ᠦᠨᠳᠤᠰᠤᠳᠡᠨ᠎ᠤ ᠪᠦᠯᠭᠦᠮᠳᠠᠯ᠎ᠤᠨ 《ᠵᠢᠱ᠌ᠢᠶᠡᠴᠢ ᠰᠤᠷᠤᠬ᠍ᠴᠢ》 ᠪᠤᠯᠰᠤᠭᠠᠢ
2021-03-11 12:40:54
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠶᠡᠷᠦᠩᠭᠡᠢ ᠱᠦᠵᠢ ᠰᠢ᠎ᠶ᠋ᠢᠨ ᠫᠢᠡᠭ᠎ᠤᠨ ᠦᠪᠤᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠭᠦᠮ᠎ᠤᠨ ᠬᠢᠨᠠᠨ ᠵᠦᠪᠯᠡᠭᠦ᠎ᠳᠤ ᠤᠷᠤᠯᠴᠠᠬᠤ ᠦᠶ᠎ᠠ᠎ᠶ᠋ᠢᠨ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠵᠦ᠍ ᠲᠤᠭᠤᠱᠢᠯᠠᠭᠤᠯᠤᠨ ᠨᠠᠢᠳᠠᠪᠤᠷᠢᠵᠢᠭᠤᠯᠬᠤ ᠲᠤᠬᠠᠢ ᠲᠠᠪᠤᠨᠳᠠ ᠦᠭᠦᠯᠡᠭᠦ᠎ᠨᠢ

《ᠨᠢᠭᠡ ᠭᠠᠷ᠎ᠤᠨ ᠠᠯᠠᠭ᠎ᠠ᠎ᠶ᠋ᠢ ᠲᠡᠯᠭᠡᠪᠡᠰᠦ 〈ᠤᠯᠠᠨ ᠬᠤᠷᠤᠭᠤ〉 ᠪᠤᠯᠵᠦ᠍᠂ ᠵᠠᠩᠭᠢᠳᠪᠠᠰᠦ 〈ᠨᠢᠭᠡ ᠨᠢᠳᠤᠷᠭ᠎ᠠ〉 ᠪᠤᠯᠤᠨ᠎ᠠ᠃》 ᠰᠡᠳᠭᠢᠯ ᠨᠢᠭᠡᠳᠦᠨ ᠬᠦᠴᠤ᠎ᠪᠠᠨ ᠬᠠᠮᠳᠤᠳᠭᠠᠬᠤ᠎ᠨᠢ᠂ ᠬᠡᠵᠢᠶ᠎ᠡ ᠡᠭᠦᠷᠢᠳᠡ ᠠᠭᠤᠤ ᠶᠡᠭᠡ ᠦᠢᠯᠡᠰ᠎ᠢ ᠪᠦᠲᠦᠭᠡᠭᠦ᠌ ᠤᠷᠢᠳᠠᠴᠢ ᠨᠦᠭᠦᠴᠡᠯ ᠪᠠ ᠴᠢᠬᠤᠯᠠ ᠪᠠᠳᠤᠯᠠᠭ᠎ᠠ ᠪᠤᠯᠳᠠᠭ᠃

3 ᠰᠠᠷ᠎ᠠ᠎ᠶ᠋ᠢᠨ 5 ᠎ᠤ ᠡᠳᠦᠷ᠂ ᠶᠡᠷᠦᠩᠭᠡᠢ ᠱᠦᠵᠢ ᠰᠢ᠎ᠶ᠋ᠢᠨ ᠫᠢᠡᠭ ᠦᠪᠤᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠭᠦᠮ᠎ᠤᠨ ᠬᠢᠨᠡᠨ ᠵᠦᠪᠯᠡᠭᠦ᠎ᠳᠤ ᠤᠷᠤᠯᠴᠠᠬᠤ᠎ᠳᠠᠭᠠᠨ᠄ 《ᠦᠪᠤᠷ ᠮᠤᠩᠭᠤᠯ ᠮᠠᠨ᠎ᠤ ᠤᠯᠤᠰ᠎ᠤᠨ ᠬᠠᠮᠤᠭ᠎ᠤᠨ ᠡᠷᠳᠡ ᠪᠠᠢᠭᠤᠯᠤᠬ᠍ᠳᠠᠬ᠍ᠰᠠᠨ ᠦᠨᠳᠤᠰᠦᠳᠡᠨ᠎ᠤ ᠦᠪᠡᠷᠳᠡᠭᠡᠨ ᠵᠠᠰᠠᠬᠤ ᠤᠷᠤᠨ ᠪᠤᠯᠤᠬ᠍ᠰᠠᠨ᠎ᠤ ᠬᠤᠪᠢ᠎ᠳᠤ᠂ ᠦᠨᠳᠤᠰᠦᠳᠡᠨ᠎ᠤ ᠪᠦᠯᠭᠦᠮᠳᠠᠯ ᠲᠠᠪᠱᠢᠯᠳᠠ᠎ᠶ᠋ᠢ ᠠᠬᠢᠭᠤᠯᠬᠤ ᠲᠠᠯ᠎ᠠ᠎ᠪᠠᠷ ᠢᠷᠠᠭᠤ ᠠᠯᠳᠠᠷᠳᠤ ᠤᠯᠠᠮᠵᠢᠯᠠᠯ᠎ᠲᠠᠢ᠂ ᠤᠷᠳᠤ ᠬᠤᠭᠤᠴᠠᠭᠠᠨ᠎ᠤ ᠲᠤᠷᠰᠢ 〈ᠵᠢᠱ᠌ᠢᠶᠡᠴᠢ ᠦᠪᠡᠷᠳᠡᠭᠡᠨ ᠵᠠᠰᠠᠬᠤ ᠤᠷᠤᠨ〉 ᠎ᠤ ᠡᠷᠭᠢᠮ ᠲᠡᠭᠡᠳᠤ ᠢᠷᠠᠭᠤ ᠠᠯᠳᠠᠷ᠎ᠢᠶᠠᠨ ᠬᠤᠪᠢ ᠲᠠᠭᠢᠨ ᠨᠠᠨᠳᠢᠩᠨᠠᠨ ᠦᠷᠭᠦᠯᠵᠢᠯᠠᠨ ᠪᠠᠷᠢᠮᠳᠠᠯᠠᠬᠤ ᠬᠡᠷᠡᠭ᠌ᠳᠡᠢ》 ᠭᠡᠵᠦ᠍ ᠴᠢᠬᠤᠯᠠᠴᠢᠯᠠᠪᠠ᠃ ᠬᠠᠯᠠᠭᠤᠨ ᠲᠤᠳᠤᠨᠤ ᠬᠠᠯᠠᠮᠵᠢᠯᠠᠯ᠂ ᠡᠷᠭᠢᠮ ᠨᠠᠨᠳᠢᠨ ᠬᠦᠰᠡᠯ ᠨᠠᠢᠳᠠᠯᠭ᠎ᠠ᠎ᠨᠢ᠂ ᠶᠡᠷᠦᠩᠭᠡᠢ ᠱᠦᠵᠢ ᠰᠢ᠎ᠶ᠋ᠢᠨ ᠫᠢᠡᠭ᠎ᠤᠨ ᠦᠪᠤᠷ ᠮᠤᠩᠭᠤᠯ᠎ᠤᠨ ᠬᠦᠭ᠌ᠵᠢᠯᠳᠠ᠎ᠶ᠋ᠢᠨ ᠲᠤᠬᠠᠢ ᠰᠠᠨᠠᠭᠠᠱᠢᠷᠠᠯ ᠪᠠ ᠦᠨᠳᠤᠰᠤᠳᠡᠨ᠎ᠨᠦᠭᠦᠳ ᠬᠠᠮᠳᠤ᠎ᠪᠠᠷ ᠴᠡᠴᠡᠭ᠌ᠯᠡᠨ ᠲᠠᠪᠱᠢᠬᠤ᠎ᠶ᠋ᠢᠨ ᠬᠦᠰᠡᠯ ᠪᠠᠷᠠᠯᠠᠯ᠎ᠢ ᠢᠯᠡᠷᠡᠭᠦᠯᠵᠦ᠍ ᠪᠠᠢᠬᠤ ᠶᠤᠮ᠃

ᠦᠨᠳᠤᠰᠤᠳᠡᠨ᠎ᠤ ᠪᠦᠯᠭᠦᠮᠳᠠᠯ᠎ᠤᠨ ᠠᠭᠤᠯᠤᠬ᠍ᠳᠠᠬᠤᠨ᠎ᠨᠢ ᠶᠠᠭᠤ ᠪᠤᠢ? ᠲᠠᠷᠤᠢ ᠦᠨᠳᠤᠰᠦᠳᠡᠨ᠎ᠨᠦᠭᠦᠳ᠎ᠤᠨ ᠠᠷᠠᠳ ᠲᠦᠮᠡᠨ᠎ᠤ ᠠᠮᠢᠨ ᠰᠤᠳᠠᠰᠦ᠂ ᠦᠪᠤᠷ ᠮᠤᠩᠭᠤᠯ᠎ᠤᠨ ᠬᠦᠭ᠌ᠵᠢᠯᠳᠠ ᠲᠠᠪᠱᠢᠯᠳᠠ᠎ᠶ᠋ᠢᠨ ᠦᠨᠳᠤᠰᠤᠨ ᠰᠠᠭᠤᠷᠢ ᠴᠢᠯᠠᠭᠤ ᠪᠣᠯᠣᠨ᠎ᠠ᠃ ᠰᠡᠳᠭᠢᠯ ᠨᠢᠭᠡᠳᠤᠨ ᠬᠦᠴᠤ᠎ᠪᠠᠨ ᠬᠠᠮᠳᠤᠳᠭᠠᠵᠦ᠍ ᠪᠤᠭᠤᠳᠤ᠎ᠶ᠋ᠢᠨ ᠪᠤᠯᠤᠳ ᠲᠡᠮᠤᠷ᠎ᠤᠨ ᠦᠢᠯᠠᠳᠪᠤᠷᠢ᠎ᠶ᠋ᠢ ᠪᠠᠢᠭᠤᠯᠤᠬ᠍ᠰᠠᠨ ᠴᠦ᠍ ᠲᠡᠷᠡ᠂ ᠭᠤᠷᠪᠠᠨ ᠮᠢᠩᠭᠠᠨ ᠦᠨᠤᠴᠢᠨ ᠬᠡᠤᠭᠡᠳ᠎ᠢ ᠦᠷᠡᠴᠢᠯᠡᠨ ᠲᠡᠵᠢᠭᠡᠭ᠌ᠰᠡᠨ ᠴᠦ᠍ ᠲᠡᠷᠡ᠂ ᠬᠦᠴᠢᠷ ᠪᠡᠷᠬᠡ᠎ᠶ᠋ᠢ ᠢᠯᠠᠨ ᠲᠠᠪᠠᠵᠦ᠍ ᠠᠮᠤ ᠪᠤᠷᠳᠤᠭ᠎ᠠ ᠬᠠᠨᠳᠢᠪᠯᠡᠬ᠍ᠰᠠᠨ ᠴᠦ᠍ ᠲᠡᠷᠡ᠂ ᠬᠠᠮᠤᠭ᠎ᠤᠨ ᠰᠠᠢᠨ ᠪᠡᠯᠴᠢᠭᠡᠷ᠎ᠢᠶᠠᠨ ᠰᠠᠨᠰᠠᠷ ᠠᠶᠠᠯᠠᠯ᠎ᠤᠨ ᠦᠢᠯᠡᠰ᠎ᠲᠤ ᠵᠤᠷᠢᠭᠤᠯᠤᠬ᠍ᠰᠠᠨ ᠴᠦ᠍ ᠲᠡᠷᠡ᠂ ᠬᠦᠴᠢᠷ ᠪᠡᠷᠭᠡᠱᠢᠶᠡᠯᠳᠦ ᠴᠠᠬ ᠦᠶ᠎ᠠ ᠴᠦ᠍ ᠲᠡᠷᠡ᠂ ᠦᠨᠳᠤᠰᠦᠳᠡᠨ᠎ᠨᠦᠭᠦᠳ᠎ᠤᠨ ᠠᠷᠠᠳ ᠲᠦᠮᠡᠨ᠎ᠤ ᠦᠢᠯᠡᠳᠪᠤᠷᠢᠯᠡᠯ ᠠᠮᠢᠳᠤᠷᠠᠯ ᠡᠳᠦᠷ᠎ᠠᠴᠠ ᠡᠳᠦᠷ ᠰᠠᠢᠵᠢᠷᠠᠬ᠍ᠰᠠᠨ ᠦᠨᠤᠳᠤᠷ ᠴᠦ᠍ ᠲᠡᠷᠡ ᠁ ᠦᠶ᠎ᠠ᠎ᠶ᠋ᠢᠨ ᠦᠶ᠎ᠠ᠎ᠪᠠᠷ᠎ᠢᠶᠠᠨ ᠤᠯᠠᠮᠵᠢᠯᠠᠵᠦ᠍ ᠢᠷᠡᠭ᠌ᠰᠡᠨ ᠲᠡᠤᠭᠡ᠎ᠶ᠋ᠢᠨ ᠰᠠᠢᠬᠠᠨ ᠦᠯᠢᠭᠡᠷ ᠶᠠᠪᠣᠳᠠᠯ᠎ᠨᠢ᠂ ᠦᠪᠤᠷ ᠮᠤᠩᠭᠤᠯ᠎ᠤᠨ ᠡᠨᠡ ᠬᠦ᠌ ᠬᠦᠰᠡᠯ ᠪᠢᠯᠬᠠᠬ᠍ᠰᠠᠨ ᠬᠠᠯᠠᠭᠤᠨ ᠬᠦᠷᠤᠰᠤᠨ ᠳᠡᠭᠡᠷ᠎ᠡ᠂ ᠦᠨᠳᠤᠰᠤᠳᠡᠨ᠎ᠤ ᠪᠦᠯᠭᠦᠮᠳᠠᠯ ᠪᠤᠯ ᠬᠦᠭ᠌ᠵᠢᠯᠳᠠ᠎ᠶ᠋ᠢᠨ ᠰᠠᠭᠤᠷᠢ ᠴᠢᠯᠠᠭᠤ ᠮᠦᠷᠳᠡᠭᠡᠨ ᠮᠦᠨ ᠴᠤ᠌ ᠰᠤᠶᠤᠯ᠎ᠤᠨ ᠤᠬᠠᠮᠰᠠᠷ᠂ ᠲᠡᠤᠭᠡ᠎ᠶ᠋ᠢᠨ ᠤᠯᠪᠠᠭ᠎ᠠ ᠮᠦᠷᠳᠡᠭᠡᠨ ᠢᠷᠡᠭᠡᠳᠦᠢ᠎ᠶ᠋ᠢᠨ ᠲᠦᠯᠭᠢᠭᠦᠷ ᠪᠣᠯᠣᠨ᠎ᠠ ᠭᠡᠳᠡᠭ᠎ᠢ ᠢᠯᠡᠷᠡᠭᠦᠯᠵᠦ᠍ ᠪᠤᠢ; ᠦᠪᠤᠷ ᠮᠤᠩᠭᠤᠯ 《ᠵᠢᠱ᠌ᠢᠶᠡᠴᠢ ᠰᠤᠷᠤᠬ᠍ᠴᠢ》 ᠪᠤᠯᠵᠦ᠍᠂ ᠦᠨᠳᠦᠰᠦᠳᠡᠨ᠎ᠤ ᠪᠦᠯᠭᠦᠮᠳᠠᠯ᠎ᠤᠨ ᠴᠡᠴᠡᠭᠡᠰ ᠪᠠᠳᠠᠷᠠᠨ ᠲᠡᠯᠭᠡᠷᠡᠭ᠌ᠰᠡᠨ᠎ᠨᠢ ᠨᠠᠮ᠎ᠤᠨ ᠬᠠᠢᠷ᠎ᠠ ᠬᠠᠯᠠᠮᠵᠢ ᠪᠠ ᠡᠭᠡ ᠤᠯᠤᠰ᠎ᠤᠨ ᠲᠤᠮᠤ ᠬᠡᠷ ᠪᠦᠯᠢ᠎ᠶ᠋ᠢᠨ ᠬᠠᠢᠷ᠎ᠠ ᠬᠠᠯᠠᠮᠵᠢ᠎ᠳᠤ ᠲᠦᠱᠢᠭ᠌ᠯᠡᠵᠦ᠍᠂ ᠦᠨᠳᠤᠰᠦᠳᠡᠨ᠎ᠨᠦᠭᠦᠳ᠎ᠤᠨ ᠤᠯᠠᠨ ᠲᠦᠮᠡᠨ᠎ᠤ ᠰᠠᠭᠢᠨ ᠪᠠᠷᠠᠯᠠᠵᠦ᠍ ᠬᠠᠷᠢᠯᠴᠠᠨ ᠬᠠᠪᠰᠤᠷᠤᠯᠴᠠᠵᠦ᠍᠂ ᠪᠦᠯᠭᠦᠮᠳᠡᠨ ᠲᠡᠮᠡᠴᠡᠭ᠌ᠰᠡᠨ᠎ᠳᠤ ᠲᠦᠱᠢᠭ᠌ᠯᠡᠭ᠌ᠰᠡᠨ ᠬᠡᠳᠡᠭ᠎ᠢ ᠭᠠᠵᠠᠷ ᠰᠠᠢ ᠦᠭᠡᠢ ᠲᠤᠭᠤᠯᠳᠠᠬᠤ ᠪᠦᠯᠭᠦᠮᠳᠡᠯ᠎ᠤᠨ ᠦᠯᠢᠭᠡᠷ᠎ᠤᠳ ᠲᠠᠬᠢᠨᠳᠠ ᠬᠡᠷᠡᠴᠢᠯᠡᠨ᠎ᠡ᠃ ᠦᠨᠳᠦᠰᠦᠳᠡᠨ᠎ᠨᠦᠭᠦᠳ᠎ᠤᠨ ᠤᠯᠠᠨ ᠲᠦᠮᠡᠨ ᠰᠡᠳᠭᠢᠯ ᠵᠢᠷᠦᠭᠡ᠎ᠪᠠᠨ ᠬᠤᠯᠪᠣᠵᠣ᠂ ᠭᠠᠷ ᠭᠠᠷ᠎ᠢᠶᠠᠨ ᠬᠤᠯᠪᠤᠯᠴᠠᠬᠤ ᠢᠷᠠᠭᠤ ᠠᠯᠳᠠᠷᠳᠤ ᠤᠯᠠᠮᠵᠢᠯᠠᠯ᠎ᠢᠶᠠᠨ ᠵᠠᠯᠭᠠᠮᠵᠢᠯᠠᠨ ᠪᠠᠳᠠᠷᠠᠭᠤᠯᠵᠦ᠍᠂ ᠦᠨᠳᠤᠰᠤᠳᠡᠨ᠎ᠤ ᠪᠦᠯᠭᠦᠮᠳᠠᠯ᠎ᠤᠨ ᠠᠮᠢᠨ ᠰᠤᠳᠠᠰᠦ᠎ᠶ᠋ᠢ ᠰᠠᠢᠳᠤᠷ ᠰᠠᠭᠢᠵᠦ᠍᠂ ᠲᠤᠮᠳᠠᠳᠤ᠎ᠶ᠋ᠢᠨ ᠦᠨᠳᠤᠰᠦᠳᠡᠨ᠎ᠤ ᠬᠠᠮᠳᠤ ᠴᠤᠬ᠍ᠴᠠ᠎ᠶ᠋ᠢᠨ ᠤᠬᠠᠮᠰᠠᠷ᠎ᠢ ᠪᠠᠳᠤ ᠴᠤᠬ᠍ᠴᠠᠯᠠᠳᠠᠭ ᠯᠠ ᠶᠣᠮ ᠪᠣᠯ᠂ ᠪᠢᠳᠠ ᠰᠠᠯᠬᠢ ᠪᠤᠷᠤᠭᠠᠨ᠎ᠢ ᠰᠦᠷᠴᠤ᠌ ᠡᠷᠡᠮᠡᠭᠡᠢᠯᠡᠨ ᠤᠷᠤᠬ᠍ᠰᠢᠯᠠᠬᠤ ᠶᠠᠨᠳᠠᠰᠢ ᠦᠭᠡᠢ ᠬᠦᠴᠤᠨ᠎ᠢ ᠨᠢᠬ᠍ᠳᠠᠷᠠᠭᠤᠯᠵᠦ᠍᠂ ᠲᠠᠰᠪᠤᠷᠢ ᠬᠠᠳᠠᠭᠤᠵᠢᠯᠳᠠᠢ ᠲᠡᠮᠡᠴᠡᠯ᠎ᠢᠶᠠᠷ᠎ᠢᠶᠠᠨ ᠱᠢᠨ᠎ᠠ ᠨᠡᠩ ᠶᠡᠭᠡ ᠠᠤᠭ᠎ᠠ ᠦᠢᠯᠡᠰ᠎ᠢ ᠪᠦᠲᠦᠭᠡᠵᠦ᠍ ᠴᠢᠳᠠᠨ᠎ᠠ᠃

ᠪᠦᠯᠭᠦᠮᠳᠠᠯ᠎ᠠᠴᠠ ᠬᠦᠴᠤᠨ ᠴᠢᠳᠠᠯ ᠤᠨᠳᠤᠷᠴᠣ᠂ ᠬᠦᠴᠤᠨ ᠴᠢᠳᠠᠯ ᠬᠦᠭ᠌ᠵᠢᠯᠳᠠ᠎ᠶ᠋ᠢ ᠠᠬᠢᠭᠤᠯᠤᠨ᠎ᠠ᠃ ᠡᠨᠡ ᠵᠢᠯ ᠪᠤᠯ 《ᠠᠷᠪᠠᠨ ᠲᠦᠷᠪᠡᠳᠦᠭᠡᠷ ᠲᠠᠪᠤᠨ ᠵᠢᠯ》 ᠎ᠤᠨ ᠲᠦᠯᠦᠪᠵᠢᠭᠦᠯᠭᠡ᠎ᠶ᠋ᠢ ᠬᠡᠷᠡᠭ᠌ᠵᠢᠭᠦᠯᠵᠦ᠍᠂ ᠨᠡᠢᠭᠡᠮ ᠵᠢᠷᠤᠮᠳᠤ ᠤᠳᠤᠭᠢᠴᠢᠯᠠᠬ᠍ᠰᠠᠨ ᠤᠯᠤᠰ᠎ᠢ ᠪᠦᠭᠦ᠌ ᠲᠠᠯ᠎ᠠ᠎ᠪᠠᠷ ᠪᠦᠲᠦᠭᠡᠨ ᠪᠠᠢᠭᠤᠯᠬᠤ ᠱᠢᠨ᠎ᠠ ᠠᠶᠠᠨ᠎ᠢ ᠡᠬᠢᠯᠡᠭᠦᠯᠬᠦ᠌ ᠠᠩᠬᠠᠨ᠎ᠤ ᠵᠢᠯ᠂ ᠲᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠬ᠍ᠳᠠᠬ᠍ᠰᠠᠨ 100 ᠵᠢᠯ᠎ᠤᠨ ᠤᠢ ᠪᠣᠯᠣᠨ᠎ᠠ᠃ ᠱᠢᠨ᠎ᠠ ᠠᠶᠠᠨ᠎ᠳᠠᠭᠠᠨ ᠲᠠᠬᠢᠨᠳᠠ ᠮᠤᠷᠳᠠᠬᠤ᠎ᠳᠤ᠂ ᠢᠷᠠᠭᠤ ᠠᠯᠳᠠᠷ᠎ᠢᠶᠠᠨ ᠬᠤᠪᠢ ᠲᠠᠭᠢᠨ᠎ᠢᠶᠠᠷ ᠨᠠᠨᠳᠢᠩᠨᠠᠵᠦ᠍᠂ ᠬᠠᠷᠢᠭᠤᠴᠠᠯᠭ᠎ᠠ ᠡᠭᠦᠷᠭᠡᠯᠡᠯ᠎ᠢᠶᠠᠨ ᠴᠢᠩᠭᠠᠳᠭᠠᠵᠦ᠍᠂ ᠦᠨᠳᠤᠰᠤᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠢ ᠪᠠᠷᠢᠮᠳᠠᠯᠠᠨ ᠲᠡᠭᠦᠯᠳᠡᠷᠵᠢᠭᠦᠯᠭᠦ᠌ ᠡᠨᠡ ᠬᠦ᠌ ᠦᠨᠳᠤᠰᠦ᠎ᠶ᠋ᠢ ᠤᠨᠤᠪᠴᠢᠳᠠᠢ ᠠᠳᠭᠤᠵᠦ᠍᠂ ᠦᠨᠳᠤᠰᠤᠳᠡᠨ᠎ᠤ ᠪᠦᠯᠭᠦᠮᠳᠠᠯ ᠲᠠᠪᠱᠢᠯᠳᠠ᠎ᠶ᠋ᠢᠨ ᠬᠦᠮᠦᠵᠢᠯ ᠭᠡᠰᠡᠨ ᠡᠨᠡ ᠬᠦ᠌ ᠰᠠᠭᠤᠷᠢ᠎ᠶ᠋ᠢ ᠪᠠᠳᠤᠳᠭᠠᠪᠠᠯ᠂ ᠰᠠᠶᠢ ᠮᠠᠨ᠎ᠤ ᠤᠷᠤᠨ᠎ᠤ ᠦᠨᠳᠤᠰᠦᠳᠡᠨ᠎ᠨᠦᠭᠦᠳ ᠡᠶ᠎ᠡ ᠨᠠᠢᠷᠳᠠᠢ ᠶᠠᠪᠤᠯᠴᠠᠵᠦ᠍᠂ ᠲᠤᠤᠭᠠᠷᠪᠠᠯ ᠲᠠᠭᠤ ᠨᠢᠭᠡᠳᠡᠢ ᠲᠤᠬ᠍ᠳᠤᠷᠪᠠᠯ ᠬᠦᠴᠤ᠌ ᠨᠢᠭᠡᠳᠡᠢ᠂ ᠡᠶ᠎ᠡ ᠵᠤᠬᠢᠴᠠᠩᠭᠤᠢ ᠬᠦᠭ᠌ᠵᠢᠯᠳᠠ᠎ᠶ᠋ᠢᠨ ᠰᠠᠢᠨ ᠰᠠᠢᠬᠠᠨ ᠪᠠᠢᠳᠠᠯ᠎ᠢᠶᠠᠨ ᠲᠠᠰᠤᠷᠠᠯᠳᠠ ᠦᠭᠡᠢ ᠪᠠᠬᠢᠵᠢᠭᠦᠯᠦᠨ ᠬᠦᠭ᠌ᠵᠢᠭᠦᠯᠵᠦ᠍᠂ 《ᠵᠢᠱ᠌ᠢᠶᠡᠴᠢ ᠦᠪᠡᠷᠳᠡᠭᠡᠨ ᠵᠠᠰᠠᠬᠤ ᠤᠷᠤᠨ》 ᠎ᠤ ᠡᠷᠭᠢᠮ ᠲᠡᠭᠡᠳᠤ ᠢᠷᠠᠭᠤ ᠠᠯᠳᠠᠷ᠎ᠢ ᠦᠨᠢᠳᠡ ᠬᠢᠯᠪᠠᠭ᠎ᠠ ᠰᠠᠴᠤᠷᠠᠭᠤᠯᠵᠦ᠍ ᠴᠢᠳᠠᠨ᠎ᠠ᠃ ᠵᠦᠪᠭᠡᠨ ᠬᠠᠮᠳᠤ᠎ᠪᠠᠷ᠎ᠢᠶᠠᠨ ᠪᠦᠯᠭᠦᠮᠳᠠᠨ ᠲᠡᠮᠡᠴᠡᠵᠦ᠍᠂ ᠬᠠᠮᠳᠤ᠎ᠪᠠᠷ᠎ᠢᠶᠠᠨ ᠴᠡᠴᠡᠭ᠌ᠯᠡᠨ ᠬᠦᠭ᠌ᠵᠢᠬᠦ᠌᠎ᠶ᠋ᠢᠨ ᠲᠤᠭᠤᠷᠢᠨ᠎ᠳᠤ᠂ ᠦᠨᠳᠤᠰᠦᠳᠡᠨ᠎ᠤ ᠪᠦᠯᠭᠦᠮᠳᠠᠯ᠎ᠢ ᠠᠬᠢᠭᠤᠯᠬᠤ ᠠᠵᠢᠯ᠎ᠢ ᠨᠠᠷᠢᠯᠢᠭ ᠪᠤᠳᠠᠳᠠᠢ ᠬᠢᠵᠦ᠍᠂ 《ᠭᠤᠷᠪᠠᠨ ᠰᠠᠯᠵᠦ᠍ ᠴᠢᠳᠠᠬᠤ ᠦᠭᠡᠢ》 《ᠲᠠᠪᠤᠨ ᠬᠠᠮᠳᠤ᠎ᠶ᠋ᠢᠨ ᠲᠠᠨᠢᠯᠳᠠ》 ᠎ᠶ᠋ᠢ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠰᠡᠳᠭᠢᠯ᠎ᠳᠤ ᠬᠦᠨ ᠬᠠᠲᠠᠩᠱᠢᠭᠤᠯᠵᠦ᠍᠂ ᠰᠠᠭᠢᠨ ᠪᠠᠷᠠᠯᠠᠵᠦ᠍ ᠬᠠᠷᠢᠯᠴᠠᠨ ᠬᠠᠪᠰᠤᠷᠤᠯᠴᠠᠵᠦ᠍᠂ ᠪᠦᠯᠭᠦᠮᠳᠡᠨ ᠲᠡᠮᠡᠴᠡᠵᠦ᠍᠂ ᠴᠤᠴᠠᠯᠳᠠ ᠦᠭᠡᠢ ᠤᠷᠤᠬ᠍ᠰᠢᠯᠠᠪᠠᠯ ᠰᠠᠶᠢ ᠡᠭᠡ ᠤᠯᠤᠰ᠎ᠤᠨ ᠤᠮᠠᠷᠠᠳᠤ᠎ᠶ᠋ᠢᠨ ᠡᠨᠡ ᠬᠦ᠌ ᠦᠵᠡᠮᠵᠢ᠎ᠶ᠋ᠢᠨ ᠤᠷᠤᠨ᠎ᠢ ᠨᠡᠩ ᠦᠵᠠᠰᠭᠦᠯᠠᠩᠳᠤ ᠰᠠᠢᠬᠠᠨ ᠪᠤᠯᠭᠠᠵᠦ᠍ ᠴᠢᠳᠠᠨ᠎ᠠ᠃

ᠬᠠᠮᠤᠭ᠎ᠤᠨ ᠰᠡᠭᠦᠯᠴᠢ᠎ᠶ᠋ᠢᠨ ᠲᠠᠯᠠᠪᠤᠷ 《ᠭᠡᠱᠢᠭᠦᠳ᠎ᠤᠨ ᠰᠤᠷᠪᠤᠯᠵᠢᠯᠠᠭ᠎ᠠ ᠬᠦᠯᠢᠶᠡᠭᠦ᠌ ᠵᠠᠮ》 ᠲᠡᠭᠡᠷ᠎ᠠ᠂ ᠪᠦᠭᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠭᠡᠱᠢᠭᠦᠨ᠂ ᠦᠪᠤᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠵᠠᠬᠢᠷᠤᠯ ᠠᠯᠳᠠᠨᠰᠠᠩ ᠰᠤᠷᠪᠤᠯᠵᠢᠯᠠᠬ᠍ᠴᠢ᠎ᠶ᠋ᠢᠨ ᠠᠰᠠᠭᠤᠯᠳᠠ᠎ᠶ᠋ᠢ ᠬᠠᠷᠢᠭᠤᠯᠬᠤ᠎ᠳᠠᠭᠠᠨ᠄ 《ᠮᠠᠨ᠎ᠤ ᠦᠪᠤᠷ ᠮᠤᠩᠭᠤᠯᠴᠤᠳ᠎ᠤᠨ ᠦᠵᠡᠭᠦ᠎ᠪᠠᠷ᠂ ᠦᠨᠳᠤᠰᠦᠳᠡᠨ᠎ᠨᠦᠭᠦᠳ ᠠᠨᠷ᠎ᠤᠨ ᠦᠷ᠎ᠠ ᠱᠢᠭ ᠨᠢᠬ᠍ᠳᠠᠷᠠᠨ ᠪᠦᠯᠭᠦᠮᠳᠠᠪᠠᠯ ᠰᠠᠶᠢ ᠨᠡᠩ ᠰᠠᠢᠨ ᠰᠠᠢᠬᠠᠨ ᠠᠮᠢᠳᠤᠷᠠᠯ᠎ᠢ ᠡᠳ᠋ᠯᠡᠵᠦ᠍ ᠴᠢᠳᠠᠨ᠎ᠠ》 ᠭᠡᠵᠦ᠍ ᠰᠡᠳᠭᠢᠯ ᠲᠤᠬ᠍ᠳᠤᠯᠤᠨ ᠬᠡᠯᠡᠭ᠌ᠰᠡᠨ ᠪᠠᠢᠪᠠ᠃ ᠠᠯᠤᠰ᠎ᠤᠨ ᠬᠠᠷᠭᠤᠢ ᠰᠠᠷᠠᠭᠤᠯ ᠲᠠᠷᠳᠠᠩ᠂ ᠪᠦᠯᠭᠦᠮᠳᠠᠯ ᠪᠤᠯ ᠱᠢᠵᠢᠷ ᠠᠯᠳᠠ ᠪᠣᠯᠣᠨ᠎ᠠ᠃ ᠪᠦᠯᠭᠦᠮᠳᠠᠨ ᠤᠷᠤᠬ᠍ᠰᠢᠯᠠᠬᠤ ᠪᠤᠳᠠᠳᠤ ᠠᠵᠢᠯᠯᠠᠭ᠎ᠠ᠎ᠪᠠᠷ᠎ᠢᠶᠠᠨ ᠶᠠᠷᠦᠩᠭᠡᠢ ᠱᠦᠵᠢ᠎ᠶ᠋ᠢᠨ ᠡᠷᠭᠢᠮ ᠨᠠᠨᠳᠢᠨ ᠬᠦᠰᠡᠯ ᠨᠠᠢᠳᠠᠯᠭ᠎ᠠ᠎ᠶ᠋ᠢ ᠰᠠᠢᠳᠤᠷ ᠨᠠᠢᠳᠠᠪᠤᠷᠢᠵᠢᠭᠤᠯᠵᠤ᠂ ᠨᠢᠳᠤᠨ ᠴᠡᠴᠡᠭᠡᠢ᠎ᠪᠠᠨ ᠬᠠᠢᠷᠠᠯᠠᠬᠤ ᠮᠠᠳᠤ᠎ᠪᠠᠷ ᠦᠨᠳᠤᠰᠦᠳᠡᠨ᠎ᠤ ᠪᠦᠯᠭᠦᠮᠳᠠᠯ᠎ᠢ ᠬᠠᠢᠷᠠᠯᠠᠵᠦ᠍᠂ ᠠᠮᠢ ᠨᠠᠰᠤ᠎ᠪᠠᠨ ᠨᠠᠨᠳᠢᠩᠨᠠᠬᠤ ᠮᠡᠳᠤ᠎ᠪᠠᠷ ᠦᠨᠳᠤᠰᠦᠳᠡᠨ᠎ᠤ ᠪᠦᠯᠭᠦᠮᠳᠠᠯ᠎ᠢ ᠨᠠᠨᠳᠢᠩᠨᠠᠵᠦ᠍᠂ ᠰᠡᠳᠭᠢᠯ ᠨᠢᠭᠡᠳᠤᠨ ᠬᠦᠴᠤ᠎ᠪᠠᠨ ᠬᠠᠮᠳᠤᠳᠭᠠᠵᠦ᠍᠂ ᠨᠢᠭᠡ ᠰᠡᠳᠭᠢᠯ ᠨᠢᠭᠡ ᠵᠣᠷᠢᠭ᠎ᠢᠶᠠᠷ ᠴᠢᠷᠮᠠᠢᠨ ᠲᠡᠮᠡᠴᠡᠪᠡᠯ᠂ ᠪᠢᠳᠡ ᠯᠠᠪᠳᠠᠶ᠎ᠠ ᠱᠢᠨ᠎ᠠ ᠠᠶᠠᠨ ᠵᠠᠮ ᠳᠡᠭᠡᠷ᠎ᠡ ᠱᠢᠨ᠎ᠠ ᠬᠦᠭ᠌ᠵᠢᠯᠳᠠ᠎ᠶ᠋ᠢᠨ ᠬᠠᠭᠤᠳᠠᠰᠦ᠎ᠶ᠋ᠢ ᠪᠢᠴᠢᠭ᠌ᠯᠡᠵᠦ᠍᠂ ᠦᠨᠤᠳᠤᠷ᠎ᠤᠨ ᠦᠪᠤᠷ ᠮᠤᠩᠭᠤᠯ᠎ᠢ ᠠᠮᠢᠵᠢᠷᠠᠯ᠎ᠤᠨ ᠬᠦᠴᠤᠨ᠎ᠢᠶᠠᠷ ᠪᠢᠯᠬᠠᠭᠤᠯᠵᠦ᠍᠂ ᠢᠷᠡᠭᠡᠳᠤᠢ᠎ᠶ᠋ᠢᠨ ᠦᠪᠤᠷ ᠮᠤᠩᠭᠤᠯ᠎ᠢ ᠬᠦᠰᠡᠯ ᠲᠦᠭᠦᠷᠡᠩ ᠪᠤᠯᠭᠠᠵᠦ᠍ ᠴᠢᠳᠠᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠱᠢᠨᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号