ ᠬᠦ᠌ ᠮᠡᠳᠡᠭᠡ ᠵᠠᠩᠬᠢ᠎ᠶ᠋ᠢ ᠨᠡᠢᠲᠡᠯᠡᠭ᠌ᠰᠡᠨ ᠬᠦᠮᠦᠨ᠎ᠲᠠᠢ ᠬᠠᠷᠢᠯᠴᠠᠵᠤ ᠢᠲᠡᠭᠡᠯ᠎ᠢ᠎ᠨᠢ ᠣᠯᠤᠭ᠍ᠰᠠᠨ᠎ᠤ ᠳᠠᠷᠠᠭ᠎ᠠ᠂ ᠢᠯᠡᠭᠡᠭ᠌ᠰᠡᠨ ᠮᠤᠤ ᡂᠢ᠎ᠶ᠋ᠢᠨ ᠲᠥᠬᠦᠭᠡᠷᠦᠮᠵᠢ᠎ᠶ᠋ᠢ᠎ᠨᠢ ᠳᠣᠰᠣᠨ ᠤᠯᠵᠤ᠂ ᠬᠥ᠋ ᠣᠪᠣᠭ᠍ᠲᠤ᠂ ᠶᠠᠨ ᠣᠪᠣᠭ᠍ᠲᠤ ᠪᠠ ᠭᠤᠤ ᠣᠪᠣᠭ᠍ᠲᠤ ᠵᠡᠷᠭᠡ ᠬᠥᠮᠦᠨ᠎ᠲᠠᠢ ᠬᠠᠮᠲᠤᠷᠠᠨ ᠶᠡᠭᠡ ᠬᠡᠮᠵᠢᠶᠡᠨ᠎ᠤ ᠭᠠᠷ ᠤᠲᠠᠰᠤᠨ᠎ᠤ ᠺᠠᠷᠲ ᠬᠤᠳᠠᠯᠳᠤᠨ ᠠᠪᠴᠤ᠌᠂ ᠮᠠᠱᠢᠨ ᠲᠡᠷᠭᠡ ᠲᠦᠷᠢᠶᠡᠰᠦᠯᠡᠨ ᠮᠤᠤ ᡂᠢ᠎ᠶ᠋ᠢᠨ ᠲᠥᠬᠦᠭᠡᠷᠦᠮᠵᠢ ᠤᠭ᠍ᠰᠠᠷᠠᠵᠤ᠂ ᠬᠢᠯᠢ᠎ᠶ᠋ᠢᠨ ᠭᠠᠳᠠᠨᠠᠬᠢ ᠬᠠᠤᠯᠢ ᠪᠤᠰᠤ ᠡᠲᠡᠭᠡᠳ᠎ᠤᠨ ᠴᠠᠬᠢᠯᠭᠠᠨ ᠬᠤᠯᠪᠣᠭᠠᠨ᠎ᠤ ᠮᠡᠬᠡᠯᠡᠯ ᠬᠢᠬᠦ᠌᠎ᠳᠤ ᠬᠠᠪᠰᠤᠷᠤᠯᠭ᠎ᠠ ᠦᠵᠡᠬᠦᠯᠵᠡᠢ᠃
2020 ᠤᠨ᠎ᠤ 10 ᠰᠠᠷ᠎ᠠ᠎ᠠᠴᠠ 12 ᠰᠠᠷ᠎ᠠ ᠪᠣᠯᠲᠠᠯ᠎ᠠ᠂ ᠲᠤᠰᠭᠠᠶ ᠬᠡᠷᠡᠭ᠎ᠤᠨ ᠳᠤᠭᠤᠢᠯᠠᠩ᠎ᠤᠨ᠎ᠬᠢᠨ ᠪᠠᠰᠠ ᠬᠥᠬᠡᠬᠤᠲᠠ᠂ ᠤᠯᠠᠭᠠᠨᠬᠠᠳᠠ᠂ ᠲᠦᠩᠯᠢᠶᠣᠤ ᠵᠡᠷᠭᠡ ᠭᠠᠵᠠᠷ᠎ᠲᠤ ᠬᠦᠷᠴᠦ᠍᠂ ᠮᠤᠤ ᡂᠢ᠎ᠶ᠋ᠢᠨ ᠲᠥᠬᠦᠭᠡᠷᠦᠮᠵᠢ ᠤᠬ᠍ᠰᠠᠷᠠᠵᠤ ᠭᠡᠷᠡᠭ᠌ᠯᠡᠭ᠌ᠰᠡᠨ ᠶᠠᠯ᠎ᠠ᠎ᠶ᠋ᠢᠨ ᠰᠡᠵᠢᠭ᠌ᠳᠡᠨ ᠺᠠᠩ ᠣᠪᠣᠭ᠍ᠲᠤ᠂ ᠯᠢ ᠣᠪᠣᠭ᠍ᠲᠤ᠂ ᠴᠧᠨ ᠣᠪᠣᠭ᠍ᠲᠤ ᠵᠡᠷᠭᠡ 10 ᠬᠥᠮᠦᠨ᠎ᠢ ᠪᠠᠷᠢᠪᠴᠢᠯᠠᠵᠤ᠂ ᠴᠠᠬᠢᠯᠭᠠᠨ ᠬᠤᠯᠪᠣᠭᠠᠨ᠎ᠤ ᠮᠡᠬᠡᠯᠡᠯ᠎ᠤᠨ 7 ᠡᠪᠰᠡᠯ ᠪᠦᠯᠦᠭ᠎ᠢ ᠰᠦᠢᠷᠡᠭᠦᠯᠦᠭ᠌ᠰᠡᠨ ᠪᠠᠢᠨ᠎ᠠ᠃