ᠴᠠᠬᠠᠷ ᠪᠠᠷᠠᠭᠤᠨ ᠭᠠᠷᠤᠨ ᠬᠤᠢᠲᠤ ᠬᠤᠱᠢᠭᠤᠨ᠎ᠳᠤ 《ᠾᠸᠤ ᠴᠢ ᠬᠤᠨᠭ᠌》 ᠬᠡᠬᠦ᠌ ᠲᠡᠯᠡᠬᠡᠢ᠎ᠶ᠋ᠢᠨ ᠠᠯᠳᠠᠨ ᠱᠠᠩᠨᠠᠯ᠎ᠢ ᠬᠦᠷᠳᠡᠭ᠌ᠰᠡᠨ ᠲᠦᠮᠦᠰᠤᠨᠤ ᠲᠦᠷᠦᠯ ᠲᠡᠮᠳᠡᠭ ᠪᠠᠢᠳᠠᠭ᠃ ᠲᠤᠰ ᠲᠦᠮᠦᠰᠤ ᠤᠯᠠᠭᠠᠨ ᠬᠠᠯᠢᠰᠤ᠎ᠲᠠᠢ᠂ ᠱᠢᠬᠢᠷᠯᠢᠭ ᠠᠮᠳᠠ᠎ᠲᠠᠢ ᠪᠠᠢᠳᠠᠭ ᠪᠤᠯᠬᠤᠷ ᠤᠯᠤᠰ᠎ᠤᠨ ᠲᠤᠳᠤᠭᠠᠳᠤ ᠭᠠᠳᠠᠭᠠᠳᠤ᠎ᠳᠤ ᠪᠤᠷᠤᠯᠠᠭᠤᠯᠤᠭ᠍ᠳᠠᠵᠤ᠂ ᠰᠦᠯᠵᠢᠶᠠᠨ ᠲᠡᠭᠡᠷ᠎ᠠ ᠵᠢᠩ᠎ᠳᠡᠭᠡᠨ 9 ᠲᠦᠭᠦᠷᠢᠭ ᠬᠦᠷᠴᠤ᠌ ᠪᠠᠢᠪᠠ᠃
ᠳ᠋ᠠ ᠯᠢᠦ ᠬᠤᠤ ᠪᠠᠯᠭᠠᠰᠤ ᠠᠷᠭ᠎ᠠ ᠤᠬᠠᠭᠠᠨ ᠰᠤᠪᠢᠵᠦ᠍᠂ ᠡᠨᠡ ᠬᠦ᠌ ᠱᠢᠯᠢᠳᠡᠭ ᠲᠠᠷᠢᠶᠠᠯᠡᠩ᠎ᠤᠨ ᠪᠦᠲᠦᠭᠡᠭ᠌ᠳᠡᠬᠦᠨ᠎ᠤ ᠠᠵᠤ ᠤᠢ᠍ᠢᠯᠡᠰ᠎ᠢ ᠬᠦᠭ᠌ᠵᠢᠭᠦᠯᠵᠡᠢ᠃ ᠡᠷᠢᠶᠠᠨ᠎ᠠᠴᠠ ᠭᠤᠸᠠᠩᠵᠸᠤ ᠬᠦᠷᠬᠦ᠌ ᠲᠦᠷᠭᠡᠨ᠎ᠤ ᠵᠠᠰᠠᠮᠠᠯ ᠵᠠᠮ ᠵᠡᠷᠭᠡ 5 ᠵᠤᠷᠪᠤᠰ ᠵᠠᠰᠠᠮᠠᠯ ᠵᠠᠮ ᠲᠤᠰ ᠪᠠᠯᠭᠠᠰᠤ᠎ᠪᠠᠷ ᠦᠡᠭ᠌ᠭᠡᠷᠡᠨ᠂ ᠵᠢᠨᠢᠩ᠎ᠠᠴᠠ 25 ᠺᠢᠯᠦᠮᠧᠲᠷ ᠯᠡ ᠵᠠᠢᠲᠠᠢ ᠭᠠᠵᠠᠷ ᠵᠦᠢ᠎ᠶ᠋ᠢᠨ ᠪᠠᠢᠷᠢᠱᠢᠯ ᠵᠠᠮ ᠬᠠᠷᠢᠯᠴᠠᠭᠠᠨ᠎ᠤ ᠲᠠᠪᠠᠭᠤᠯᠢᠭ᠎ᠲᠠᠢ ᠪᠤᠯᠬᠤᠷ ᠡᠷᠲᠡᠨ᠎ᠠᠴᠠ᠎ᠪᠠᠨ ᠠᠷᠠᠯᠵᠢᠶ᠎ᠠ ᠬᠤᠳᠠᠯᠳᠤᠭᠠᠨ᠎ᠤ ᠵᠠᠮ ᠪᠤᠯᠵᠤ ᠪᠠᠢᠵᠠᠢ᠃ ᠲᠤᠰ ᠪᠠᠯᠭᠠᠰᠤᠨ᠎ᠤ 7.6 ᠲᠦᠮᠨᠨ ᠮᠦ᠍ ᠲᠡᠷᠢᠶᠠᠠ ᠭᠠᠵᠠᠷ᠎ᠤᠨ 4.5 ᠲᠦᠮᠡᠨ ᠮᠦ᠍ᠨᠢ ᠤᠰᠤᠯᠠᠯᠲᠠ᠎ᠶ᠋ᠢᠨ ᠲᠠᠷᠢᠶ᠎ᠠ ᠪᠤᠯᠤᠨ᠎ᠠ᠃ ᠨᠢᠳᠤᠨᠤᠨ ᠲᠤᠰ ᠬᠤᠱᠢᠭᠤ 《ᠾᠸᠤ ᠴᠢ ᠬᠤᠨᠭ᠌》 ᠬᠡᠮᠡᠬᠦ᠌ ᠲᠦᠮᠦᠰᠤᠠᠤ ᠲᠦᠷᠦᠯ ᠲᠡᠮᠳᠡᠭ᠎ᠢᠶᠠᠨ ᠪᠤᠵᠠᠭᠠᠢᠷᠠᠭᠤᠯᠬᠤ᠎ᠶ᠋ᠢᠨ ᠲᠦᠯᠦᠭᠡ ᠬᠦᠴᠦ᠎ᠪᠠᠨ ᠲᠦᠪᠯᠡᠷᠡᠭᠦᠯᠦᠨ ᠲᠤᠰ ᠪᠠᠯᠭᠠᠰᠤᠨ᠎ᠳᠤ 260 ᠭᠠᠷᠤᠢ ᠮᠦ᠍ ᠭᠠᠵᠠᠷ ᠡᠵᠡᠯᠡᠬᠦ᠌ ᠲᠦᠮᠦᠰᠤᠨᠤ ᠱᠢᠨᠵᠢᠯᠡᠬᠦ᠌ ᠤᠬᠠᠭᠠᠠ ᠲᠧᠭ᠌ᠨᠢᠭ ᠮᠡᠷᠭᠡᠵᠢᠯ᠎ᠤᠨ ᠵᠢᠱ᠌ᠢᠶ᠎ᠠ ᠦᠵᠡᠭᠦᠯᠬᠦ᠌ ᠬᠦᠷᠢᠶᠠᠯᠡᠩ ᠪᠠᠢᠭᠤᠯᠵᠤ᠂ 《ᠾᠸᠤ ᠴᠢ ᠬᠤᠨᠭ᠌》 ᠡᠭᠦᠯᠳᠡᠷ᠎ᠤᠨ ᠲᠦᠷᠦᠯ ᠵᠦᠢᠯ᠎ᠢ ᠬᠦᠴᠦᠷᠬᠡᠭ᠌ᠵᠢᠭᠦᠯᠦᠨ᠂ ᠬᠤᠱᠢᠭᠤᠨ᠎ᠤ᠎ᠪᠠᠨ ᠲᠦᠮᠦᠰᠤᠨᠤ ᠠᠵᠤ ᠤᠢ᠍ᠢᠯᠡᠰ᠎ᠢ ᠱᠢᠨ᠎ᠠ ᠲᠡᠭ᠌ᠳᠡᠷ᠎ᠲᠤ ᠭᠠᠷᠭᠠᠬᠤ᠎ᠪᠠᠷ ᠵᠤᠷᠢᠪᠠ᠃ ᠲᠤᠰ ᠪᠠᠯᠭᠠᠰᠤ 217 ᠲᠡᠭ᠌ᠰᠢ ᠲᠦᠷᠪᠡᠯᠵᠢᠨ ᠺᠢᠯᠦᠮᠧᠲᠷ ᠭᠠᠵᠠᠷ ᠡᠵᠡᠯᠡᠨ᠂ ᠬᠠᠷᠢᠶᠠᠨ᠎ᠳᠤᠨᠢ 8 ᠲᠤᠰᠭᠤᠨ᠂ 46 ᠪᠠᠢᠭᠠᠯᠢᠯᠢᠭ ᠲᠤᠰᠭᠤᠨ᠂ ᠪᠠᠢᠡᠭ᠌ᠭᠤ ᠰᠠᠭᠤᠭ᠎ᠠ 5322 ᠬᠦᠮᠦᠨ᠂ 12 ᠠᠵᠤ ᠠᠬᠤᠢ᠍ᠢᠯᠠᠯ᠎ᠲᠠᠢ᠃ 2018 ᠤᠨ᠎ᠳᠤ᠂ ᠠᠳᠡᠬᠢ ᠶᠠᠳᠠᠭᠤ ᠬᠦᠴᠢᠷᠳᠠᠯ᠎ᠲᠠᠢ ᠬᠦᠮᠦᠰ ᠭᠠᠵᠡᠷ ᠱᠢᠷᠤᠢ᠎ᠪᠠᠨ ᠭᠠᠳᠠᠭ᠍ᠰᠢ ᠲᠠᠭᠠᠭᠠᠴᠢᠯᠠᠭᠤᠯᠬᠤ᠂ ᠬᠦᠯᠦᠰᠦᠨ ᠠᠵᠢᠯ ᠬᠢᠬᠦ᠌ ᠵᠢᠴᠢ ᠬᠤᠷᠱᠢᠶᠠᠨ᠎ᠳᠤ ᠬᠤᠪᠢ ᠤᠷᠤᠵᠤ ᠠᠱᠢᠭ ᠬᠤᠪᠢᠶᠠᠷᠢᠯᠠᠬᠤ ᠵᠡᠷᠭᠡ ᠠᠷᠭ᠎ᠠ᠎ᠪᠠᠷ ᠬᠦᠮᠦᠨ ᠲᠤᠮᠳᠠᠴᠢ᠎ᠶ᠋ᠢᠨ ᠤᠷᠤᠯᠭ᠎ᠠ 1.1 ᠲᠦᠮᠡᠡ ᠲᠦᠭᠦᠷᠢᠭ᠎ᠲᠤ ᠬᠦᠷᠴᠤ᠌ ᠶᠠᠳᠠᠭᠤ ᠮᠠᠯᠠᠭᠠᠢ᠎ᠪᠠᠨ ᠲᠠᠶᠠᠭ᠍ᠳᠠᠪᠠ᠃ ᠲᠡᠭᠡᠪᠡᠯ ᠶᠠᠳᠠᠭᠤ᠎ᠠᠴᠠ ᠠᠩᠬᠢᠵᠢᠷᠠᠭ᠍ᠰᠠᠨᠤ ᠲᠠᠷᠠᠭ᠎ᠠ ᠬᠡᠷᠬᠢᠨ ᠴᠢᠨᠡᠭᠡᠯᠢᠭ᠌ᠵᠢᠭᠦ᠌ ᠪᠢᠯᠡ? ᠬᠦᠳᠡᠭᠡ ᠲᠤᠰᠭᠤᠨ᠎ᠢ ᠭᠦᠭ᠌ᠵᠢᠭᠦᠯᠦᠨ ᠮᠠᠨᠳᠤᠭᠤᠯᠬᠤ ᠵᠠᠮ ᠬᠠᠮᠢᠭ᠎ᠠ ᠪᠠᠢᠨ᠎ᠠ? ᠵᠡᠷᠬᠡ ᠠᠰᠠᠭᠤᠯᠲᠠ ᠲᠤᠰ ᠪᠠᠯᠭᠠᠰᠤᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ᠎ᠤ ᠡᠮᠦᠨ᠎ᠠ ᠲᠠᠯᠪᠢᠭ᠍ᠳᠠᠵᠡᠢ᠃
ᠦᠨᠳᠤᠰᠤᠨ ᠱᠠᠲᠤᠨ᠎ᠳᠤ 27 ᠵᠢᠯ ᠠᠵᠢᠯᠯᠠᠬ᠍ᠰᠠᠠ ᠪᠠᠯᠭᠠᠰᠤᠨ᠎ᠤ ᠨᠠᠮ᠎ᠤᠨ ᠬᠤᠷᠢᠶᠠᠨ᠎ᠤ ᠱᠦᠵᠢ ᠯᠢ ᠴᠢ ᠹᠸᠡᠭ᠄ 《2017 ᠤᠨ᠎ᠳᠤ ᠲᠠᠷᠢᠶᠠᠴᠢᠳ᠎ᠤᠨ ᠲᠠᠷᠢᠭ᠍ᠰᠠᠨ ᠲᠦᠮᠦᠰᠤ ᠡᠯᠪᠡᠭ ᠬᠤᠷᠢᠶᠠᠯᠲᠠ ᠤᠯᠤᠭ᠍ᠰᠠᠠ ᠪᠤᠯᠪᠠᠴᠤ᠌ 〈ᠾᠸᠤ ᠴᠢ ᠬᠤᠨᠭ᠌〉 ᠵᠢᠩ᠎ᠳᠡᠭᠡᠨ ᠵᠦᠪᠬᠡᠨ 30 ᠮᠦᠡᠭ᠌ᠬᠦ ᠯᠡ ᠬᠦᠷᠴᠣ᠂ ᠲᠠᠷᠢᠬᠤ᠎ᠳᠤ ᠮᠦ᠍ ᠪᠦᠷᠢ᠎ᠳᠤ 2500 ᠲᠦᠭᠦᠷᠢᠭ ᠵᠠᠷᠤᠴᠠᠭᠤᠯᠤᠭ᠍ᠰᠠᠠ ᠪᠡᠯᠡ᠎ᠪᠠᠨ ᠴᠤ᠌ ᠤᠯᠵᠤ ᠢᠷᠡᠵᠥ᠍ ᠲᠠᠢᠯᠦᠭ᠌ᠰᠡᠨ ᠦᠭᠡᠢ᠃ ᠲᠡᠳᠡ ᠶᠠᠭᠠᠬᠢᠬᠤ᠎ᠪᠠᠨ ᠮᠡᠳᠡᠭᠦ᠌ ᠦᠭᠡᠢ ᠭᠠᠷ ᠨᠤᠬᠤᠯᠠᠨ ᠭᠠᠴᠢᠭ᠍ᠳᠠᠬᠤᠳᠤ ᠪᠢᠳᠡ ᠪᠠᠢᠴᠠᠭᠠᠨ ᠰᠤᠳᠤᠯᠤᠯᠲᠠ ᠬᠢᠬᠦ᠌᠎ᠪᠠᠷ ᠲᠠᠮᠵᠢᠨ᠂ ᠨᠠᠮ᠎ᠤᠨ ᠪᠠᠢᠭᠤᠯᠤᠯᠳᠠ ᠬᠦᠳᠤᠯᠤᠠ ᠲᠡᠭᠠᠭᠤᠯᠵᠥ᠍᠂ ᠪᠤᠬᠢᠷᠳᠤᠯ ᠦᠭᠡᠢ ᠪᠠᠢᠭᠠᠯᠢᠯᠢᠭ ᠲᠠᠷᠢᠶᠠᠯᠡᠩᠢ ᠬᠦᠭ᠌ᠵᠢᠭᠦᠯᠬᠦ᠌ ᠵᠠᠮ᠎ᠢᠶᠠᠷ ᠵᠠᠮᠨᠠᠵᠤ᠂ ᠨᠢᠭᠡ᠂ ᠬᠤᠶᠠᠷ᠂ ᠭᠤᠷᠪᠠᠳᠤᠭᠠᠷ ᠠᠵᠤ ᠤᠢ᠍ᠢᠯᠡᠰ᠎ᠤᠨ ᠠᠭᠤᠰᠤᠯᠴᠠᠨ ᠭᠦᠭ᠌ᠵᠢᠬᠦ᠌ᠶ᠋ᠢ ᠠᠬᠢᠭᠤᠯᠵᠤ᠂ ᠤᠷᠤᠯᠭ᠎ᠠ᠎ᠶ᠋ᠢᠨ ᠦᠷᠭᠦᠯᠵᠢᠯᠨᠨ ᠨᠡᠮᠡᠭ᠌ᠳᠡᠬᠦ᠌᠎ᠶ᠋ᠢ ᠪᠠᠳᠤᠯᠠᠨ᠂ ᠲᠦᠷᠭᠡᠨ ᠪᠠᠶᠠᠵᠢᠭᠤᠯᠬᠤ ᠱᠢᠢᠳᠪᠤᠷᠢ ᠭᠠᠷᠭᠠᠵᠠᠢ》 ᠬᠡᠵᠤ ᠲᠡᠢᠯᠪᠤᠷᠢᠯᠠᠠ ᠲᠡᠨᠢᠯᠴᠠᠭᠤᠯᠪᠠ᠃
2018 ᠤᠨ᠎ᠳᠤ᠂ ᠪᠠᠯᠭᠠᠰᠤᠠ᠎ᠠᠴᠠ ᠹᠦ᠋ ᠶᠤᠸᠠᠨ ᠲᠤᠰᠭᠤᠨ᠎ᠤ ᠠᠵᠤ ᠠᠬᠤᠢ᠍ᠢᠯᠠᠯ᠎ᠤᠨ ᠬᠤᠯᠪᠤᠭᠠᠳᠤ ᠨᠠᠮ᠎ᠤᠨ ᠡᠭᠦᠷ ᠪᠠᠢᠭᠤᠯᠵᠤ᠂ ᠬᠠᠷᠢᠭᠤᠴᠠᠯᠭᠠᠳᠤ ᠰᠡᠳᠭᠢᠯᠭᠡ᠎ᠪᠠᠷ ᠴᠢᠩᠭ᠎ᠠ ᠴᠡᠷᠢᠭ᠎ᠠᠴᠠ ᠬᠠᠯᠠᠭ᠍ᠳᠠᠭ᠍ᠰᠠᠠ ᠯᠢᠦ ᠬᠠᠢ ᠵᠢᠶᠦ᠋ᠨ᠎ᠢ ᠨᠡᠮ᠎ᠤᠨ ᠡᠭᠦᠷ᠎ᠤᠨ ᠱᠦᠵᠢ ᠪᠦᠭᠡᠳ ᠬᠤᠨᠭ᠌ ᠳ᠋ᠠ ᠮᠠᠯ ᠠᠵᠤ ᠠᠬᠤᠢ ᠲᠡᠷᠢᠶᠠᠯᠠᠩ᠎ᠤᠨ ᠺᠤᠮᠫᠠᠨᠢ᠎ᠶ᠋ᠢᠨ ᠶᠠᠷᠤᠩᠬᠡᠢ ᠲᠠᠭᠠᠭᠠᠮᠠᠯ᠎ᠤᠨ ᠲᠤᠱᠢᠶᠠᠯ᠎ᠳᠤ ᠲᠤᠮᠢᠯᠠᠵᠠᠢ᠃ ᠡᠬᠦᠨ᠎ᠳᠤ 12 ᠠᠵᠤ ᠠᠬᠤᠢ᠍ᠢᠯᠠᠯ᠂ 82 ᠲᠠᠷᠢᠶᠠᠯᠠᠬᠤ ᠲᠤᠮᠤ ᠡᠷᠤᠬᠡ ᠨᠠᠮ᠎ᠤᠨ ᠡᠭᠦᠷ᠎ᠤᠨ ᠬᠡᠱᠢᠬᠦᠨ ᠪᠤᠯᠪᠠ᠃ ᠹᠦ᠋ ᠶᠤᠸᠠᠨ ᠲᠤᠰᠭᠤᠨ᠎ᠤ ᠠᠵᠤ ᠠᠬᠤᠢ᠍ᠢᠯᠠᠯ᠎ᠤᠨ ᠬᠤᠯᠪᠤᠭᠠᠳᠤ ᠨᠠᠮ᠎ᠤᠨ ᠡᠭᠦᠷ᠎ᠲᠤ ᠲᠤᠰ ᠪᠠᠯᠭᠠᠰᠤ᠎ᠶ᠋ᠢ ᠲᠠᠭᠠᠭᠠᠴᠢᠯᠡᠨ ᠲᠡᠳᠬᠦᠵᠤ ᠪᠠᠢᠭ᠎ᠠ ᠬᠤᠱᠢᠭᠤᠨ᠎ᠤ ᠲᠠᠷᠢᠶᠠᠯᠡᠩ᠎ᠤᠨ ᠪᠠᠩᠬᠢ᠂ ᠲᠤᠮᠳᠠᠳᠤ ᠤᠯᠤᠰ᠎ᠤᠨ ᠷᠧᠨ ᠱᠸᠤ ᠬᠤᠪᠢ ᠤᠷᠤᠭᠤᠯᠤᠭ᠍ᠰᠠᠨ ᠬᠢᠵᠠᠭᠠᠷᠲᠤ ᠺᠤᠮᠫᠠᠨᠢ᠎ᠶ᠋ᠢᠨ ᠲᠠᠭᠠᠭᠠᠴᠢᠯᠡᠨ ᠲᠡᠳᠬᠦᠬᠦ᠌ ᠺᠠᠳ᠋ᠷᠴᠤᠳ ᠭᠤᠷᠪᠠᠨ ᠲᠠᠯ᠎ᠠ᠎ᠪᠠᠷ ᠬᠠᠮᠲᠤᠷᠠᠨ᠂ ᠠᠵᠤ ᠠᠬᠤᠢ᠍ᠢᠯᠠᠯ᠂ ᠲᠠᠷᠢᠶᠠᠯᠠᠬᠤ ᠲᠤᠮᠤ ᠡᠷᠤᠭᠡ᠎ᠳᠤ ᠲᠤᠤᠷ᠎ᠠ ᠬᠦᠤ᠎ᠲᠠᠢ ᠵᠢᠭᠡᠯᠡᠯᠭᠡ ᠤᠯᠭᠤᠵᠥ᠍᠂ ᠠᠵᠤ ᠠᠬᠤᠢ᠍ᠢᠯᠠᠯ᠎ᠤᠨ ᠬᠦᠳᠤᠯᠤᠨ ᠲᠠᠭᠠᠭᠤᠯᠬᠤ ᠪᠤᠳᠠᠳᠤ ᠬᠦᠴᠤᠨ᠎ᠢ ᠴᠢᠩᠭᠠᠳᠭᠠᠵᠥ᠍᠂ ᠬᠡᠷᠡᠭ᠌ᠵᠢᠭᠦᠯᠦᠭ᠌ᠰᠨᠨ 《ᠶᠠᠳᠠᠭᠤᠷᠠᠬᠤ᠎ᠠᠴᠠ ᠰᠡᠷᠭᠡᠢᠯᠡᠬᠦ᠌》 ᠲᠠᠭᠠᠳᠭᠠᠯ᠎ᠨᠢ ᠶᠠᠳᠠᠭᠤ᠎ᠠᠴᠠ ᠠᠩᠬᠢᠵᠢᠷᠠᠭ᠍ᠰᠠᠨ ᠲᠤᠰᠭᠤᠨ᠎ᠤ ᠠᠷᠠᠳ᠎ᠤᠨ ᠬᠤᠢᠱᠢᠳᠠ᠎ᠶ᠋ᠢᠨ ᠵᠤᠪᠠᠨᠢᠯ᠎ᠢ ᠠᠷᠢᠯᠭᠠᠵᠠᠢ᠃ ᠪᠡᠯᠡ ᠮᠦᠡᠭ᠌ᠬᠦ᠂ ᠲᠦᠷᠦ᠎ᠶ᠋ᠢᠨ ᠪᠤᠳᠤᠯᠭ᠎ᠠ᠎ᠲᠠᠢ ᠪᠤᠯᠤᠭ᠍ᠰᠠᠨ᠎ᠤ ᠲᠠᠷᠠᠭ᠎ᠠ᠂ ᠲᠤᠰᠭᠤᠨ᠎ᠤ ᠲᠠᠷᠢᠶᠠᠯᠠᠬᠤ ᠲᠤᠮᠤ ᠡᠷᠤᠬᠡ ᠲᠤᠰᠭᠤᠨ᠎ᠤ ᠠᠷᠠᠳ᠎ᠤᠨ ᠭᠠᠵᠠᠷ ᠱᠢᠷᠤᠢ᠎ᠶ᠋ᠢ ᠨᠢᠭᠡᠳᠭᠡᠵᠤ᠂ ᠵᠢᠵᠢᠭ ᠲᠠᠷᠠᠬᠠᠢ ᠲᠠᠷᠢᠬᠤ ᠬᠡᠯᠪᠡᠷᠢ᠎ᠶ᠋ᠢ ᠬᠤᠪᠢᠷᠠᠭᠤᠯᠵᠤ ᠬᠡᠪᠴᠢᠶᠠᠵᠢᠭᠦᠯᠦᠨ ᠲᠠᠷᠢᠪᠠ᠃ ᠡᠬᠦᠨ᠎ᠤ ᠬᠠᠮᠲᠤ ᠪᠠᠯᠭᠠᠰᠤᠨ᠎ᠤ ᠵᠠᠰᠠᠭ᠎ᠤᠨ ᠤᠷᠳᠤᠨ ᠴᠢᠳᠠᠪᠤᠷᠢᠲᠡᠨ ᠤᠷᠤᠭᠤᠯᠤᠨ᠂ ᠲᠠᠷᠢᠶᠠᠯᠠᠬᠤ ᠡᠷᠤᠬᠡ᠎ᠳᠤ ᠲᠠᠷᠢᠬᠤ᠎ᠠᠴᠠ ᠡᠮᠦᠨ᠎ᠠ᠂ ᠲᠠᠷᠢᠬᠤ ᠶᠠᠪᠤᠴᠠ ᠪᠠ ᠲᠠᠷᠢᠭ᠍ᠰᠠᠨᠤ ᠲᠠᠷᠠᠭ᠎ᠠ ᠪᠦᠬᠦ᠌ ᠲᠡᠯ᠎ᠠ᠎ᠪᠠᠷ ᠤᠢ᠍ᠢᠯᠠᠴᠢᠯᠡᠭᠡ ᠬᠠᠨᠭ᠌ᠭᠠᠵᠤ ᠦᠢᠯᠡᠳᠪᠤᠷᠢᠯᠡᠯ᠎ᠤᠨ ᠦᠷ᠎ᠠ ᠠᠱᠢᠭ᠎ᠢ ᠲᠡᠭᠡᠭ᠌ᠰᠢᠯᠡᠭᠦᠯᠪᠡ; ᠲᠤᠰ ᠪᠠᠯᠭᠠᠰᠤ ᠪᠠᠰᠠ ᠬᠤᠨᠭ᠌ ᠳ᠋ᠠ ᠮᠠᠯ ᠠᠵᠤ ᠠᠬᠤᠢ ᠲᠡᠷᠢᠶᠠᠯᠠᠩ᠎ᠤᠨ ᠬᠢᠵᠠᠭᠠᠷᠲᠤ ᠺᠤᠮᠫᠠᠨᠢ᠂ ᠲᠤᠮᠳᠠᠳᠤ ᠤᠯᠤᠰ᠎ᠤᠨ ᠷᠧᠨ ᠱᠸᠤ ᠲᠠᠭᠠᠳᠭᠠᠯ᠎ᠤᠨ ᠺᠤᠮᠫᠠᠨᠢ᠎ᠲᠠᠢ ᠬᠠᠮᠲᠤᠷᠠᠨ᠂ 《ᠬᠤᠨᠭ᠌ ᠳ᠋ᠠ ᠯᠸᠡᠭ ᠯᠢᠶᠠᠩ》 ᠬᠡᠬᠦ᠌ ᠲᠠᠸᠠᠷ᠎ᠤᠨ ᠲᠠᠮᠳᠡᠭ᠎ᠢ ᠲᠠᠩᠰᠠᠯᠠᠭᠤᠯᠵᠤ᠂ ᠪᠤᠭᠤᠳᠠᠯᠯᠠᠬᠤ ᠤᠬᠢᠶᠠᠬᠤ ᠤᠢ᠍ᠢᠯᠡᠳᠪᠤᠷᠢ᠎ᠶ᠋ᠢᠨ ᠲᠠᠰᠤᠭ᠂ 2 ᠲᠦᠮᠡᠨ ᠲᠤᠨ᠎ᠤ ᠪᠠᠭ᠍ᠳᠠᠭᠠᠮᠵᠢ᠎ᠲᠠᠢ ᠲᠤᠭ᠍ᠳᠠᠮᠠᠯ ᠲᠤᠯᠠᠭᠠᠨ᠎ᠲᠤ ᠵᠤᠭᠤᠷᠢ᠂ 7200 ᠲᠡᠭ᠌ᠰᠢ ᠲᠦᠷᠪᠡᠯᠵᠢᠨ ᠮᠧᠲᠷ᠎ᠤᠨ ᠲᠠᠯᠠᠪᠠᠢ᠎ᠲᠠᠢ ᠲᠠᠷᠢᠶᠠᠯᠠᠩ᠎ᠤᠨ ᠪᠦᠲᠦᠭᠡᠭ᠌ᠳᠡᠬᠦᠨ ᠬᠠᠳᠠᠭᠠᠯᠠᠬᠤ ᠬᠦᠮᠦᠷᠭᠡ ᠪᠠᠢᠭᠤᠯᠤᠨ᠂ ᠬᠠᠮᠢᠶ᠎ᠠ ᠪᠦᠬᠦᠢ ᠮᠠᠱᠢᠨ ᠲᠤᠨᠤᠭ ᠬᠤᠳᠠᠯᠳᠤᠨ ᠠᠪᠴᠤ᠌ ᠲᠦᠬᠦᠷᠵᠢᠬᠦᠯᠵᠡᠢ᠃ ᠹᠦ᠋ ᠶᠤᠸᠠᠨ ᠲᠤᠰᠭᠤᠨ᠎ᠤ ᠠᠵᠤ ᠠᠬᠤᠢ᠍ᠢᠯᠠᠯ᠎ᠤᠨ ᠬᠤᠯᠪᠤᠭᠠᠲᠤ ᠨᠠᠮ᠎ᠤᠨ ᠡᠭᠦᠷ᠎ᠤᠨ ᠱᠦᠵᠢ ᠯᠢᠦ ᠬᠠᠢ ᠵᠢᠶᠦ᠋ᠨ᠄ 《ᠪᠤᠭᠤᠳᠠᠯᠯᠠᠬᠤ ᠤᠬᠢᠶᠠᠬᠤ ᠤᠢ᠍ᠢᠯᠡᠳᠪᠤᠷᠢ᠎ᠶ᠋ᠢᠨ ᠲᠠᠰᠤᠭ ᠢᠳᠡᠱᠢᠨ ᠨᠤᠭᠤᠭ᠎ᠠ᠎ᠶ᠋ᠢᠨ ᠦᠨᠳᠤᠰᠤ᠎ᠶ᠋ᠢ ᠠᠪᠴᠤ᠌᠂ ᠲᠦᠮᠦᠰᠤᠨᠤ ᠬᠠᠯᠢᠰᠤ᠎ᠶ᠋ᠢ ᠠᠷᠢᠯᠭᠠᠠ᠂ ᠬᠡᠷᠡᠭ᠌ᠯᠡᠭ᠌ᠴᠢᠳ ᠬᠠᠮ ᠲᠡᠯᠭᠡᠭᠦᠷ᠎ᠠᠴᠠ ᠬᠤᠳᠠᠯᠳᠤᠨ ᠠᠪᠤᠭ᠍ᠰᠠᠨ ᠢᠳᠡᠱᠢᠨ ᠨᠤᠭᠤᠭ᠎ᠠ᠎ᠶ᠋ᠢ ᠤᠬᠢᠶᠠᠬᠤ ᠴᠡᠪᠡᠷᠯᠡᠬᠦ᠌ ᠴᠢᠬᠤᠯᠠ ᠦᠭᠡᠢ᠂ ᠱᠢᠭᠤᠳ ᠵᠠᠭᠤᠰᠢ ᠬᠢᠵᠤ ᠪᠤᠯᠬᠤ ᠪᠤᠯᠭᠠᠪᠠ᠃ ᠲᠠᠬᠢᠪᠠᠯ ᠦᠯᠡᠳᠡᠭ᠌ᠰᠨᠨ ᠢᠳᠡᠱᠢᠨ ᠨᠤᠭᠤᠭ᠎ᠠ᠎ᠶ᠋ᠢᠨ ᠦᠨᠳᠤᠰᠤ᠂ ᠲᠦᠮᠦᠰᠤᠨ ᠬᠠᠯᠢᠰᠤ᠎ᠶ᠋ᠢ ᠱᠢᠭᠤᠳ ᠡᠳ᠋ᠱᠢᠭᠦᠯᠦᠨ ᠤᠷᠭᠠᠨᠢᠭ ᠪᠤᠷᠳᠤᠭᠤᠷ ᠪᠤᠯᠭᠠᠭᠠᠳ ᠲᠠᠬᠢᠨ ᠲᠠᠷᠢᠶᠠᠨ ᠭᠠᠵᠠᠷ᠎ᠲᠤ ᠪᠤᠴᠠᠭᠠᠨ᠎ᠠ᠃ ᠢᠡᠭ᠌ᠬᠢᠵᠥ᠍ ᠲᠦᠭᠦᠮ ᠡᠳ᠋ᠱᠢᠭᠦᠯᠦᠭ᠌ᠰᠡᠨᠤ ᠲᠠᠷᠠᠭ᠎ᠠ ᠨᠤᠭᠤᠭ᠎ᠠ ᠲᠦᠮᠦᠰᠦᠨ᠎ᠤ ᠦᠨ᠎ᠠ ᠨᠡᠯᠢᠶᠠᠳ ᠦᠨᠳᠤᠷ ᠪᠤᠯᠵᠤ᠂ ᠤᠷᠭᠠᠨᠢᠭ ᠪᠤᠷᠳᠤᠭᠤᠷ ᠲᠠᠷᠢᠶᠠᠨ ᠭᠠᠵᠠᠷ᠎ᠲᠤ ᠤᠷᠤᠭ᠍ᠰᠠᠨ᠎ᠤ ᠲᠠᠷᠠᠭ᠎ᠠ ᠭᠠᠵᠠᠷ ᠱᠢᠷᠤᠢ᠎ᠶ᠋ᠢ ᠰᠠᠢᠵᠢᠷᠠᠭᠤᠯᠤᠨ᠎ᠠ》 ᠬᠡᠵᠤ ᠲᠠᠢᠯᠪᠤᠷᠢᠯᠠᠯᠠ᠃
ᠬᠡᠳᠦ᠋ᠢᠪᠡᠷ ᠶᠢᠰᠤ᠎ᠶ᠋ᠢᠨ ᠬᠦᠢᠲᠡᠨ ᠪᠠᠢᠬ᠍ᠰᠠᠠ ᠴᠤ᠌ ᠪᠠᠯᠭᠠᠰᠤᠨ᠎ᠤ ᠵᠡᠬᠦᠨ ᠪᠡᠶ᠎ᠠ᠎ᠪᠠᠷ ᠪᠠᠢᠷᠢᠯᠠᠭ᠎ᠠ ᠹᠸᠡᠭ ᠢᠤᠢ ᠲᠤᠰᠭᠤᠨ᠎ᠤ ᠠᠷᠠᠳ᠎ᠤᠳ ᠮᠦᠨ ᠶᠠᠭᠠᠷᠠᠭ᠍ᠰᠠᠭᠠᠷ᠃ 1 ᠰᠠᠷ᠎ᠠ᠎ᠶ᠋ᠢᠨ 14 ᠤ ᠦᠳᠡ᠎ᠶ᠋ᠢᠨ ᠬᠤᠢᠨ᠎ᠠ᠂ ᠲᠤᠰ ᠲᠤᠰᠭᠤᠨ᠎ᠤ ᠠᠵᠤ ᠠᠬᠤᠢ᠍ᠢᠯᠠᠯ᠎ᠤᠨ ᠬᠠᠷᠢᠭᠤᠴᠠᠯᠭᠠᠳᠠᠨ ᠵᠢᠩ ᠮᠢᠩ ᠦᠨᠳᠤᠷ ᠨᠤᠤᠰᠤᠨ ᠲᠡᠪᠡᠯ ᠡᠮᠦᠰᠦᠭᠡᠳ ᠴᠢᠷᠠᠢ ᠲᠦᠭᠦᠷᠡᠩ ᠢᠨᠢᠶᠠᠮᠰᠦᠭ᠌ᠯᠡᠯᠲᠠᠢ ᠲᠤᠰᠭᠤᠨ᠎ᠤ ᠠᠷᠠᠳ᠎ᠤᠨ ᠵᠦᠪᠯᠠᠯ᠎ᠤᠨ ᠬᠤᠷᠠᠯ᠎ᠤᠨ ᠭᠡᠷ᠎ᠲᠤ ᠤᠷᠤᠵᠤ ᠢᠷᠡᠯ᠎ᠡ᠃ 《ᠰᠠᠶᠢᠬᠠᠨ ᠴᠠᠬᠢᠯᠭᠠᠨ ᠬᠦᠴᠦᠨ᠎ᠤ ᠲᠤᠪᠴᠢᠶᠠᠨ᠎ᠤ ᠨᠦᠭᠦᠳ᠎ᠲᠠᠢ ᠵᠡᠬᠦᠨ ᠠᠭᠤᠯᠠᠨ᠎ᠠᠴᠠ ᠢᠷᠡᠯ᠎ᠠ᠂ ᠹᠸᠡᠭ ᠢᠦᠢ ᠲᠤᠰᠭᠤᠨ᠎ᠤ ᠵᠡᠬᠦᠨ ᠠᠭᠤᠯᠠ ᠬᠤᠱᠢᠭᠤᠨ᠎ᠤ ᠪᠠᠭ᠎ᠠ ᠰᠠᠪᠠ ᠤᠷᠤᠰᠭᠠᠯ᠎ᠢ ᠴᠡᠪᠡᠷᠯᠡᠵᠦ᠍ ᠤᠰᠤ ᠬᠦᠷᠦᠰᠤ᠎ᠶ᠋ᠢ ᠪᠠᠲᠤᠯᠠᠬᠤ ᠶᠠᠷᠤᠩᠬᠡᠢᠯᠡᠭ᠌ᠰᠡᠨ ᠵᠠᠰᠠᠯᠲᠠ᠎ᠶ᠋ᠢᠨ ᠢᠨᠵᠧᠨᠧᠷᠢᠩ᠎ᠳᠤ ᠤᠷᠤᠵᠤ᠂ 1000 ᠲᠦᠮᠡᠨ ᠲᠦᠭᠦᠷᠢᠭ᠎ᠤᠨ ᠪᠡᠯᠡ ᠤᠷᠤᠭᠤᠯᠬᠤ᠎ᠪᠠᠷ ᠪᠤᠢ᠃ ᠴᠠᠬᠢᠯᠭᠠᠨ᠎ᠤ ᠬᠦᠴᠦᠨ᠎ᠤ ᠲᠤᠪᠴᠢᠶᠠᠨ᠎ᠤ ᠨᠦᠭᠦᠳ 〈ᠤᠳᠤ ᠴᠠᠰᠤ ᠮᠦᠰᠤ᠎ᠲᠠᠢ ᠪᠤᠯᠬᠤᠷ 5 ᠰᠠᠷ᠎ᠠ᠎ᠳᠤ ᠤᠳᠠᠰᠤ ᠲᠠᠳᠠᠵᠤ ᠴᠠᠬᠢᠯᠭᠠᠨ ᠤᠷᠤᠭᠤᠯᠪᠠᠯ ᠶᠠᠮᠠᠷ ᠪᠤᠢ〉 ᠬᠡᠬᠦ᠌᠎ᠳᠤ ᠪᠢ 〈ᠬᠦᠯᠢᠶᠠᠵᠤ ᠪᠤᠯᠬᠤ ᠦᠬᠡᠢ᠂ ᠤᠳᠤ᠎ᠪᠠᠷ᠎ᠢᠶᠠᠨ ᠬᠦᠳᠡᠯᠵᠤ ᠴᠠᠬᠢᠯᠭᠠᠨ ᠤᠷᠤᠭᠤᠯᠬᠤ ᠬᠡᠷᠡᠭ᠌ᠲᠠᠢ᠂ ᠡᠰᠡ ᠲᠡᠭᠡᠪᠡᠯ ᠬᠠᠪᠤᠷ᠎ᠤᠨ ᠶᠠᠪᠤᠳᠠᠯ᠎ᠢ ᠰᠠᠭᠠᠳᠠᠭᠠᠵᠤ ᠮᠡᠳᠡᠨ᠎ᠠ〉 ᠬᠡᠯᠡ》 ᠬᠡᠵᠤ ᠬᠡᠯᠡᠯᠴᠠᠵᠥ᠍ ᠲᠤᠭ᠍ᠳᠠᠭ᠍ᠰᠠᠠ ᠪᠠᠢᠳᠠᠯ᠎ᠢᠶᠠᠨ ᠲᠠᠨᠢᠯᠴᠠᠭᠤᠯᠵᠦ᠍ ᠭᠠᠷᠤᠯ᠎ᠠ᠃
ᠬᠤᠯᠠ᠎ᠠᠴᠠ ᠬᠠᠷᠠᠬᠤ᠎ᠳᠤ ᠹᠸᠡᠭ ᠢᠦᠢ ᠲᠤᠰᠭᠤᠨ᠎ᠤ ᠤᠯᠠᠭᠠᠨ ᠸᠠᠭᠠᠷ ᠴᠠᠭᠠᠨ ᠬᠡᠷᠡᠮ᠎ᠲᠠᠢ ᠭᠡᠷ ᠪᠠᠢᠱᠢᠩ ᠬᠦᠮᠦᠰ᠎ᠤᠨ ᠬᠠᠷᠠᠭ᠎ᠠ᠎ᠶ᠋ᠢ ᠪᠤᠯᠢᠶᠠᠨ᠂ ᠲᠤᠰᠭᠤᠨ᠎ᠤ ᠠᠷᠠᠳ᠎ᠤᠨ ᠵᠦᠪᠯᠡᠯ᠎ᠤᠨ ᠰᠠᠭᠤᠭ᠎ᠠ ᠭᠠᠵᠠᠷ᠎ᠤᠨ ᠵᠡᠬᠦᠨ ᠲᠠᠯ᠎ᠠ᠎ᠳᠤ ᠪᠠᠢᠭ᠎ᠠ 1000 ᠮᠦ᠍ ᠠᠵᠤ ᠠᠬᠤᠢ᠎ᠶ᠋ᠢᠨ ᠤᠢ ᠬᠡᠰᠡᠭ ᠬᠡᠰᠡᠭ᠎ᠢᠶᠠᠷ ᠴᠠᠢᠷᠠᠨ ᠬᠠᠷᠠᠭ᠍ᠳᠠᠨ᠎ᠠ᠃ ᠵᠢᠮᠢᠰ ᠲᠡᠭᠦᠬᠦ᠌ ᠤᠯᠠᠷᠢᠯ ᠪᠤᠯᠤᠮᠠᠭ᠍ᠴᠠ ᠵᠢᠭᠤᠯᠴᠢᠯᠠᠭ᠍ᠰᠡᠳ ᠠᠳᠡ ᠴᠤᠭ᠍ᠯᠠᠷᠠᠨ ᠵᠢᠮᠢᠰ ᠲᠡᠭᠦᠳᠡᠭ᠃ ᠤᠳᠤ ᠹᠸᠡᠭ ᠢᠦᠢ ᠲᠤᠰᠭᠤᠨ᠎ᠤ ᠬᠠᠮᠲᠤ᠎ᠶ᠋ᠢᠨ ᠠᠵᠤ ᠠᠬᠤᠢ 50 ᠲᠦᠮᠡᠨ ᠲᠦᠭᠦᠷᠢᠭ᠎ᠢ ᠲᠠᠪᠠᠵᠤ᠂ 《ᠪᠦᠬᠦ᠌ ᠤᠯᠤᠰ᠎ᠤᠨ ᠬᠦᠳᠡᠭᠡ ᠲᠤᠰᠭᠤᠨ᠎ᠤ ᠵᠠᠰᠠᠯᠲᠠ᠎ᠶ᠋ᠢᠨ ᠵᠢᠱ᠌ᠢᠶ᠎ᠠ ᠦᠵᠡᠭᠦᠯᠬᠦ᠌ ᠲᠤᠰᠭᠤᠨ》᠂ 《ᠪᠦᠬᠦ᠌ ᠤᠯᠤᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠲᠤᠯᠬᠤ ᠨᠡᠢᠳᠡᠯᠢᠭ ᠲᠤᠷᠱᠢᠯᠭ᠎ᠠ ᠲᠡᠯᠭᠡᠷᠡᠭᠦᠯᠬᠦ᠌ ᠲᠤᠰᠭᠤᠨ》 ᠵᠡᠷᠭᠡ ᠤᠯᠤᠰ᠎ᠤᠨ ᠲᠡᠰ᠎ᠤᠨ ᠬᠤᠶᠠᠷ ᠢᠷᠡᠭᠤ ᠠᠯᠳᠠᠷ᠎ᠢ ᠬᠦᠷᠳᠡᠭ᠌ᠰᠡᠡ ᠪᠠᠢᠨ᠎ᠠ᠃ 《ᠮᠠᠨ᠎ᠤ ᠲᠤᠰᠭᠤᠨ ᠡᠨᠡ ᠵᠢᠯ ᠮᠠᠯᠴᠢᠨ ᠲᠠᠷᠢᠶᠠᠴᠢᠨ᠎ᠤ ᠪᠤᠯᠪᠠᠰᠤᠷᠠᠯ᠂ ᠵᠠᠯᠠᠭᠤᠴᠤᠳ ᠪᠠᠭᠠᠴᠤᠳ᠎ᠤᠨ ᠰᠤᠳᠤᠯᠤᠨ ᠰᠤᠷᠤᠯᠴᠠᠬᠤ ᠰᠠᠭᠤᠷᠢᠨ ᠪᠠᠢᠭᠤᠯᠬᠤ᠎ᠪᠠᠷ ᠲᠦᠯᠦᠪᠯᠡᠵᠤ᠂ ᠪᠠᠰᠠ ᠵᠡᠬᠦᠨ ᠠᠭᠤᠯᠠᠨ᠎ᠳᠤ ᠡᠪᠡᠰᠦᠨ ᠡᠮ ᠲᠠᠷᠢᠬᠤ ᠪᠤᠯᠪᠠᠰᠤᠷᠠᠯ᠂ ᠰᠤᠳᠤᠯᠤᠨ ᠰᠤᠷᠤᠯᠴᠠᠬᠤ ᠠᠭᠤᠯᠭ᠎ᠠ᠎ᠶ᠋ᠢ ᠡᠯᠪᠡᠭ᠌ᠵᠢᠭᠦᠯᠬᠦ᠌ᠪᠠᠷ ᠲᠦᠯᠦᠪᠯᠡᠵᠤ ᠪᠠᠢᠨ᠎ᠠ》 ᠬᠡᠵᠤ ᠵᠢᠩ ᠮᠢᠩ ᠲᠠᠨᠢᠯᠴᠠᠭᠤᠯᠪᠠ᠃
ᠯᠢ ᠴᠢ ᠹᠧᠡᠭ᠄ 《ᠡᠨᠡ ᠵᠢᠯ ᠪᠤᠯ 〈ᠠᠷᠪᠠᠨ ᠲᠦᠷᠪᠡᠳᠤᠭᠡᠷ ᠲᠠᠪᠤᠨ ᠵᠢᠯ〉 ᠤᠨ ᠲᠦᠯᠦᠪᠵᠢᠭᠦᠯᠭᠡ᠎ᠶ᠋ᠢᠨ ᠡᠬᠢᠯᠡᠯᠲᠡ᠎ᠶ᠋ᠢᠨ ᠵᠢᠯ᠂ ᠮᠠᠠ᠎ᠤ ᠪᠠᠯᠭᠠᠰᠤ ᠨᠢᠭᠡ ᠬᠤᠶᠠᠷ ᠭᠤᠷᠪᠠᠳᠤᠭᠠᠷ ᠠᠵᠤ ᠤᠢ᠍ᠢᠯᠡᠰ᠎ᠢ ᠠᠭᠤᠰᠤᠯᠴᠠᠭᠤᠯᠤᠨ ᠬᠦᠭ᠌ᠵᠢᠭᠦᠯᠬᠦ᠌᠎ᠶ᠋ᠢ ᠴᠢᠨᠠᠭ᠍ᠰᠢᠳᠠ ᠠᠬᠢᠭᠤᠯᠵᠤ᠂ ᠭᠤᠤᠯᠳᠠᠭᠤ ᠭᠤᠷᠪᠠᠨ ᠶᠡᠭᠡ ᠠᠵᠤ ᠤᠢ᠍ᠢᠯᠡᠰ᠎ᠤᠨ ᠲᠤᠭᠤᠷᠢᠨ᠎ᠳᠤ ᠠᠵᠢᠯ ᠬᠢᠨ᠎ᠠ》 ᠬᠡᠮᠠᠨ ᠶᠠᠷᠢᠵᠦ᠍ ᠪᠢᠯᠡ᠃