2 ᠰᠠᠷ᠎ᠠ᠎ᠶ᠋ᠢᠨ 20 ᠤ ᠡᠳᠦᠷ᠂ ᠮᠠᠨ᠎ᠤ ᠤᠷᠤᠨ᠎ᠳᠤ ᠰᠠᠭᠤᠭ᠎ᠠ ᠪᠦᠭᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢ ᠸᠠᠩ ᠱᠢᠶᠤᠤ ᠬᠤᠨᠭ᠌ ᠠᠵᠢᠯᠯᠠᠵᠦ᠍ ᠪᠠᠢᠭ᠎ᠠ ᠬᠤᠷᠴᠢᠨ ᠤᠷᠠᠯᠢᠭ᠎ᠤᠨ ᠠᠵᠢᠯ ᠮᠡᠷᠭᠡᠵᠢᠯ᠎ᠤᠨ ᠲᠡᠭᠡᠳᠤ ᠰᠤᠷᠭᠠᠭᠤᠯᠢ᠎ᠶ᠋ᠢᠨ᠎ᠢᠶᠠᠨ ᠰᠤᠷᠭᠠᠭᠤᠯᠢ ᠡᠬᠢᠯᠡᠭᠦ᠌ ᠠᠵᠢᠯ᠎ᠤᠨ ᠬᠤᠷᠠᠯ᠎ᠳᠤ ᠤᠷᠤᠯᠴᠠᠬ᠍ᠰᠠᠨᠤ ᠲᠠᠷᠠᠭ᠎ᠠ᠂ ᠨᠢᠭᠡ ᠲᠠᠯ᠎ᠠ᠎ᠪᠠᠷ ᠰᠤᠷᠤᠬ᠍ᠴᠢᠳ᠎ᠤᠨ ᠰᠤᠷᠭᠠᠭᠤᠯᠢ᠎ᠳᠠᠭᠠᠨ ᠪᠤᠴᠠᠬᠤ ᠬᠠᠮᠢᠶ᠎ᠠ ᠪᠦᠭᠦᠢ ᠠᠵᠢᠯ᠎ᠢ ᠪᠡᠯᠡᠳᠭᠡᠨ ᠶᠠᠭᠠᠷᠠᠵᠦ᠍᠂ ᠨᠦᠭᠦᠭᠡ ᠲᠠᠯ᠎ᠠ᠎ᠪᠠᠷ ᠪᠦᠭᠦ᠌ ᠤᠯᠤᠰ᠎ᠤᠨ ᠬᠤᠶᠠᠷ ᠬᠤᠷᠠᠯ᠎ᠳᠤ ᠲᠡᠪᠱᠢᠭᠦᠯᠭᠦ᠎ᠪᠠᠷ ᠪᠠᠢᠭ᠎ᠠ ᠰᠠᠨᠠᠭᠤᠯᠭ᠎ᠠ᠎ᠳᠠᠭᠠᠨ ᠵᠠᠰᠠᠪᠤᠷᠢ ᠤᠷᠤᠭᠤᠯᠤᠨ ᠲᠡᠭᠦᠯᠳᠡᠷᠵᠢᠭᠦᠯᠦᠨ᠎ᠠ᠃
ᠠᠵᠢᠯ ᠮᠡᠷᠭᠡᠵᠢᠯ᠎ᠤᠨ ᠰᠤᠷᠭᠠᠨ ᠬᠦᠮᠦᠵᠢᠯ᠎ᠤᠨ ᠬᠦᠷᠢᠶᠠᠨ᠎ᠤ ᠪᠦᠭᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢ ᠪᠤᠯᠤᠬ᠍ᠰᠠᠨ᠎ᠤ ᠬᠤᠪᠢ᠎ᠳᠤ᠂ ᠸᠠᠩ ᠱᠢᠶᠤᠤ ᠬᠤᠨᠭ᠌ ᠪᠤᠯ ᠤᠯᠤᠰ᠎ᠤᠨ ᠨᠢᠭᠡᠳᠦᠭᠡᠷ ᠲᠡᠰ᠎ᠤᠨ ᠲᠤᠬ᠍ᠯᠠᠬ᠍ᠴᠢ᠂ ᠶᠠᠳᠤᠭ᠎ᠠ᠎ᠶ᠋ᠢᠨ ᠤᠷᠠᠯᠢᠭ᠎ᠤᠨ ᠲᠠᠯ᠎ᠠ᠎ᠪᠠᠷ ᠮᠠᠰᠢ ᠠᠮᠵᠢᠯᠳᠠ ᠪᠦᠳᠦᠭᠡᠯ᠎ᠲᠠᠢ᠃ ᠲᠡᠭᠦᠨ᠎ᠤ ᠪᠦᠭᠦ᠌ ᠤᠯᠤᠰ᠎ᠤᠨ ᠬᠤᠶᠠᠷ ᠬᠤᠷᠠᠯ᠎ᠳᠤ ᠲᠡᠪᠱᠢᠭᠦᠯᠭᠦ᠎ᠪᠠᠷ ᠪᠠᠢᠭ᠎ᠠ ᠰᠠᠨᠠᠭᠤᠯᠭ᠎ᠠ᠎ᠨᠢ ᠦᠪᠡᠷ᠎ᠤᠨ ᠬᠢᠨᠢ ᠬᠤᠶᠠᠷ ᠵᠦᠢᠯ᠎ᠤᠨ ᠠᠵᠢᠯ᠎ᠤᠨ ᠲᠤᠱᠢᠶᠠᠯ᠎ᠲᠠᠢ᠎ᠨᠢ ᠬᠤᠯᠪᠤᠭ᠎ᠠ᠎ᠲᠠᠢ᠃
《ᠱᠢᠨ᠎ᠠ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠭᠦ᠌ ᠬᠤᠭᠤᠴᠠᠭᠠᠨ᠎ᠳᠤ᠂ ᠠᠵᠢᠯ ᠮᠡᠷᠭᠡᠵᠢᠯ᠎ᠤᠨ ᠰᠤᠷᠭᠠᠨ ᠬᠦᠮᠦᠵᠢᠯ ᠴᠤ᠌ ᠠᠳᠠᠯᠢᠬᠠᠨ᠎ᠢᠶᠠᠷ ᠬᠢᠴᠢᠶᠠᠯ᠎ᠤᠨ ᠲᠠᠩᠭᠢᠮ᠎ᠠᠴᠠ ᠰᠦᠯᠵᠢᠶᠠᠨ ᠲᠡᠭᠡᠷ᠎ᠠ ᠬᠢᠴᠢᠶᠡᠯᠯᠡᠭᠦ᠌ ᠶᠠᠪᠤᠴᠠ᠎ᠶ᠋ᠢ ᠦᠡᠭ᠌ᠭᠡᠷᠡᠭᠦᠯᠵᠦ᠍᠂ ᠤᠨᠴᠠᠭᠠᠢ ᠴᠠᠬ ᠬᠤᠭᠤᠴᠠᠭ᠎ᠠ᠎ᠶ᠋ᠢ ᠲᠤᠬ᠍ᠳᠠᠭᠤᠨ ᠦᠡᠭ᠌ᠭᠡᠷᠡᠭᠦᠯᠪᠡ》 ᠭᠡᠵᠦ᠍ ᠸᠠᠩ ᠱᠢᠶᠤᠤ ᠬᠤᠨᠭ᠌ ᠬᠡᠯᠡᠨ᠎ᠠ᠂ 《ᠢᠨ᠊ ᠲ᠋ ᠸᠷ ᠰᠦᠯᠵᠢᠶ᠎ᠠ +》 ᠵᠠᠭ᠍ᠪᠤᠷ ᠠᠵᠢᠯ ᠮᠡᠷᠭᠡᠵᠢᠯ᠎ᠤᠨ ᠰᠤᠷᠭᠠᠨ ᠬᠦᠮᠦᠵᠢᠯ᠎ᠢ ᠱᠢᠨ᠎ᠠ ᠬᠦᠭ᠌ᠵᠢᠯᠳᠠ᠎ᠲᠠᠢ ᠪᠤᠯᠭᠠᠪᠠ᠃ ᠡᠨᠡ ᠬᠦ᠌ ᠶᠠᠪᠤᠴᠠ᠎ᠳᠤ᠂ ᠸᠠᠩ ᠱᠢᠶᠤᠤ ᠬᠤᠨᠭ᠌ ᠠᠵᠢᠯ ᠮᠡᠷᠭᠡᠵᠢᠯ᠎ᠤᠨ ᠰᠤᠷᠭᠠᠨ ᠬᠦᠮᠦᠵᠢᠯ᠎ᠤᠨ 《ᠵᠢᠷᠭᠤᠭ᠎ᠠ᠎ᠶ᠋ᠢ ᠲᠤᠬ᠍ᠳᠠᠪᠤᠷᠢᠵᠢᠭᠤᠯᠬᠤ》 ᠠᠵᠢᠯ᠎ᠢ ᠰᠠᠢᠳᠤᠷ ᠬᠢᠵᠦ᠍᠂ 《ᠵᠢᠷᠭᠤᠭ᠎ᠠ᠎ᠶ᠋ᠢ ᠪᠠᠳᠤᠯᠠᠬᠤ》 ᠡᠭᠦᠷᠭᠡ᠎ᠶ᠋ᠢ ᠨᠠᠢᠳᠠᠪᠤᠷᠢᠵᠢᠭᠤᠯᠬᠤ ᠲᠠᠯ᠎ᠠ᠎ᠪᠠᠷ ᠮᠠᠰᠢ ᠶᠡᠭᠡ ᠬᠤᠪᠢ ᠨᠡᠮᠡᠷᠢ ᠦᠵᠡᠭᠦᠯᠬᠦ᠌ ᠴᠢᠬᠤᠯᠠᠲᠠᠢ ᠪᠠᠢᠬᠤ᠎ᠶ᠋ᠢ ᠰᠡᠷᠭᠡᠭ᠎ᠢᠶᠠᠷ ᠲᠠᠨᠢᠵᠦ᠍ ᠤᠯᠪᠠ᠃ ᠲᠡᠷᠡ ᠦᠪᠡᠷ᠎ᠤᠨ ᠤᠯᠤᠯᠳᠠ ᠲᠦᠷᠦᠭ᠌ᠳᠡᠯ ᠪᠠ ᠰᠠᠨᠠᠯ ᠪᠤᠳᠤᠯ᠎ᠢᠶᠠᠨ ᠰᠠᠨᠠᠭᠤᠯᠭ᠎ᠠ᠎ᠳᠠᠭᠠᠨ ᠤᠷᠤᠭᠤᠯᠵᠦ᠍᠂ ᠡᠨᠡ ᠵᠢᠯ᠎ᠤᠨ ᠪᠦᠭᠦ᠌ ᠤᠯᠤᠰ᠎ᠤᠨ ᠬᠤᠶᠠᠷ ᠬᠤᠷᠠᠯ ᠲᠡᠭᠡᠷ᠎ᠠ ᠡᠢᠮᠦ᠍ ᠰᠠᠨᠠᠭᠤᠯᠭ᠎ᠠ ᠲᠡᠪᠱᠢᠭᠦᠯᠭᠦ᠎ᠪᠠᠷ ᠪᠣᠢ᠃
ᠸᠠᠩ ᠱᠢᠶᠤᠤ ᠬᠤᠨᠭ᠌᠎ᠤᠨ ᠨᠦᠭᠦᠭᠡ ᠨᠢᠭᠡ ᠰᠠᠨᠠᠭᠤᠯᠭ᠎ᠠ᠎ᠨᠢ ᠤᠳᠭ᠎ᠠ ᠤᠷᠠᠯᠢᠭ᠎ᠤᠨ ᠵᠤᠬᠢᠶᠠᠨ ᠪᠦᠲᠦᠭᠡᠯᠭᠡ᠎ᠲᠠᠢ ᠬᠤᠯᠪᠤᠭ᠎ᠠ᠎ᠲᠠᠢ᠃ 《ᠤᠳᠭ᠎ᠠ ᠤᠷᠠᠯᠢᠭ᠎ᠤᠨ ᠵᠣᠬᠢᠶᠠᠯ ᠪᠦᠲᠦᠭᠡᠯ᠎ᠤᠨ ᠨᠦᠯᠦᠭᠡᠯᠡᠭᠦ᠌ ᠬᠦᠴᠤᠨ ᠮᠠᠰᠢ ᠶᠡᠭᠡ᠂ ᠤᠷᠠᠯᠢᠬ᠍ᠴᠢᠨ ᠵᠣᠬᠢᠶᠠᠯ ᠪᠦᠲᠦᠭᠡᠯ᠎ᠢᠶᠠᠷ᠎ᠢᠶᠠᠨ ᠰᠡᠳᠭᠢᠯ᠎ᠤᠨ ᠲᠠᠭᠤᠨ᠎ᠢᠶᠠᠨ ᠲᠠᠮᠵᠢᠭᠤᠯᠵᠦ᠍᠂ ᠵᠣᠬᠢᠶᠠᠯ ᠪᠦᠲᠦᠭᠡᠯ᠎ᠢᠶᠠᠷ᠎ᠢᠶᠠᠨ ᠨᠡᠢᠭᠡᠮ ᠵᠢᠷᠤᠮ᠎ᠤᠨ ᠭᠤᠤᠯᠯᠠᠬ᠍ᠴᠢ ᠦᠷᠳᠡᠭ᠎ᠤᠨ ᠦᠵᠡᠯᠳᠡ᠎ᠶ᠋ᠢ ᠤᠬᠠᠭᠤᠯᠵᠦ᠍᠂ ᠢᠳᠡᠪᠭᠢ ᠬᠦᠴᠦᠨ᠎ᠢ ᠲᠠᠮᠵᠢᠭᠤᠯᠳᠠᠭ》 ᠭᠡᠵᠦ᠍ ᠸᠠᠩ ᠱᠢᠶᠤᠤ ᠬᠤᠨᠭ᠌ ᠬᠡᠯᠡᠨ᠎ᠠ᠃ ᠦᠡᠭ᠌ᠭᠡᠷᠡᠭ᠌ᠰᠡᠨ ᠵᠢᠯ᠎ᠳᠤ᠂ ᠲᠡᠷᠡ 《ᠲᠠᠯ᠎ᠠ ᠨᠤᠳᠤᠬ᠎ᠤᠨ ᠰᠠᠷᠠ᠎ᠲᠠᠢ ᠰᠦᠨᠢ ᠭᠤᠶᠤᠬᠠᠨ》 ᠭᠡᠭᠦ᠌ ᠶᠠᠳᠤᠭ᠎ᠠ᠎ᠶ᠋ᠢᠨ ᠭᠤᠴᠤᠯᠠᠯ ᠬᠦᠭ᠌ᠵᠢᠮ ᠵᠤᠬᠢᠶᠠᠨ ᠪᠦᠲᠦᠭᠡᠵᠦ᠍᠂ ᠦᠪᠤᠷ ᠮᠤᠩᠭᠤᠯ᠎ᠤᠨ ᠠᠷᠠᠳ ᠲᠦᠮᠡᠨ᠎ᠤ ᠡᠭᠡ ᠤᠯᠤᠰ᠎ᠢᠶᠠᠨ ᠬᠠᠢᠷᠠᠯᠠᠬᠤ ᠰᠡᠳᠭᠢᠯᠭᠡ᠎ᠶ᠋ᠢ ᠲᠠᠭᠤᠤ ᠬᠦᠭ᠌ᠵᠢᠮᠢᠶᠠᠷᠢᠶᠠᠨ ᠢᠯᠡᠳᠭᠡᠪᠡ᠃
ᠲᠤᠱᠢᠶᠠᠯ᠎ᠢᠶᠠᠨ ᠭᠦᠢᠴᠡᠳᠭᠡᠭ᠌ᠰᠡᠨ ᠨᠢᠭᠡ ᠵᠢᠯ᠎ᠤᠨ ᠲᠤᠷᠰᠢ᠂ ᠡᠨᠡ ᠵᠢᠯ᠎ᠤᠨ ᠰᠠᠨᠠᠭᠤᠯᠭ᠎ᠠ᠎ᠪᠠᠨ ᠪᠡᠯᠡᠳᠭᠡᠭ᠌ᠰᠡᠨ᠎ᠠᠴᠠ ᠭᠠᠳᠠᠨ᠎ᠠ᠂ ᠸᠠᠩ ᠱᠢᠶᠤᠤ ᠬᠤᠨᠭ᠌ ᠲᠤᠱᠢᠶᠠᠯ᠎ᠢᠶᠠᠨ ᠭᠦᠢᠴᠡᠳᠭᠡᠭᠦ᠌ ᠠᠯᠬᠤᠭ᠎ᠠ᠎ᠪᠠᠨ ᠶᠡᠷᠦ᠍ ᠵᠤᠬ᠍ᠰᠤᠬ᠍ᠰᠠᠨ ᠦᠭᠡᠢ᠃
2020 ᠤᠨ᠎ᠳᠤ ᠪᠦᠭᠦ᠌ ᠤᠯᠤᠰ᠎ᠤᠨ ᠬᠤᠶᠠᠷ ᠬᠤᠷᠠᠯ᠎ᠳᠤ ᠤᠷᠤᠯᠴᠠᠭᠠᠳ ᠲᠦᠡᠭ᠌ᠯᠢᠶᠤᠤ ᠬᠤᠳᠠ᠎ᠳᠠᠭᠠᠨ ᠪᠤᠴᠠᠬ᠍ᠰᠠᠨᠤ ᠲᠠᠷᠠᠭ᠎ᠠ᠂ ᠲᠡᠷᠡ ᠲᠦᠡᠭ᠌ᠯᠢᠶᠤᠤ ᠬᠤᠳᠠ᠎ᠶ᠋ᠢᠨ ᠱᠢᠭᠤᠳ ᠬᠠᠷᠢᠶ᠎ᠠ ᠪᠠᠢᠭᠤᠯᠭ᠎ᠠ᠂ ᠰᠤᠷᠭᠠᠭᠤᠯᠢ᠂ ᠨᠡᠢᠭᠡᠮ ᠲᠤᠭᠤᠷᠢᠭ᠎ᠢᠶᠠᠷ ᠬᠦᠷᠴᠦ᠍᠂ ᠪᠦᠭᠦ᠌ ᠤᠯᠤᠰ᠎ᠤᠨ ᠬᠤᠶᠠᠷ ᠬᠤᠷᠠᠯ᠎ᠳᠤ ᠤᠷᠤᠯᠴᠠᠬᠤ ᠊ᠦᠶᠡᠳᠡᠭᠡᠨ ᠦᠵᠡᠭ᠌ᠰᠡᠨ᠂ ᠰᠤᠨᠤᠰᠤᠬ᠍ᠰᠠᠨ᠂ ᠪᠤᠳᠤᠬ᠍ᠰᠠᠨ ᠵᠦᠢᠯ᠎ᠢᠶᠠᠨ ᠤᠯᠠᠨ᠎ᠲᠠᠢ ᠬᠤᠪᠢᠶᠠᠯᠴᠠᠵᠦ᠍᠂ ᠪᠦᠭᠦ᠌ ᠤᠯᠤᠰ᠎ᠤᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠬᠠᠮᠤᠭ᠎ᠤᠨ ᠲᠡᠷᠢᠭᠦᠨ᠎ᠳᠤ ᠦᠨᠳᠤᠰᠤᠨ ᠱᠠᠳᠤᠨ᠎ᠳᠤ ᠬᠦᠷᠭᠡᠵᠦ᠍᠂ ᠤᠯᠠᠨ ᠲᠦᠮᠡᠨ᠎ᠳᠤ ᠵᠠᠰᠠᠬ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠨᠠᠷᠢᠯᠢᠭ ᠲᠠᠢᠯᠪᠤᠷᠢᠯᠠᠨ ᠦᠭ᠌ᠭᠦ᠎ᠶ᠋ᠢᠨ ᠬᠠᠮᠳᠤ᠂ ᠢᠷᠭᠡᠨ᠎ᠤ ᠬᠠᠤᠯᠢ᠎ᠶ᠋ᠢᠨ ᠪᠢᠴᠢᠭ᠎ᠢ ᠶᠡᠭᠡ᠎ᠪᠠᠷ ᠤᠬᠠᠭᠤᠯᠪᠠ᠃
ᠬᠤᠷᠠᠯ ᠲᠡᠭᠦᠰᠦᠭ᠌ᠰᠡᠨ ᠬᠤᠭᠤᠴᠠᠭᠠᠨ᠎ᠳᠤ᠂ ᠸᠠᠩ ᠱᠢᠶᠤᠤ ᠬᠤᠨᠭ᠌ ᠪᠠᠰᠠ ᠦᠪᠡᠷᠳᠡᠭᠡᠨ ᠵᠠᠰᠠᠬᠤ ᠤᠷᠤᠨ᠎ᠤ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶ᠎ᠠ ᠪᠠ ᠲᠦᠡᠭ᠌ᠯᠢᠶᠤᠤ ᠬᠤᠳᠠ᠎ᠶ᠋ᠢᠨ ᠠᠷᠠᠳ᠎ᠤᠨ ᠲᠦᠯᠦᠭᠡᠯᠡᠭ᠌ᠴᠢᠳ᠎ᠤᠨ ᠶᠡᠭᠡ ᠬᠤᠷᠠᠯ᠎ᠤᠨ ᠪᠠᠢᠡᠭ᠌ᠭᠤ᠎ᠶ᠋ᠢᠨ ᠬᠤᠷᠢᠶ᠎ᠠ᠎ᠶ᠋ᠢᠨ ᠵᠤᠬᠢᠶᠠᠨ ᠪᠠᠢᠭᠤᠯᠤᠬ᠍ᠰᠠᠨ ᠤᠯᠠᠨ ᠵᠦᠢᠯ᠎ᠤᠨ ᠪᠠᠢᠴᠠᠭᠠᠨ ᠰᠤᠳᠤᠯᠬᠤ ᠠᠵᠢᠯᠯᠠᠭ᠎ᠠ᠎ᠳᠤ ᠤᠷᠤᠯᠴᠠᠵᠦ᠍᠂ ᠦᠪᠤᠷ ᠮᠤᠩᠭᠤᠯ᠎ᠤᠨ ᠨᠤᠳᠤᠬ ᠪᠡᠯᠴᠢᠭᠡᠷ᠎ᠤᠨ ᠠᠮᠢ ᠠᠬᠤᠢ᠎ᠶ᠋ᠢᠨ ᠨᠦᠬᠦᠪᠦᠷᠢ ᠦᠭ᠌ᠴᠦ ᠱᠠᠩᠨᠠᠬᠤ ᠲᠦᠷᠦ᠎ᠶ᠋ᠢᠨ ᠪᠤᠳᠤᠯᠭ᠎ᠠ᠎ᠶ᠋ᠢ ᠬᠡᠷᠡᠭ᠌ᠵᠢᠭᠦᠯᠦᠭ᠌ᠰᠡᠨ ᠪᠠᠢᠳᠠᠯ ᠵᠢᠴᠢ ᠰᠤᠶᠤᠯ ᠵᠢᠭᠤᠯᠴᠢᠯᠠᠯ᠎ᠤᠨ ᠬᠦᠭ᠌ᠵᠢᠯᠳᠠ᠎ᠶ᠋ᠢᠨ ᠪᠠᠢᠳᠠᠯ ᠵᠡᠷᠭᠡ᠎ᠶ᠋ᠢ ᠤᠢ᠍ᠢᠯᠠᠭᠠᠵᠦ᠍᠂ ᠲᠤᠱᠢᠶᠠᠯ᠎ᠢᠶᠠᠨ ᠨᠡᠩ ᠰᠠᠢᠳᠤᠷ ᠭᠦᠢᠴᠡᠳᠭᠡᠭᠦ᠌ ᠪᠤᠷᠤ ᠮᠠᠲᠧᠷᠢᠶᠠᠯ ᠬᠤᠷᠠᠮᠳᠤᠭᠤᠯᠪᠠ᠃
ᠸᠠᠩ ᠱᠢᠶᠤᠤ ᠬᠤᠨᠭ᠌ ᠡᠳᠦᠷ ᠲᠤᠳᠤᠮ᠎ᠤᠨ ᠠᠵᠢᠯ ᠠᠮᠢᠳᠤᠷᠠᠯ᠎ᠤᠨ᠎ᠢᠶᠠᠨ ᠴᠠᠭ ᠮᠥᠴᠨ ᠪᠤᠯᠭᠠᠨ᠎ᠢ ᠦᠪᠡᠷ᠎ᠤᠨ ᠲᠤᠱᠢᠶᠠᠯ ᠭᠦᠢᠴᠡᠳᠭᠡᠭᠦ᠌ ᠴᠠᠬ᠎ᠢᠶᠠᠨ ᠪᠤᠯᠭᠠᠨ ᠠᠵᠢᠯᠯᠠᠪᠠ᠃ 《ᠤᠯᠠᠨ ᠲᠦᠮᠡᠨ᠎ᠤ ᠶᠠᠷᠢᠬᠤ᠎ᠶ᠋ᠢ ᠰᠤᠨᠤᠰᠴᠤ᠌᠂ ᠤᠯᠠᠨ ᠲᠦᠮᠨᠨ᠎ᠲᠠᠢ ᠶᠠᠷᠢᠯᠴᠠᠵᠦ᠍᠂ ᠲᠡᠳᠡᠨᠡᠷ᠎ᠲᠤ ᠮᠢᠨᠦ᠍ ᠬᠠᠪᠰᠤᠷᠤᠨ ᠱᠢᠢᠳᠪᠤᠷᠢᠯᠡᠵᠦ᠍ ᠦᠭ᠌ᠭᠦ ᠴᠢᠬᠤᠯᠠᠳᠠᠢ ᠠᠰᠠᠭᠤᠳᠠᠯ ᠪᠠᠢᠬᠤ ᠡᠰᠡᠭᠦ᠎ᠶ᠋ᠢ᠎ᠨᠢ ᠤᠢ᠍ᠢᠯᠠᠭᠠᠳᠠᠬ᠂ ᠡᠳᠡᠭᠡᠷ ᠪᠤᠯ ᠴᠦᠮ ᠮᠢᠨᠦ᠍ ᠰᠠᠨᠠᠯ ᠬᠤᠷᠢᠶᠠᠬᠤ ᠠᠷᠭ᠎ᠠ ᠵᠠᠮ ᠪᠠ ᠢᠷᠡᠯᠳᠡ ᠰᠤᠷᠪᠤᠯᠵᠢ ᠪᠤᠯᠤᠨ᠎ᠠ》 ᠭᠡᠵᠦ᠍ ᠸᠠᠩ ᠱᠢᠶᠤᠤ ᠬᠤᠨᠭ᠌ ᠬᠡᠯᠡᠨ᠎ᠠ᠃
ᠠᠷᠪᠠᠭᠠᠳ ᠡᠳᠦᠷ᠎ᠤᠨ ᠲᠠᠷᠠᠭ᠎ᠠ᠂ ᠸᠠᠩ ᠱᠢᠶᠤᠤ ᠬᠤᠨᠭ᠌ ᠦᠪᠤᠷ ᠮᠤᠩᠭᠤᠯ᠎ᠳᠤ ᠰᠠᠭᠤᠭ᠎ᠠ ᠪᠤᠰᠤᠳ ᠪᠦᠭᠦ᠌ ᠤᠯᠤᠰ᠎ᠤᠨ ᠠᠷᠠᠳ᠎ᠤᠨ ᠲᠦᠯᠦᠭᠡᠯᠡᠭ᠌ᠴᠢᠳ᠎ᠲᠠᠢ ᠬᠠᠮᠳᠣ ᠨᠡᠢᠰᠯᠡᠯ ᠪᠡᠭᠡᠵᠢᠩ᠎ᠳᠤ ᠬᠦᠷᠴᠦ᠍᠂ ᠶᠡᠭᠡ ᠬᠤᠷᠠᠯ᠎ᠳᠤ ᠤᠷᠤᠯᠴᠠᠨ ᠲᠤᠱᠢᠶᠠᠯ᠎ᠢᠶᠠᠨ ᠭᠦᠢᠴᠡᠳᠭᠡᠭᠦ᠌ ᠪᠤᠯᠤᠨ᠎ᠠ᠃ 《ᠪᠢ ᠯᠠᠪᠳᠠᠢ ᠤᠯᠠᠨ᠎ᠤ ᠨᠠᠢᠳᠠᠯᠭ᠎ᠠ᠎ᠶ᠋ᠢ ᠬᠦᠰᠡᠷᠳᠡᠭᠦᠯᠭᠦ᠌ ᠦᠭᠡᠢ᠎ᠪᠠᠷ ᠠᠷᠠᠳ ᠲᠦᠮᠡᠨ᠎ᠤ ᠤᠷᠤᠯᠠᠨ ᠦᠭᠦᠯᠡᠭ᠌ᠴᠢ ᠪᠤᠯᠤᠨ᠎ᠠ》 ᠭᠡᠵᠦ᠍ ᠸᠠᠩ ᠱᠢᠶᠤᠤ ᠬᠤᠨᠭ᠌ ᠬᠡᠯᠡᠨ᠎ᠠ᠃