ᠲᠦᠷᠦᠭᠦᠬᠡᠨ᠂ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠠᠯᠪᠠᠨ ᠲᠢᠩᠭᠢᠮ᠂ ᠵᠠᠰᠠᠭ᠎ᠤᠨ ᠤᠷᠳᠤᠨ᠎ᠤ ᠠᠯᠪᠠᠨ ᠲᠢᠩᠭᠢᠮ 《ᠪᠦᠬᠦ᠌ ᠤᠷᠤᠨ᠎ᠤ ᠦᠨᠳᠦᠰᠦᠳᠡᠨ᠎ᠤ ᠦᠭᠡ ᠬᠡᠯᠡ᠎ᠪᠠᠷ ᠬᠢᠴᠢᠶᠡᠯᠯᠡᠵᠤ ᠪᠠᠢᠭ᠎ᠠ ᠰᠤᠷᠭᠠᠭᠤᠯᠢ᠎ᠳᠤ ᠭᠤᠷᠪᠠᠨ ᠬᠢᠴᠢᠶᠡᠯ ᠲᠦᠷᠦᠯ᠎ᠤᠨ ᠨᠢᠭᠡᠳᠦᠯᠳᠠᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠬᠡᠷᠡᠭ᠌ᠯᠡᠵᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠦᠮᠦᠵᠢᠯ᠎ᠤᠨ ᠵᠢᠭᠠᠨ ᠰᠤᠷᠭᠠᠬᠤ ᠠᠵᠢᠯ᠎ᠢ ᠪᠦᠬᠦ᠌ ᠲᠠᠯ᠎ᠠ᠎ᠪᠠᠷ ᠴᠢᠩᠭᠠᠳᠭᠠᠬᠤ᠎ᠶ᠋ᠢᠨ ᠬᠡᠷᠡᠭ᠌ᠵᠢᠭᠦᠯᠬᠦ᠌ ᠲᠦᠰᠦᠯ》 ᠢ ᠳᠠᠷᠤᠮᠠᠯᠯᠠᠨ ᠲᠠᠷᠬᠠᠭᠠᠵᠠᠢ᠃ 《ᠬᠡᠷᠡᠭ᠌ᠵᠢᠭᠦᠯᠬᠦ᠌ ᠲᠦᠰᠦᠯ》 ᠤᠨ ᠱᠠᠭᠠᠷᠳᠠᠯᠭ᠎ᠠ᠎ᠪᠠᠷ᠂ ᠮᠠᠨ᠎ᠤ ᠤᠷᠤᠨ 2021 ᠤᠨ᠎ᠤ ᠭᠤᠷᠪᠠᠨ ᠬᠢᠴᠢᠶᠡᠯ ᠲᠦᠷᠦᠯ᠎ᠤᠨ ᠨᠢᠭᠡᠳᠦᠯᠳᠠᠢ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ᠎ᠢ ᠬᠡᠷᠡᠭ᠌ᠯᠡᠬᠦ᠌ ᠪᠡᠯᠡᠳᠭᠡᠯ ᠠᠵᠢᠯ᠎ᠢ ᠨᠢᠭᠡᠨᠳᠡ ᠪᠦᠬᠦ᠌ ᠲᠠᠯ᠎ᠠ᠎ᠪᠠᠷ ᠡᠬᠢᠯᠡᠭᠦᠯᠦᠭ᠌ᠰᠡᠨ ᠪᠠᠢᠨ᠎ᠠ᠃ ᠡᠨᠡ ᠬᠦ᠌ ᠴᠢᠬᠤᠯᠠ ᠶᠡᠭᠡ ᠠᠵᠢᠯ᠎ᠤᠨ ᠴᠢᠬᠤᠯᠠ ᠶᠡᠭᠡ ᠠᠴᠢ ᠬᠤᠯᠪᠤᠭ᠍ᠳᠠᠯ ᠪᠤᠯᠤᠨ ᠲᠦᠷᠦ᠎ᠶ᠋ᠢᠨ ᠪᠤᠳᠤᠯᠭ᠎ᠠ᠎ᠶ᠋ᠢᠨ ᠤᠳᠤᠷᠢᠳᠤᠮᠵᠢ᠎ᠶ᠋ᠢᠨ ᠲᠤᠬᠠᠢ ᠰᠤᠷᠪᠤᠯᠵᠢᠯᠠᠭ᠍ᠴᠢ ᠦᠪᠦᠷ ᠮᠤᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠦᠨᠳᠦᠰᠦᠳᠡᠨ᠎ᠤ ᠰᠤᠳᠤᠯᠬᠤ ᠭᠠᠵᠠᠷ᠎ᠤᠨ ᠳᠡᠳ᠋ ᠰᠤᠳᠤᠯᠤᠭ᠍ᠴᠢ᠎ᠶ᠋ᠢᠨ ᠵᠢᠶᠧ᠎ᠶ᠋ᠢ ᠰᠤᠷᠪᠤᠯᠵᠢᠯᠠᠪᠠ᠃
ᠰᠤᠷᠪᠤᠯᠵᠢᠯᠠᠭ᠍ᠴᠢ᠄ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠲᠦᠭᠡᠮᠡᠯᠵᠢᠭᠦᠯᠬᠦ᠌᠎ᠨᠢ ᠳᠤᠮᠳᠠᠳᠤ᠎ᠶ᠋ᠢᠨ ᠦᠨᠳᠦᠰᠦᠳᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠬᠤ᠎ᠳᠤ ᠠᠱᠢᠭ᠍ᠳᠠᠢ ᠭᠡᠳᠡᠭ᠎ᠢ ᠬᠡᠷᠬᠢᠨ ᠤᠢ᠍ᠢᠯᠠᠭᠠᠬᠤ ᠪᠤᠢ?
ᠶ᠋ᠢᠨ ᠵᠢᠶᠧ᠄ ᠳᠤᠮᠳᠠᠳᠤ᠎ᠶ᠋ᠢᠨ ᠦᠨᠳᠦᠰᠦᠳᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠬᠤ ᠪᠤᠯ ᠪᠦᠬᠦ᠌ ᠨᠠᠮ᠂ ᠪᠦᠬᠦ᠌ ᠤᠯᠤᠰ᠎ᠤᠨ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠬᠠᠮᠳᠤ᠎ᠶ᠋ᠢᠨ ᠬᠠᠷᠢᠭᠤᠴᠠᠯᠭ᠎ᠠ ᠮᠦᠨ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠨ ᠡᠵᠡᠮᠱᠢᠬᠦ᠌ ᠪᠤᠯ ᠳᠤᠮᠳᠠᠳᠤ᠎ᠶ᠋ᠢᠨ ᠦᠨᠳᠦᠰᠦᠳᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠬᠤ᠎ᠶ᠋ᠢᠨ ᠦᠨᠳᠦᠰᠦᠨ ᠱᠠᠭᠠᠷᠳᠠᠯᠭ᠎ᠠ ᠪᠤᠯᠤᠨ᠎ᠠ᠂ ᠦᠨᠳᠦᠰᠦᠳᠡᠨ᠎ᠨᠦᠭᠦᠳ᠎ᠤᠨ ᠬᠠᠷᠢᠯᠴᠠᠨ ᠶᠠᠪᠤᠯᠴᠠᠵᠤ ᠬᠠᠷᠢᠯᠴᠠᠨ ᠰᠤᠯᠢᠯᠴᠠᠵᠤ ᠬᠠᠷᠢᠯᠴᠠᠨ ᠠᠭᠤᠰᠤᠯᠴᠠᠬᠤ᠂ ᠬᠠᠷᠢᠯᠴᠠᠨ ᠰᠤᠷᠤᠯᠴᠠᠵᠤ ᠬᠠᠷᠢᠯᠴᠠᠨ ᠲᠤᠯᠢᠯᠠᠨ ᠬᠠᠷᠢᠯᠴᠠᠨ ᠬᠠᠪᠰᠤᠷᠤᠯᠴᠠᠬᠤ᠂ ᠬᠠᠮᠳᠦ᠎ᠪᠠᠷ ᠪᠦᠯᠬᠦᠮᠳᠡᠨ ᠲᠡᠮᠡᠴᠡᠬᠦ᠂ ᠬᠠᠮᠳᠦ᠎ᠪᠠᠷ ᠴᠡᠭ᠌ᠴᠡᠯᠡᠨ ᠬᠦᠭ᠌ᠵᠢᠬᠦ᠌᠎ᠶ᠋ᠢᠨ ᠦᠨᠳᠦᠰᠦᠨ ᠨᠦᠬᠦᠴᠡᠯ ᠪᠤᠯᠤᠨ᠎ᠠ᠃ ᠦᠭᠡ ᠬᠡᠯᠡ ᠪᠤᠯ ᠬᠦᠮᠦᠨ᠎ᠤ ᠤᠶᠤᠨ ᠰᠠᠨᠠᠭᠠᠨ᠎ᠤ ᠠᠵᠢᠯᠯᠠᠭ᠎ᠠ ᠪᠤᠯᠤᠭ᠍ᠰᠠᠨ᠎ᠤ ᠬᠤᠪᠢ᠎ᠳᠤ᠂ ᠦᠭᠡ ᠬᠡᠯᠡ᠎ᠨᠢ ᠬᠠᠮᠳᠤ ᠴᠤᠭ᠍ᠴᠠ᠎ᠶ᠋ᠢ ᠴᠤᠭ᠍ᠴᠠᠯᠠᠬᠤ᠎ᠳᠤ ᠰᠠᠭᠤᠷᠢ ᠦᠢᠯᠡᠳᠦᠯ᠎ᠲᠠᠢ ᠶᠤᠮ᠂ ᠬᠠᠮᠳᠤ᠎ᠶ᠋ᠢᠨ ᠦᠭᠡ ᠬᠡᠯᠡ᠎ᠶ᠋ᠢ ᠴᠢᠩᠭᠠᠳᠭᠠᠪᠠᠯ ᠬᠠᠮᠳᠤ ᠴᠤᠭ᠍ᠴᠠ ᠴᠤ᠌ ᠴᠢᠩᠭᠠᠷᠠᠵᠤ᠂ ᠬᠠᠮᠳᠤ᠎ᠶ᠋ᠢᠨ ᠦᠭᠡ ᠬᠡᠯᠡ᠎ᠶ᠋ᠢ ᠰᠤᠯᠠᠷᠠᠭᠤᠯᠪᠠᠯ ᠬᠠᠮᠳᠤ ᠴᠤᠭ᠍ᠴᠠ ᠴᠤ᠌ ᠳᠠᠭᠠᠭᠠᠳ ᠰᠤᠯᠠᠷᠠᠨ᠎ᠠ᠃ ᠨᠢᠭᠡ ᠬᠠᠮᠳᠤ ᠴᠤᠭ᠍ᠴᠠ᠎ᠨᠢ ᠬᠠᠮᠳᠤ᠎ᠶ᠋ᠢᠨ ᠦᠭᠡ ᠬᠡᠯᠡ ᠦᠭᠡᠢ ᠪᠤᠯ ᠡᠨᠡ ᠬᠦ᠌ ᠬᠠᠮᠳᠤ ᠴᠤᠭ᠍ᠴᠠ᠎ᠨᠢ ᠰᠠᠨᠠᠭ᠎ᠠ ᠰᠡᠳᠭᠢᠯ᠎ᠢᠶᠠᠨ ᠮᠡᠳᠡᠯᠴᠡᠨ ᠬᠠᠷᠢᠯᠴᠠᠬᠤ ᠬᠤᠯᠪᠤᠭᠠᠰᠤ ᠦᠭᠡᠢ ᠪᠤᠯᠤᠨ᠎ᠠ᠃ ᠬᠠᠮᠳᠤ᠎ᠶ᠋ᠢᠨ ᠦᠭᠡ ᠬᠡᠯᠡ᠎ᠨᠢ ᠬᠠᠮᠳᠤ ᠴᠤᠭ᠍ᠴᠠᠳᠤ ᠳᠤᠳᠠᠭ᠍ᠳᠠᠵᠤ ᠪᠤᠯᠤᠰᠢ ᠦᠭᠡᠢ ᠵᠦᠢᠯ ᠭᠡᠵᠦ᠍ ᠬᠡᠯᠡᠵᠦ᠍ ᠪᠤᠯᠤᠨ᠎ᠠ᠃ ᠮᠠᠨ᠎ᠤ ᠤᠯᠤᠰ ᠪᠤᠯ ᠤᠯᠠᠨ ᠦᠨᠳᠦᠰᠦᠳᠡᠨ᠎ᠲᠠᠢ᠂ ᠤᠯᠠᠨ ᠦᠭᠡ ᠬᠡᠯᠡ᠎ᠲᠠᠢ᠂ ᠤᠯᠠᠨ ᠦᠰᠦᠭ ᠪᠢᠴᠢᠭ᠎ᠲᠠᠢ ᠤᠯᠤᠰ ᠪᠤᠯᠤᠨ᠎ᠠ᠂ ᠦᠭᠡ ᠬᠡᠯᠡ ᠨᠡᠪᠳᠡᠷᠡᠯᠴᠡᠬᠦ᠌ ᠪᠤᠯ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠰᠡᠳᠭᠢᠯ ᠨᠡᠪᠳᠡᠷᠡᠯᠴᠡᠬᠦ᠌᠎ᠶ᠋ᠢᠨ ᠴᠢᠬᠤᠯᠠ ᠭᠤᠭ᠍ᠴᠤᠭ᠎ᠠ ᠪᠤᠯᠤᠨ᠎ᠠ᠃ ᠦᠭᠡ ᠬᠡᠯᠡ ᠨᠡᠪᠳᠡᠷᠡᠯᠴᠡᠬᠦ᠌ ᠦᠭᠡᠢ ᠪᠤᠯ ᠤᠯᠤᠯᠴᠠᠬᠤ᠎ᠳᠤ ᠬᠦᠴᠢᠷ ᠪᠤᠯᠵᠤ᠂ ᠤᠯᠤᠯᠴᠠᠬᠤ᠎ᠳᠤ ᠬᠦᠴᠢᠷ ᠪᠤᠯᠪᠠᠯ ᠤᠢ᠍ᠢᠯᠠᠭᠠᠯᠴᠠᠬᠤᠳᠤ ᠬᠦᠴᠢᠷ ᠪᠤᠯᠵᠤ᠂ ᠲᠡᠷᠡᠴᠢᠯᠡᠨ ᠬᠠᠮᠳᠤ᠎ᠶ᠋ᠢᠨ ᠲᠠᠨᠢᠯᠳᠠ᠎ᠶ᠋ᠢ ᠪᠦᠷᠢᠯᠳᠦᠭᠦᠯᠬᠦ᠌᠎ᠳᠤ ᠬᠦᠴᠢᠷ ᠪᠤᠯᠤᠨ᠎ᠠ᠃ ᠦᠨᠳᠦᠰᠦᠳᠡᠨ᠎ᠨᠦᠭᠦᠳ᠎ᠤᠨ ᠠᠷᠠᠳ ᠲᠦᠮᠡᠨ ᠤᠯᠤᠯᠴᠠᠨ ᠤᠢ᠍ᠢᠯᠠᠭᠠᠯᠴᠠᠵᠤ᠂ ᠬᠠᠷᠢᠯᠴᠠᠨ ᠬᠦᠨᠳᠦᠳᠭᠡᠨ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠠᠵᠢᠯᠯᠠᠬᠤ᠎ᠳᠤ ᠦᠭᠡ ᠬᠡᠯᠡᠨ᠎ᠤ ᠰᠤᠯᠢᠯᠴᠠᠭ᠎ᠠ ᠪᠠᠢᠬᠤ ᠬᠡᠷᠡᠭ᠌ᠳᠠᠢ᠃ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠳᠤᠷ ᠰᠤᠷᠤᠯᠴᠠᠬᠤ ᠪᠤᠯ ᠠᠳᠠᠯᠢ ᠪᠤᠰᠤ ᠦᠨᠳᠦᠰᠦᠳᠡᠨ᠎ᠤ ᠤᠷᠤᠨ᠂ ᠠᠳᠠᠯᠢ ᠪᠤᠰᠤ ᠦᠭᠡ ᠬᠡᠯᠡᠨ᠎ᠤ ᠤᠷᠤᠨ᠎ᠤ ᠠᠵᠤ ᠠᠬᠤᠢ ᠰᠤᠶᠤᠯ ᠨᠡᠢᠭᠡᠮ᠎ᠤᠨ ᠰᠤᠯᠢᠯᠴᠠᠭ᠎ᠠ᠎ᠶ᠋ᠢ ᠪᠡᠶᠡᠯᠡᠭᠦᠯᠦᠨ ᠪᠠᠳᠤᠯᠠᠬᠤ᠂ ᠳᠤᠮᠳᠠᠳᠤ᠎ᠶ᠋ᠢᠨ ᠦᠨᠳᠦᠰᠦᠳᠡᠨ᠎ᠤ ᠬᠠᠮᠳᠤ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠬᠤ᠎ᠳᠤ ᠵᠠᠪᠠᠯ ᠶᠠᠪᠤᠬᠤ ᠵᠠᠮ ᠪᠤᠯᠤᠨ᠎ᠠ᠃
ᠰᠤᠷᠪᠤᠯᠵᠢᠯᠠᠭ᠍ᠴᠢ᠄ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠳᠤᠷ ᠰᠤᠷᠤᠯᠴᠠᠬᠤ ᠪᠤᠯ ᠮᠠᠨ᠎ᠤ ᠤᠯᠤᠰ᠎ᠤᠨ ᠦᠨᠳᠦᠰᠦᠨ ᠬᠠᠤᠯᠢ ᠪᠤᠯᠤᠨ ᠬᠠᠤᠯᠢ ᠴᠠᠭᠠᠵᠠ᠎ᠳᠤ ᠲᠤᠭ᠍ᠳᠠᠭᠠᠭ᠍ᠰᠠᠨ ᠦᠨᠳᠦᠰᠦᠳᠡᠨ᠎ᠨᠦᠭᠦᠳ᠎ᠤᠨ ᠬᠠᠮᠳᠤ᠎ᠶ᠋ᠢᠨ ᠬᠠᠷᠢᠭᠤᠴᠠᠯᠭ᠎ᠠ ᠮᠦᠨ᠂ ᠦᠨᠳᠦᠰᠦᠳᠡᠨ᠎ᠨᠦᠭᠦᠳ᠎ᠤᠨ ᠤᠯᠠᠨ ᠲᠦᠮᠡᠨ ᠡᠩ ᠲᠡᠷᠢᠭᠦᠨ᠎ᠳᠤ ᠰᠠᠢᠳᠤᠷ ᠰᠤᠷᠤᠯᠴᠠᠵᠤ ᠰᠠᠢᠳᠤᠷ ᠬᠡᠷᠡᠭ᠌ᠯᠡᠬᠦ᠌ ᠶᠤᠰᠤᠳᠠᠢ ᠭᠡᠳᠡᠭ᠎ᠢ ᠬᠡᠷᠬᠢᠨ ᠤᠢ᠍ᠢᠯᠠᠭᠠᠬᠤ ᠪᠤᠢ?
ᠶ᠋ᠢᠨ ᠵᠢᠶᠧ᠄ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠦᠮᠤᠵᠢᠯ᠎ᠢ ᠲᠦᠭᠡᠮᠡᠯᠵᠢᠭᠦᠯᠬᠦ᠌᠎ᠨᠢ ᠮᠠᠨ᠎ᠤ ᠤᠯᠤᠰ᠎ᠤᠨ ᠦᠨᠳᠦᠰᠦᠨ ᠬᠠᠤᠯᠢ ᠪᠤᠯᠤᠨ ᠬᠠᠤᠯᠢ ᠴᠠᠭᠠᠵᠠ᠎ᠳᠤ ᠳᠤᠳᠤᠷᠬᠠᠢ ᠲᠤᠭ᠍ᠳᠠᠭᠠᠯ᠎ᠲᠠᠢ᠃ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠦᠨᠳᠦᠰᠦᠨ ᠬᠠᠤᠯᠢ》 ᠶ᠋ᠢᠨ ᠠᠷᠪᠠ ᠶᠢᠰᠦᠳᠦᠭᠡᠷ ᠵᠦᠢᠯ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠬᠠᠤᠯᠢ》 ᠶ᠋ᠢᠨ ᠭᠤᠴᠢᠨ ᠳᠤᠯᠤᠳᠤᠭᠠᠷ ᠵᠦᠢᠯ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠬᠠᠤᠯᠢ》 ᠶ᠋ᠢᠨ ᠭᠤᠷᠪᠠᠳᠤᠭᠠᠷ ᠵᠦᠢᠯ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠰᠤᠷᠭᠠᠨ ᠬᠦᠮᠦᠵᠢᠯ᠎ᠤᠨ ᠬᠠᠤᠯᠢ》 ᠶ᠋ᠢᠨ ᠠᠷᠪᠠᠨ ᠬᠤᠶᠠᠳᠤᠭᠠᠷ ᠵᠦᠢᠯ᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠯᠪᠠᠨ ᠵᠢᠷᠤᠮ᠎ᠤᠨ ᠰᠤᠷᠭᠠᠨ ᠬᠦᠮᠦᠵᠢᠯ᠎ᠤᠨ ᠬᠠᠤᠯᠢ》 ᠶ᠋ᠢᠨ ᠬᠤᠶᠠᠳᠤᠭᠠᠷ ᠵᠦᠢᠯ᠎ᠳᠤ ᠴᠦᠮ ᠳᠤᠮᠳᠠᠳᠤ ᠤᠯᠤᠰ᠎ᠤᠨ ᠢᠷᠭᠡᠨ᠎ᠤ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠵᠤ ᠬᠡᠷᠡᠭ᠌ᠯᠡᠬᠦ᠌ ᠡᠷᠬᠡ ᠪᠠ ᠡᠭᠦᠷᠭᠡ᠎ᠶ᠋ᠢ ᠳᠤᠳᠤᠷᠬᠠᠢ ᠲᠤᠭ᠍ᠳᠠᠭᠠᠪᠠ᠃ ᠤᠯᠤᠰ᠎ᠤᠨ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠳᠦᠷ ᠰᠤᠷᠤᠯᠴᠠᠵᠤ ᠰᠠᠢᠳᠦᠷ ᠭᠡᠷᠡᠭ᠌ᠯᠡᠬᠦ᠌ ᠪᠤᠯ ᠲᠤᠮᠲᠠᠲᠤ ᠤᠯᠤᠰ᠎ᠤᠨ ᠢᠷᠭᠡᠨ ᠨᠢᠭᠡᠪᠦᠷᠢ᠎ᠶ᠋ᠢᠨ ᠭᠦᠢᠴᠡᠳᠭᠡᠬᠦ᠌ ᠬᠡᠷᠡᠭ᠌ᠳᠠᠢ ᠬᠠᠤᠯᠢ᠎ᠳᠤ ᠲᠤᠭ᠍ᠲᠠᠭᠠᠭ᠍ᠰᠠᠠ ᠡᠬᠦᠷᠭᠡ ᠪᠤᠯᠤᠨ᠎ᠠ ᠭᠡᠵᠦ᠍ ᠬᠡᠯᠡᠵᠦ᠍ ᠪᠤᠯᠤᠨ᠎ᠠ᠃ ᠤᠯᠤᠰ᠎ᠠᠴᠠ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠲᠡᠯᠭᠡᠷᠡᠭᠦᠯᠬᠦ᠌᠎ᠶ᠋ᠢᠨ ᠬᠠᠮᠳᠤ ᠴᠦᠭᠡᠡ ᠲᠤᠭᠠᠲᠤ ᠦᠨᠲᠦᠰᠦᠲᠠᠠ᠎ᠤ ᠦᠭᠡ ᠬᠡᠯᠡ ᠦᠰᠦᠭ ᠪᠢᠴᠢᠭ᠎ᠢ ᠬᠠᠮᠠᠭᠠᠯᠠᠬᠤ᠎ᠶ᠋ᠢ ᠴᠤ᠌ ᠴᠢᠩᠭᠠᠳᠭᠠᠵᠦ᠍᠂ ᠴᠦᠭᠡᠡ ᠲᠤᠭᠠᠲᠦ ᠦᠨᠲᠦᠰᠦᠲᠠᠠ᠎ᠤ ᠦᠭᠡ ᠬᠡᠯᠡ ᠦᠰᠦᠭ ᠪᠢᠴᠢᠭ᠎ᠤᠨ ᠬᠡᠷᠡᠭ᠌ᠯᠡᠯᠳᠡ ᠪᠠ ᠬᠦᠭ᠌ᠵᠢᠯᠳᠡ᠎ᠳᠤ ᠬᠦᠢᠴᠡᠳ ᠬᠠᠤᠯᠢ ᠴᠠᠭᠠᠵᠠ᠎ᠶ᠋ᠢᠨ ᠪᠠᠲᠤᠯᠠᠭ᠎ᠠ ᠪᠠ ᠲᠦᠷᠦ᠎ᠶ᠋ᠢᠨ ᠪᠤᠲᠤᠯᠭ᠎ᠠ ᠲᠡᠮᠵᠢᠯᠭᠡ ᠦᠵᠡᠭᠦᠯᠵᠦ᠍ ᠪᠤᠢ᠂ ᠵᠢᠱ᠌ᠢᠶᠡᠯᠡᠪᠡᠯ ᠦᠨᠲᠦᠰᠤᠨ ᠬᠠᠤᠯᠢ ᠪᠤᠯᠤᠨ ᠦᠨᠲᠦᠰᠦᠲᠠᠠ᠎ᠤ ᠤᠷᠤᠨ᠎ᠤ ᠦᠪᠡᠷᠲᠡᠭᠡᠡ ᠵᠠᠰᠭᠠᠤ ᠬᠠᠤᠯᠢ᠎ᠳᠤ ᠲᠠᠷᠤᠢ 《ᠡᠯ᠎ᠠ ᠦᠨᠲᠦᠰᠦᠲᠠᠠ ᠪᠦᠷ ᠦᠪᠡᠷ᠎ᠤᠨ ᠦᠭᠡ ᠬᠡᠯᠡ ᠦᠰᠦᠭ ᠪᠢᠴᠢᠭ᠎ᠢᠶᠠᠨ ᠭᠡᠷᠡᠭ᠌ᠯᠡᠵᠦ᠍ ᠬᠦᠭ᠌ᠵᠢᠭᠦᠯᠬᠦ᠌ ᠡᠷᠭᠡ ᠴᠢᠯᠦᠭᠡᠲᠠᠢ》 ᠭᠡᠵᠦ᠍ ᠲᠤᠭ᠍ᠲᠠᠭᠠᠭ᠍ᠰᠠᠠ ᠪᠠᠢᠨ᠎ᠠ᠃ ᠡᠲᠡᠭᠡᠷ ᠬᠠᠤᠯᠢ ᠲᠤᠭ᠍ᠲᠠᠭᠠᠯ᠎ᠨᠢ ᠪᠦᠷ ᠨᠢᠭᠡᠲᠦᠯᠲᠠᠢ ᠤᠯᠠᠠ ᠦᠨᠲᠦᠰᠦᠲᠠᠠ᠎ᠲᠠᠢ ᠤᠯᠤᠰ᠎ᠤᠨ ᠦᠨᠲᠦᠰᠦᠨ ᠤᠯᠤᠰ᠎ᠤᠨ ᠪᠠᠢᠲᠠᠯ᠎ᠳᠤ ᠰᠠᠭᠤᠷᠢᠯᠠᠵᠦ᠍᠂ ᠤᠯᠤᠰ᠎ᠤᠨ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠤᠨ ᠰᠤᠷᠭᠠᠨ ᠬᠦᠮᠦᠵᠢᠯ᠎ᠢ ᠠᠬᠢᠭᠤᠯᠬᠤ ᠬᠢᠭᠡᠳ ᠴᠦᠭᠡᠡ ᠲᠤᠭᠠᠲᠦ ᠦᠨᠲᠦᠰᠦᠲᠠᠠ᠎ᠤ ᠦᠭᠡ ᠬᠡᠯᠡ ᠦᠰᠦᠭ ᠪᠢᠴᠢᠭ᠎ᠢ ᠭᠡᠷᠡᠭ᠌ᠯᠡᠬᠦ᠌᠎ᠨᠢ ᠬᠠᠤᠯᠢ ᠲᠤᠭ᠍ᠲᠠᠭᠠᠯ᠎ᠳᠤ ᠬᠠᠷᠢᠯᠴᠠᠠ ᠠᠬᠢᠭᠤᠯᠵᠦ᠍ ᠬᠠᠷᠢᠯᠴᠠᠠ ᠨᠦᠬᠦᠪᠦᠷᠢᠯᠡᠵᠦ᠍ ᠪᠠᠢᠲᠠᠭ᠃ ᠲᠤᠮᠲᠠᠲᠤ ᠤᠯᠤᠰ᠎ᠤᠨ ᠤᠨᠴᠠᠯᠢᠭ᠎ᠲᠠᠢ ᠨᠡᠢᠭᠡᠮ ᠵᠢᠷᠤᠮ ᠱᠢᠨ᠎ᠠ ᠴᠠᠭ ᠦᠶ᠎ᠠ᠎ᠳᠤ ᠤᠷᠤᠵᠦ᠍᠂ ᠱᠢᠨ᠎ᠠ ᠴᠠᠭ ᠦᠶ᠎ᠠ᠎ᠨᠢ ᠦᠭᠡ ᠬᠡᠯᠡ ᠦᠰᠦᠭ ᠪᠢᠴᠢᠭ᠎ᠤᠨ ᠦᠢᠯᠡᠰ ᠤᠨ ᠬᠦᠭ᠌ᠵᠢᠯᠲᠠ᠎ᠳᠤ ᠱᠢᠨ᠎ᠠ ᠠᠭᠤᠯᠤᠭ᠍ᠳᠠᠬᠤᠨ ᠨᠡᠮᠡᠷᠢᠯᠡᠵᠠᠢ᠃ ᠰᠤᠶᠤᠯ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠨᠢ ᠦᠭᠡ ᠬᠡᠯᠡ ᠦᠰᠦᠭ ᠪᠢᠴᠢᠭ᠎ᠤᠨ ᠬᠦᠭ᠌ᠵᠢᠯ ᠴᠡᠴᠡᠭ᠌ᠯᠡᠯ᠎ᠠᠴᠠ ᠰᠠᠯᠵᠦ᠍ ᠴᠢᠲᠠᠬᠤ ᠦᠭᠡᠢ; ᠠᠵᠦ᠍ ᠠᠬᠤᠢ ᠨᠡᠢᠭᠡᠮ᠎ᠤᠨ ᠬᠦᠭ᠌ᠵᠢᠯᠲᠠ᠎ᠨᠢ ᠦᠭᠡ ᠬᠡᠯᠡ ᠦᠰᠦᠭ ᠪᠢᠴᠢᠭ᠎ᠤᠨ ᠦᠢᠯᠡᠰ᠎ᠤᠨ ᠱᠢᠨ᠎ᠠ ᠬᠤᠪᠢ ᠨᠡᠮᠡᠷᠢ ᠦᠵᠡᠭᠦᠯᠬᠦ᠌᠎ᠶ᠋ᠢ ᠱᠠᠭᠠᠷᠳᠠᠵᠤ ᠪᠤᠢ; ᠠᠷᠠᠳ ᠤᠯᠠᠠ᠎ᠤ ᠰᠠᠢᠨ ᠰᠠᠢᠬᠠᠠ ᠠᠮᠢᠲᠤᠷᠠᠯ᠎ᠤᠨ ᠬᠦᠰᠡᠯ ᠭᠦᠭᠡᠭᠡᠴᠡᠯᠲᠦᠯᠨᠢ ᠨᠡᠩ ᠰᠠᠢᠨ ᠦᠭᠡ ᠬᠡᠯᠡ ᠦᠰᠦᠭ ᠪᠢᠴᠢᠭ᠎ᠤᠨ ᠦᠢᠯᠡᠴᠢᠯᠡᠭᠡ᠎ᠶ᠋ᠢ ᠱᠠᠭᠠᠷᠳᠠᠨ᠎ᠠ; ᠬᠦᠭ᠌ᠵᠢᠯᠲᠠ ᠲᠡᠩᠴᠡᠬᠦᠷᠢ ᠦᠭᠡᠢ ᠬᠦᠢᠴᠡᠳ ᠪᠤᠰᠤ ᠪᠠᠢᠭ᠎ᠠ ᠠᠰᠠᠭᠤᠲᠠᠯ᠎ᠢ ᠱᠢᠢᠳᠪᠦᠷᠢᠯᠡᠬᠦ᠌᠎ᠳᠤ ᠦᠭᠡ ᠬᠡᠯᠡ ᠦᠰᠦᠭ ᠪᠢᠴᠢᠭ᠎ᠤᠨ ᠠᠵᠢᠯ᠎ᠤᠨ ᠱᠢᠨ᠎ᠠ ᠵᠢᠳᠭᠦᠯ ᠴᠢᠷᠮᠠᠢᠯᠭ᠎ᠠ ᠭᠠᠷᠭᠠᠬᠤ᠎ᠶ᠋ᠢ ᠤᠷᠢᠶᠠᠯᠠᠵᠦ᠍ ᠪᠠᠢᠨ᠎ᠠ᠃ ᠰᠤᠶᠤᠯ᠎ᠤᠨ ᠤᠯᠠᠮᠵᠢᠯᠠᠯ᠎ᠤᠨ ᠠᠴᠢᠶᠠᠯᠠᠪᠤᠷᠢ ᠪᠤᠯᠤᠭ᠍ᠰᠠᠠᠤ ᠬᠤᠪᠢ᠎ᠳᠤ᠂ ᠡᠯ᠎ᠠ ᠦᠨᠲᠦᠰᠦᠲᠠᠠ᠎ᠤ ᠤᠯᠠᠠ ᠲᠦᠮᠠᠠ ᠭᠠᠭ᠍ᠴᠠ ᠬᠦ᠌ ᠤᠯᠤᠰ᠎ᠤᠨ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠳᠦᠷ ᠰᠤᠷᠤᠯᠴᠠᠠ ᠡᠵᠡᠮᠱᠢᠪᠠᠯ ᠰᠠᠶᠢ ᠨᠡᠩ ᠰᠠᠢᠨ ᠶᠠᠪᠤᠯᠴᠠᠠ ᠰᠤᠯᠢᠯᠴᠠᠵᠦ᠍᠂ ᠲᠠᠰᠤᠷᠠᠯᠲᠠ ᠦᠭᠡᠢ ᠬᠦᠭ᠌ᠵᠢᠨ ᠲᠠᠪᠱᠢᠵᠦ᠍ ᠴᠢᠲᠠᠨ᠎ᠠ᠃
ᠰᠤᠷᠪᠤᠯᠵᠢᠯᠠᠭ᠍ᠴᠢ᠄ ᠪᠠᠭ᠎ᠠ ᠰᠤᠷᠭᠠᠭᠤᠯᠢ᠎ᠶ᠋ᠢᠨ ᠨᠢᠭᠡᠲᠦᠭᠡᠷ ᠤᠨ᠎ᠤ ᠰᠤᠷᠤᠭ᠍ᠴᠢ ᠤᠯᠤᠰ᠎ᠤᠨ ᠨᠢᠭᠡᠲᠦᠯᠲᠡᠢ ᠨᠠᠢᠷᠠᠭᠤᠯᠤᠭ᠍ᠰᠠᠠ 《ᠬᠡᠯᠡ ᠪᠢᠴᠢᠭ》 ᠪᠤᠯᠤᠨ 《ᠮᠤᠩᠭᠤᠯ ᠬᠡᠯᠡ ᠪᠢᠴᠢᠭ》 ᠢ ᠬᠠᠮᠲᠤ᠎ᠪᠠᠷ ᠰᠤᠷᠬᠤ᠎ᠨᠢ ᠰᠤᠷᠤᠯᠭ᠎ᠠ᠎ᠶ᠋ᠢᠨ ᠦᠷ᠎ᠠ ᠪᠦᠲᠦᠮᠵᠢ᠎ᠶ᠋ᠢ ᠨᠦᠯᠦᠭᠡᠯᠡᠨ᠎ᠠ ᠤᠤ?
ᠶ᠋ᠢᠨ ᠵᠢᠶᠧ᠄ ᠮᠠᠠ᠎ᠤ ᠤᠷᠤᠨ᠎ᠤ ᠤᠯᠠᠠ ᠵᠢᠯ᠎ᠤᠨ ᠲᠤᠷᠰᠢ ᠪᠠᠷᠢᠮᠲᠠᠯᠠᠠ ᠭᠡᠷᠡᠭ᠌ᠵᠢᠭᠦᠯᠦᠭᠡᠳ ᠢᠷᠡᠭ᠌ᠰᠡᠨ ᠵᠢᠭᠠᠠ ᠰᠤᠷᠭᠠᠯᠲᠠ᠎ᠶ᠋ᠢᠨ ᠦᠢᠯᠡᠲᠦᠯᠭᠡ ᠭᠡᠷᠡᠴᠢᠯᠡᠭ᠌ᠰᠡᠨ᠎ᠨᠢ᠂ ᠪᠠᠭ᠎ᠠ ᠰᠤᠷᠭᠠᠭᠤᠯᠢ᠎ᠶ᠋ᠢᠨ ᠲᠤᠤᠷ᠎ᠠ ᠠᠩᠭᠢ᠎ᠳᠤ ᠬᠤᠶᠠᠷ ᠲᠦᠷᠦᠯ᠎ᠤᠨ ᠦᠭᠡ ᠬᠡᠯᠡ ᠦᠰᠦᠭ ᠪᠢᠴᠢᠭ᠎ᠤᠨ ᠬᠢᠴᠢᠶᠡᠯ᠎ᠢ ᠬᠠᠮᠲᠤ᠎ᠪᠠᠷ ᠨᠡᠭᠡᠭᠡᠬᠦ᠌᠎ᠨᠢ ᠡᠨᠡ ᠬᠦ᠌ ᠤᠨᠴᠠᠭᠠᠢ ᠨᠠᠰᠤᠠ᠎ᠤ ᠱᠠᠲᠤᠨ᠎ᠤ ᠦᠭᠡ ᠬᠡᠯᠡ ᠰᠤᠷᠬᠤ ᠲᠠᠪᠠᠭᠤᠯᠢᠭ᠎ᠢ ᠪᠠᠲᠠᠷᠠᠭᠤᠯᠵᠠᠢ᠃ ᠦᠨᠲᠦᠰᠦᠲᠠᠠ᠎ᠤ ᠰᠤᠷᠭᠠᠭᠤᠯᠢ᠎ᠶ᠋ᠢᠨ ᠪᠠᠭ᠎ᠠ ᠰᠤᠷᠭᠠᠭᠤᠯᠢ᠎ᠶ᠋ᠢᠨ ᠱᠠᠲᠤᠨ᠎ᠳᠤ ᠮᠤᠩᠭᠤᠯ᠂ ᠬᠢᠲᠠᠳ ᠬᠤᠶᠠᠷ ᠬᠡᠯᠡ᠎ᠶ᠋ᠢ ᠰᠤᠷᠭᠠᠬᠤ᠎ᠶ᠋ᠢ ᠨᠢᠭᠡᠨᠳᠡ ᠤᠯᠠᠨ ᠵᠢᠯ ᠪᠠᠷᠢᠮᠲᠠᠯᠠᠭ᠍ᠰᠠᠨ ᠪᠠᠢᠨ᠎ᠠ᠃ ᠪᠠᠭ᠎ᠠ ᠰᠤᠷᠭᠠᠭᠤᠯᠢ᠎ᠶ᠋ᠢᠨ ᠱᠠᠲᠤ ᠪᠤᠯ ᠭᠡᠤᠬᠡᠳ᠎ᠤᠨ ᠦᠭᠡ ᠬᠡᠯᠡ ᠰᠤᠷᠬᠤ ᠲᠠᠪᠠᠭᠤᠯᠢᠭ ᠬᠤᠭᠤᠴᠠᠭ᠎ᠠ ᠪᠤᠯᠤᠨ᠎ᠠ᠂ ᠡᠨᠡ ᠬᠦ᠌ ᠱᠠᠲᠤᠨ᠎ᠳᠤ᠂ ᠰᠤᠷᠤᠭ᠍ᠴᠢᠳ ᠮᠤᠩᠭᠤᠯ ᠬᠡᠯᠡ ᠰᠤᠷᠤᠯᠴᠠᠬᠤ ᠶᠠᠪᠤᠴᠠ ᠲᠤᠮᠲᠠ ᠡᠭᠦᠰᠦᠭ᠌ᠰᠡᠨ ᠲᠤᠷ᠎ᠠ ᠰᠤᠨᠢᠷᠠᠬ᠍ᠯ᠂ ᠤᠪᠤᠷ ᠪᠤᠯᠤᠨ ᠴᠢᠲᠠᠪᠤᠷᠢ᠎ᠪᠠᠨ ᠠᠱᠢᠠᠠᠯᠠᠵᠦ᠍ ᠤᠯᠤᠰ᠎ᠤᠨ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠬᠤ᠎ᠨᠢ ᠰᠤᠷᠤᠭ᠍ᠴᠢᠳ᠎ᠤᠨ ᠲᠠᠨᠢᠨ ᠮᠡᠲᠡᠭᠦᠶ ᠪᠤᠯᠤᠨ ᠬᠡᠯᠡᠡ᠎ᠤ ᠤᠬᠠᠮᠠᠰᠠᠷ᠎ᠤᠨ ᠬᠦᠭ᠌ᠵᠢᠯᠲᠠ᠎ᠳᠤ ᠢᠲᠡᠪᠬᠢᠲᠠᠢ ᠨᠦᠯᠦᠭᠡ ᠦᠵᠡᠭᠦᠯᠬᠦ᠌ ᠪᠤᠯᠤᠨ᠎ᠠ᠃ 2020 ᠤᠨ᠎ᠳᠤ ᠨᠢᠭᠡᠲᠦᠯᠲᠡᠢ ᠨᠠᠢᠷᠠᠭᠤᠯᠤᠭ᠍ᠰᠠᠠ 《ᠬᠡᠯᠡ ᠪᠢᠴᠢᠭ》 ᠤᠨ ᠵᠢᠭᠠᠬᠤ ᠮᠠᠲ᠋ᠧᠷᠢᠶᠠᠯ᠎ᠢ ᠲᠡᠯᠭᠡᠷᠡᠭᠦᠯᠦᠨ ᠬᠡᠷᠡᠭ᠌ᠯᠡᠬᠦ᠌᠎ᠶ᠋ᠢᠨ ᠬᠠᠮᠳᠤ ᠤᠯᠤᠰ᠎ᠤᠨ ᠨᠡᠢᠲᠡᠮ ᠭᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢᠶᠠᠷ ᠵᠢᠭᠠᠠ ᠰᠤᠷᠭᠠᠬᠤ᠎ᠶ᠋ᠢ ᠠᠬᠢᠭᠤᠯᠤᠭ᠍ᠰᠠᠠ ᠦᠢᠯᠡᠲᠦᠯᠭᠡ ᠭᠡᠷᠡᠴᠢᠯᠡᠭ᠌ᠰᠡᠨ᠎ᠨᠢ᠂ ᠰᠤᠷᠤᠭ᠍ᠴᠢᠳ᠎ᠤᠨ ᠰᠤᠷᠤᠯᠴᠠᠬᠤ ᠲᠠᠨᠢᠨ ᠮᠡᠲᠡᠭᠦᠢᠶ᠋ᠢᠨ ᠵᠢᠮ᠎ᠠ ᠶᠤᠰᠤ ᠪᠤᠯᠤᠨ ᠰᠤᠷᠤᠯᠴᠠᠬᠤ ᠴᠢᠲᠠᠪᠤᠷᠢ᠎ᠶ᠋ᠢ ᠦᠨᠲᠦᠰᠦᠯᠡᠨ᠂ ᠵᠢᠭᠠᠠ ᠰᠤᠷᠭᠠᠯᠲᠠ᠎ᠶ᠋ᠢᠨ ᠲᠦᠯᠦᠪᠯᠡᠭᠡ᠎ᠶ᠋ᠢ ᠱᠢᠨᠵᠢᠯᠡᠬᠦ᠌ ᠤᠬᠠᠭᠠᠠᠴᠢ᠎ᠪᠠᠷ ᠵᠤᠬᠢᠶᠠᠠ ᠪᠠᠢᠭᠤᠯᠵᠦ᠍᠂ ᠵᠢᠭᠠᠠ ᠰᠤᠷᠭᠠᠯᠲᠠ᠎ᠶ᠋ᠢᠨ ᠠᠵᠢᠯᠯᠠᠭ᠎ᠠ᠎ᠶ᠋ᠢ ᠵᠦᠢ ᠵᠤᠬᠢᠰᠲᠠᠢ ᠲᠤᠬᠢᠷᠠᠭᠤᠯᠤᠨ᠂ ᠰᠤᠷᠤᠭ᠍ᠴᠢᠳ᠎ᠤᠨ ᠮᠡᠲᠡᠯᠭᠡ ᠬᠤᠷᠠᠮᠳᠤᠭᠤᠯᠬᠤ ᠪᠠ ᠲᠠᠨᠢᠨ ᠮᠡᠲᠡᠭᠦᠢᠶ᠋ᠢᠨ ᠴᠢᠲᠠᠪᠤᠷᠢ ᠲᠠᠰᠤᠷᠠᠯᠲᠠ ᠦᠭᠡᠢ ᠲᠡᠭᠡᠭ᠌ᠰᠢᠯᠡᠭᠦ᠌ ᠶᠠᠪᠤᠴᠠ ᠲᠤᠮᠲᠠ᠂ ᠰᠤᠷᠤᠭ᠍ᠴᠢᠳ᠎ᠤᠨ ᠦᠭᠡ ᠬᠡᠯᠡ ᠦᠰᠦᠭ ᠪᠢᠴᠢᠭ ᠰᠤᠷᠬᠤ ᠲᠤᠷ᠎ᠠ ᠰᠤᠨᠢᠷᠬᠠᠯ ᠪᠤᠯᠤᠨ ᠬᠡᠯᠡᠡ᠎ᠤ ᠴᠢᠲᠠᠪᠤᠷᠢ᠎ᠶ᠋ᠢ ᠠᠭᠠᠵᠢᠮ᠎ᠢᠶᠠᠷ ᠲᠡᠭᠡᠭ᠌ᠰᠢᠯᠡᠭᠦᠯᠵᠦ᠍ ᠪᠤᠯᠬᠤ ᠪᠦᠭᠡᠳ ᠲᠠᠨᠢᠨ ᠮᠡᠲᠡᠭᠦᠢᠶ᠋ᠢᠨ ᠰᠠᠮᠠᠭᠤᠷᠠᠯ᠎ᠢ ᠠᠷᠢᠯᠭᠠᠵᠦ᠍ ᠴᠢᠲᠠᠨ᠎ᠠ᠃