ᠲᠥᠯᠥᠭᠡᠯᠡᠭ᠌ᠴᠢ ᠨᠠᠷᠠᠨᠲᠤᠶᠠᠭ᠎ᠠ᠄ ᠦᠨᠳᠦᠰᠦᠲᠡᠨ᠎ᠤ ᠪᠦᠯᠬᠦᠮᠳᠡᠯ᠎ᠢ ᠣᠨᠴᠠᠭᠠᠶ ᠨᠠᠨᠳᠢᠩᠨᠠᠬᠤ ᠬᠡᠷᠡᠭ᠌ᠲᠡᠶ
2021-03-11 12:41:22
ᠵᠣᠬᠢᠶᠠᠭ᠍ᠴᠢ᠄
ᠵᠠᠩ ᠺᠦᠶ
ᠣᠩᠱᠢᠭ᠍ᠰᠠᠨ ᠣᠳᠠᠭ᠎ᠠ᠄
★★★☆☆

《ᠪᠢ ᠪᠣᠯ ᠮᠣᠩᠭᠤᠯ ᠦᠨᠳᠦᠰᠦᠲᠡᠨ᠂ ᠭᠡᠪᠡᠴᠦ᠍ ᠪᠢ ᠪᠤᠯ ᠶᠠᠭᠤᠨ᠎ᠤ ᠡᠮᠦᠨ᠎ᠡ ᠳᠤᠮᠳᠠᠳᠤ ᠤᠯᠤᠰ᠎ᠤᠨ ᠬᠥᠮᠦᠨ᠂ ᠡᠢᠮᠦᠷᠬᠦᠦ ᠦᠵᠡᠯ ᠰᠠᠨᠠᠭ᠎ᠠ ᠥᠪᠥᠷ ᠮᠣᠩᠭᠤᠯ᠎ᠳᠤ ᠠᠯᠢ ᠡᠷᠲᠡ ᠬᠥᠮᠦᠰ᠎ᠤᠨ ᠰᠡᠳᠭᠢᠯ᠎ᠳᠤ ᠭᠦᠨ ᠬᠠᠳᠠᠩᠱᠢᠵᠠᠢ》᠃ ᠪᠥᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠤᠷᠠᠳ᠎ᠤᠨ ᠡᠮᠦᠨᠡᠲᠦ ᠬᠤᠱᠢᠭᠤᠨ᠎ᠤ ᠮᠣᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ᠎ᠶ᠋ᠢᠨ ᠪᠠᠭ᠍ᠰᠢ ᠨᠠᠷᠠᠨᠲᠤᠶᠠᠭ᠎ᠠ᠂ ᠦᠨᠳᠦᠰᠦᠲᠡᠨ᠎ᠤ ᠪᠦᠯᠬᠦᠮᠳᠡᠯ᠎ᠨᠢ ᠪᠢᠳᠡᠨ᠎ᠤ ᠬᠥᠮᠦᠨ ᠨᠢᠭᠡᠪᠦᠷᠢ᠎ᠳᠤ ᠠᠪᠴᠤ᠌ ᠬᠡᠯᠡᠪᠡᠯ ᠡᠬᠡᠬᠡ ᠯᠠ ᠨᠡᠷᠡᠨ᠎ᠤ ᠬᠡᠷᠡᠯ᠂ ᠠᠭᠠᠷ ᠪᠠ ᠤᠰᠤ ᠱᠢᠭ᠋ ᠪᠠᠢᠵᠤ᠂ ᠡᠩ᠎ᠤᠨ ᠦᠶ᠎ᠠ᠎ᠳᠤ ᠬᠠᠢᠬᠤᠷᠤᠮᠵᠢ ᠦᠭᠡᠢ ᠶᠠᠪᠤᠳᠠᠭ ᠴᠤ᠌᠂ ᠠᠯᠳᠠᠵᠤ ᠶᠠᠪᠤᠭᠤᠯᠪᠠᠰᠤ ᠣᠷᠣᠱᠢᠨ ᠲᠣᠭ᠍ᠲᠠᠨᠢᠬᠤ᠎ᠳᠤ ᠪᠡᠷᠬᠡ ᠪᠤᠯᠳᠠᠭ ᠪᠣᠯᠬᠤᠷ ᠣᠨᠴᠠᠭᠠᠶ ᠨᠠᠨᠳᠢᠩᠨᠠᠬᠤ ᠴᠢᠬᠤᠯᠠᠲᠠᠶ ᠭᠡᠵᠤ ᠰᠡᠳᠭᠢᠯ ᠳᠣᠭ᠍ᠳᠣᠯᠤᠨ ᠬᠡᠯᠡᠵᠡᠢ᠃

ᠶᠡᠷᠦᠩᠬᠡᠢ ᠱᠦᠵᠢ ᠰᠢ᠎ᠶ᠋ᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠳᠥᠷᠪᠡᠳᠦᠭᠡᠷ ᠬᠤᠷᠠᠯ᠎ᠤᠨ ᠥᠪᠥᠷ ᠮᠣᠩᠭᠤᠯ᠎ᠤᠨ ᠲᠥᠯᠥᠭᠡᠯᠡᠭ᠌ᠴᠢᠳ᠎ᠤᠨ ᠪᠦᠯᠬᠦᠮ᠎ᠤᠨ ᠬᠢᠨᠠᠨ ᠵᠥᠪᠯᠡᠬᠦ᠌᠎ᠳᠤ ᠣᠷᠣᠯᠴᠠᠬᠤ᠎ᠳᠠᠭᠠᠨ᠄ 《ᠬᠢᠲᠠᠳ ᠦᠨᠳᠦᠰᠦᠲᠡᠨ ᠴᠥᠭᠡᠨ ᠲᠣᠭᠠᠲᠤ ᠦᠨᠳᠦᠰᠦᠲᠡᠨ᠎ᠠᠴᠠ ᠰᠠᠯᠵᠤ ᠴᠢᠳᠠᠬᠤ ᠦᠭᠡᠢ᠂ ᠴᠥᠭᠡᠨ ᠲᠣᠭᠠᠲᠤ ᠦᠨᠳᠦᠰᠦᠲᠡᠨ ᠬᠢᠲᠠᠳ ᠦᠨᠳᠦᠰᠦᠲᠡᠨ᠎ᠠᠴᠠ ᠰᠠᠯᠵᠤ ᠴᠢᠳᠠᠬᠤ ᠦᠭᠡᠢ᠂ ᠴᠥᠭᠡᠨ ᠲᠣᠭᠠᠲᠤ ᠦᠨᠳᠦᠰᠦᠲᠡᠨ᠎ᠨᠦᠭᠦᠳ ᠬᠤᠭᠤᠷᠤᠨᠳᠤ᠎ᠪᠠᠨ ᠪᠠᠰᠠ ᠬᠠᠷᠢᠯᠴᠠᠨ ᠰᠠᠯᠵᠤ ᠴᠢᠳᠠᠬᠤ ᠦᠭᠡᠢ》 ᠭᠡᠵᠦ᠍ ᠵᠢᠭᠠᠵᠤ ᠭᠠᠷᠭᠠᠪᠠ᠃ ᠨᠠᠷᠠᠨᠲᠤᠶᠠᠭ᠎ᠠ ᠡᠭᠦᠨ᠎ᠳᠤ ᠮᠠᠰᠢ ᠭᠦᠨ ᠰᠡᠳᠭᠢᠭ᠌ᠳᠡᠯ᠎ᠲᠠᠢ ᠪᠠᠢᠵᠤ᠂ 《ᠦᠨᠳᠦᠰᠦᠲᠡᠨ᠎ᠤ ᠪᠦᠯᠬᠦᠮᠳᠡᠯ ᠪᠣᠯ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠠᠮᠢᠨ ᠰᠤᠳᠠᠰᠤ ᠮᠥᠨ᠂ ᠦᠨᠳᠦᠰᠦᠲᠡᠨ᠎ᠤ ᠪᠦᠯᠬᠦᠮᠳᠡᠯ᠎ᠢ ᠬᠠᠮᠠᠭᠠᠯᠠᠬᠤ ᠪᠣᠯ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠠᠮᠲᠤ᠎ᠶ᠋ᠢᠨ ᠬᠠᠷᠢᠭᠤᠴᠠᠯᠭ᠎ᠠ ᠮᠥᠨ᠃ ᠮᠠᠨ᠎ᠤ ᠬᠥᠮᠦᠨ ᠨᠢᠭᠡᠪᠦᠷᠢ᠎ᠶ᠋ᠢᠨ ᠢᠷᠡᠭᠡᠳᠦᠢ ᠪᠠ ᠬᠤᠪᠢ ᠵᠠᠶᠠᠭ᠎ᠠ ᠴᠥᠮ ᠡᠬᠡ ᠣᠯᠤᠰ᠎ᠲᠠᠢ᠎ᠪᠠᠨ ᠨᠢᠭ᠍ᠲᠠ ᠬᠤᠯᠪᠣᠯᠳᠤᠵᠤ ᠪᠠᠢᠳᠠᠭ᠂ ᠭᠠᠭ᠍ᠴᠠ ᠬᠦ᠌ ᠤᠯᠤᠰ ᠣᠷᠣᠨ ᠰᠠᠢᠨ᠂ ᠦᠨᠳᠦᠰᠦᠲᠡᠨ ᠰᠠᠢᠨ ᠪᠠᠢᠪᠠᠯ ᠰᠠᠶᠢ ᠤᠯᠠᠨ᠎ᠢᠶᠠᠷ᠎ᠢᠶᠠᠨ ᠰᠠᠢᠨ ᠪᠠᠢᠵᠤ ᠴᠢᠳᠠᠨ᠎ᠠ》 ᠬᠡᠵᠤ ᠡᠷᠡᠰ ᠪᠠᠳᠤ ᠬᠡᠯᠡᠪᠡ᠃

《2020 ᠣᠨ ᠪᠣᠯ ᠶᠡᠷᠦ᠍ ᠪᠤᠰᠤ᠎ᠶ᠋ᠢᠨ ᠨᠢᠭᠡ ᠵᠢᠯ ᠪᠣᠯᠤᠨ᠎ᠠ᠂ ᠭᠡᠪᠡᠴᠦ᠍ ᠮᠠᠨ᠎ᠤ ᠤᠯᠤᠰ ᠮᠥᠨ ᠬᠦ᠌ ᠠᠷᠠᠳ ᠲᠦᠮᠡᠨ ᠰᠡᠳᠭᠢᠯ ᠬᠠᠨᠤᠮᠵᠢᠳᠠᠢ᠂ ᠳᠡᠯᠡᠬᠡᠢ ᠳ᠋ᠠᠬᠢᠨ᠎ᠤ ᠠᠩᠬᠠᠷᠤᠯ᠎ᠢ ᠲᠠᠲᠠᠭ᠍ᠰᠠᠨ᠂ ᠲᠡᠦᠬᠡ᠎ᠶ᠋ᠢᠨ ᠬᠠᠭᠤᠳᠠᠰᠤᠨ᠎ᠳᠤ ᠲᠡᠮᠳᠡᠭ᠌ᠯᠡᠭ᠌ᠳᠡᠬᠦ᠌ ᠬᠠᠷᠢᠭᠤᠯᠲᠠ᠎ᠶ᠋ᠢᠨ ᠬᠠᠭᠤᠳᠠᠰᠤ᠎ᠶ᠋ᠢ ᠲᠤᠱᠢᠶᠠᠭ᠍ᠰᠠᠨ ᠪᠠᠢᠨ᠎ᠠ》᠃ ᠨᠠᠷᠠᠨᠲᠤᠶᠠᠭ᠎ᠠ᠄ 《ᠡᠢᠮᠦ᠍ ᠠᠮᠵᠢᠯᠲᠠ᠎ᠶ᠋ᠢ ᠤᠯᠬᠤ᠎ᠳᠤ ᠬᠠᠮᠤᠭ᠎ᠤᠨ ᠶᠡᠭᠡ ᠰᠠᠭᠤᠷᠢ ᠪᠣᠯ ᠲᠠᠷᠤᠢ ᠪᠦᠯᠬᠦᠮᠳᠡᠯ ᠪᠣᠯᠤᠨ᠎ᠠ᠂ ᠪᠦᠯᠬᠦᠮᠳᠡᠳᠡᠭ ᠯᠡ ᠶᠤᠮ ᠪᠣᠯ ᠪᠢᠳᠡᠨ᠎ᠤ ᠢᠯᠠᠵᠤ ᠳᠡᠢᠯᠬᠦ᠌ ᠦᠭᠡᠢ ᠬᠦᠴᠢᠷ ᠪᠡᠷᠬᠡ ᠭᠡᠵᠦ᠍ ᠪᠠᠢᠬᠤ ᠦᠭᠡᠢ》 ᠬᠡᠵᠡᠢ᠃

ᠮᠣᠩᠭᠤᠯ ᠦᠨᠳᠦᠰᠦᠲᠡᠨ᠎ᠤ ᠳᠠᠭᠤᠤ ᠬᠥᠭ᠌ᠵᠢᠮ᠎ᠤᠨ ᠪᠠᠭ᠍ᠰᠢ ᠪᠣᠯᠤᠭ᠍ᠰᠠᠨ᠎ᠤ ᠬᠤᠪᠢ᠎ᠳᠤ᠂ ᠨᠠᠷᠠᠨᠲᠤᠶᠠᠭ᠎ᠠ ᠨᠡᠢᠳᠡᠯᠢᠭ ᠬᠡᠯᠡ᠎ᠪᠠᠷ ᠮᠠᠰᠢ ᠤᠷᠤᠰᠤᠮ᠎ᠠ ᠰᠠᠢᠨ ᠶᠠᠷᠢᠵᠤ ᠪᠠᠢᠯ᠎ᠠ᠃ ᠲᠡᠷᠡ᠂ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠤᠷᠤᠯᠴᠠᠨ ᠡᠵᠡᠮᠱᠢᠬᠦ᠌ ᠪᠣᠯ ᠦᠨᠳᠦᠰᠦᠲᠡᠨ᠎ᠤ ᠪᠦᠯᠬᠦᠮᠳᠡᠯ᠎ᠤᠨ ᠴᠢᠬᠤᠯᠠ ᠪᠠᠲᠤᠯᠠᠭ᠎ᠠ ᠮᠥᠨ᠂ ᠴᠥᠭᠡᠨ ᠲᠣᠭᠠᠲᠤ ᠦᠨᠳᠦᠰᠦᠲᠡᠨ᠎ᠤ ᠬᠡᠦᠬᠡᠳ᠎ᠲᠤ ᠠᠪᠴᠤ᠌ ᠬᠡᠯᠡᠪᠡᠯ᠂ ᠮᠥᠨ ᠴᠦ᠍ ᠲᠡᠳᠡᠨ᠎ᠤ ᠨᠡᠩ ᠶᠡᠭᠡ ᠬᠥᠭ᠌ᠵᠢᠯᠲᠡ᠎ᠶ᠋ᠢᠨ ᠣᠷᠣᠨ ᠵᠠᠢ᠎ᠶ᠋ᠢ ᠤᠯᠵᠤ ᠴᠢᠳᠠᠬᠤ᠎ᠳᠤ ᠡᠷᠬᠡᠪᠰᠢ ᠪᠦᠷᠢᠯᠳᠦᠬᠦᠯᠬᠦ᠌ ᠴᠢᠬᠤᠯᠠᠳᠠᠢ ᠬᠡᠪ ᠪᠣᠯᠪᠠᠰᠤᠷᠠᠯ ᠪᠣᠯᠤᠨ᠎ᠠ᠃ ᠡᠭᠦᠨ᠎ᠢ ᠨᠠᠷᠠᠨᠲᠤᠶᠠᠭ᠎ᠠ ᠥᠪᠡᠷ᠎ᠤᠨ ᠪᠡᠶ᠎ᠡ᠎ᠪᠠᠷ᠎ᠢᠶᠠᠨ ᠥᠩᠭᠡᠷᠡᠭᠦᠯᠦᠭ᠌ᠰᠡᠨ ᠶᠤᠮ᠃

《ᠮᠢᠨᠦ᠍ ᠨᠦᠬᠦᠷ ᠴᠠᠭ᠍ᠳᠠᠭ᠎ᠠ᠎ᠶ᠋ᠢᠨ ᠠᠵᠢᠯ᠎ᠲᠠᠢ᠂ ᠰᠠᠶᠢ ᠠᠵᠢᠯ᠎ᠤᠨ ᠪᠠᠢᠷᠢ᠎ᠳᠤ ᠭᠠᠷᠬᠤ ᠦᠶ᠎ᠠ᠎ᠳᠤ᠂ ᠲᠡᠮᠳᠡᠭ᠌ᠯᠡᠯ ᠬᠢᠬᠦ᠌᠎ᠳᠡᠭᠡᠨ ᠴᠤ᠌ ᠪᠤᠯᠪᠠᠰᠤᠷᠠᠩᠭᠤᠢ ᠪᠤᠰᠤ ᠪᠠᠢᠵᠤ᠂ ᠪᠢᠴᠢᠵᠦ᠍ ᠴᠢᠳᠠᠬᠤ ᠦᠭᠡᠢ ᠦᠰᠦᠭ ᠲᠣᠬᠢᠶᠠᠯᠳᠤᠪᠠᠯ ᠤᠷᠢᠳ᠎ᠢᠶᠠᠷ ᠴᠠᠭᠠᠷᠢᠭ ᠵᠢᠷᠤᠵᠤ᠂ ᠳᠠᠷᠠᠭ᠎ᠠ᠎ᠨᠢ ᠲᠣᠯᠢ ᠪᠢᠴᠢᠭ ᠡᠷᠢᠵᠦ᠍ ᠨᠦᠬᠦᠵᠤ ᠪᠢᠴᠢᠳᠡᠭ ᠪᠠᠢᠬ᠍ᠰᠠᠨ》᠃ ᠨᠠᠷᠠᠨᠲᠤᠶᠠᠭ᠎ᠠ᠂ ᠡᠲᠡᠭᠡᠷ ᠥᠩᠭᠡᠷᠡᠯᠲᠡ᠎ᠠᠴᠠ ᠪᠣᠯᠵᠣ ᠥᠪᠡᠷ᠎ᠤᠨ ᠬᠡᠤᠬᠡᠨ᠎ᠢᠶᠠᠨ ᠬᠡᠤᠬᠡᠳ᠎ᠤᠨ ᠴᠡᠴᠡᠷᠯᠢᠭ᠎ᠲᠤ ᠤᠷᠤᠬ᠍ᠰᠠᠨ᠎ᠠᠴᠠ ᠡᠬᠢᠯᠡᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ᠎ᠤᠨ ᠰᠤᠷᠭᠠᠨ ᠬᠥᠮᠦᠵᠢᠯ᠎ᠢ ᠬᠦᠷᠲᠡᠭᠡᠬᠦ᠌᠎ᠪᠠᠷ ᠵᠣᠷᠢᠭ ᠱᠢᠭᠤᠳᠴᠠᠶ ᠭᠡᠪᠠ᠃ ᠣᠲᠣ ᠲᠡᠭᠦᠨ᠎ᠤ ᠬᠡᠦᠬᠡᠨ᠎ᠨᠢ ᠨᠢᠬᠡᠨᠳᠡ ᠵᠡᠭᠦᠨ ᠬᠤᠢᠲᠤ᠎ᠶ᠋ᠢᠨ ᠣᠶ ᠱᠢᠭᠤᠶ᠎ᠶ᠋ᠢᠨ ᠶᠡᠭᠡ ᠰᠤᠷᠭᠠᠭᠤᠯᠢ᠎ᠠᠴᠠ ᠠᠰᠫᠢᠷᠠᠨᠲ ᠲᠡᠭᠦᠰᠦᠭᠡᠳ ᠮᠠᠰᠢ ᠰᠠᠢᠨ ᠠᠵᠢᠯ ᠣᠯᠤᠭ᠍ᠰᠠᠨ ᠪᠠᠢᠨ᠎ᠠ ᠭᠡᠵᠡᠢ᠃

《ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠰᠠᠢᠲᠤᠷ ᠰᠤᠷᠤᠯᠴᠠᠪᠠᠯ ᠦᠪᠡᠷ᠎ᠤᠨ ᠬᠦᠰᠡᠯᠡᠩ᠎ᠢᠶᠠᠨ ᠪᠡᠶᠡᠯᠡᠭᠦᠯᠬᠦ᠌ ᠨᠡᠩ ᠤᠯᠠᠨ ᠠᠵᠠ ᠲᠣᠬᠢᠶᠠᠯ᠎ᠢ ᠣᠯᠵᠤ ᠪᠣᠯᠤᠨ᠎ᠠ᠃ ᠮᠢᠨᠦ᠍ ᠳᠡᠷᠭᠡᠳᠡᠬᠢ ᠮᠠᠰᠢ ᠤᠯᠠᠨ ᠬᠥᠮᠦᠨ ᠤᠯᠤᠰ᠎ᠤᠨ ᠨᠡᠢᠳᠡᠮ ᠬᠡᠷᠡᠭ᠌ᠯᠡᠬᠦ᠌ ᠦᠭᠡ ᠬᠡᠯᠡ ᠦᠰᠦᠭ ᠪᠢᠴᠢᠭ᠎ᠢ ᠪᠣᠯᠪᠠᠰᠤᠷᠠᠩᠭᠤᠢ ᠡᠵᠡᠮᠱᠢᠭ᠌ᠰᠡᠨ ᠵᠡᠷᠭᠡ ᠳᠠᠪᠠᠭᠤᠯᠢᠭ᠎ᠲᠠᠭᠠᠨ ᠲᠦᠱᠢᠭ᠌ᠯᠡᠵᠦ᠍᠂ ᠨᠤᠲᠤᠭ ᠤᠰᠤ᠎ᠪᠠᠨ ᠪᠦᠳᠦᠭᠡᠨ ᠪᠠᠢᠭᠤᠯᠬᠤ᠂ ᠡᠭᠡ ᠤᠯᠤᠰ᠎ᠢᠶᠠᠨ ᠪᠦᠳᠦᠭᠡᠨ ᠪᠠᠢᠭᠤᠯᠬᠤ ᠳᠤᠮᠳᠠ ᠥᠪᠡᠷ᠎ᠤᠨ ᠦᠷᠳᠡᠭ᠎ᠢᠶᠠᠨ ᠪᠡᠶᠡᠯᠡᠭᠦᠯᠦᠭ᠌ᠰᠡᠨ ᠪᠠᠢᠨ᠎ᠠ》 ᠭᠡᠵᠦ᠍ ᠨᠠᠷᠠᠨᠲᠤᠶᠠᠭ᠎ᠠ ᠬᠡᠯᠡᠪᠡ᠃

《ᠪᠠᠭ᠍ᠰᠢ ᠬᠦᠮᠦᠨ ᠪᠣᠯᠤᠭ᠍ᠰᠠᠨ᠎ᠤ ᠬᠤᠪᠢ᠎ᠳᠤ᠂ ᠪᠢᠳᠡ ᠤᠬᠠᠮᠰᠠᠷ᠎ᠠᠴᠠ᠎ᠪᠠᠨ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢ ᠰᠤᠷᠭᠠᠨ ᠬᠥᠮᠦᠵᠢᠯ᠎ᠤᠨ ᠵᠢᠭᠠᠨ ᠰᠤᠷᠭᠠᠯᠲᠠ ᠲᠤᠮᠳᠠ᠎ᠪᠠᠨ ᠲᠤᠭᠤᠱᠢᠯᠠᠭᠤᠯᠵᠤ᠂ ᠬᠡᠤᠬᠡᠳ ᠊ᠦᠶ᠎ᠠ᠎ᠠᠴᠠ᠎ᠨᠢ ᠡᠬᠢᠯᠡᠨ ᠠᠳᠭᠤᠬᠤ᠎ᠶ᠋ᠢ ᠪᠠᠷᠢᠮᠲᠠᠯᠠᠵᠤ᠂ 〈ᠭᠤᠷᠪᠠᠨ ᠰᠠᠯᠵᠤ ᠴᠢᠳᠠᠬᠤ ᠥᠬᠡᠶ〉᠂ 〈ᠲᠠᠪᠤᠨ ᠬᠠᠮᠲᠤ᠎ᠶ᠋ᠢᠨ ᠲᠠᠨᠢᠯᠲᠠ〉 ᠦᠨᠳᠦᠰᠦᠲᠡᠨ᠎ᠨᠦᠭᠦᠳ᠎ᠤᠨ ᠪᠠᠭ᠍ᠰᠢ ᠰᠤᠷᠤᠭ᠍ᠴᠢᠳ᠎ᠤᠨ ᠰᠡᠳᠭᠢᠯ᠎ᠳᠤ ᠦᠨᠳᠦᠰᠦᠯᠡᠨ ᠰᠣᠶᠣᠭᠠᠯᠠᠵᠤ᠂ ᠴᠡᠴᠡᠭ᠌ᠯᠡᠨ ᠵᠢᠮᠢᠰᠯᠡᠬᠦ᠌᠎ᠶ᠋ᠢ ᠴᠢᠷᠮᠠᠢᠨ ᠠᠬᠢᠭᠤᠯᠵᠤ᠂ ᠦᠨᠳᠦᠰᠦᠲᠡᠨ᠎ᠨᠦᠭᠦᠳ᠎ᠤᠨ ᠥᠷᠭᠡᠨ ᠳᠡᠯᠭᠡᠷ ᠶᠠᠪᠤᠯᠴᠠᠬᠤ᠂ ᠪᠥᠬᠦ᠌ ᠲᠠᠯ᠎ᠠ᠎ᠪᠠᠷ ᠰᠣᠯᠢᠯᠴᠠᠬᠤ᠂ ᠭᠦᠨᠵᠡᠭᠡᠶ ᠠᠭᠤᠰᠤᠯᠴᠠᠬᠤ᠎ᠶ᠋ᠢ ᠠᠬᠢᠭᠤᠯᠬᠤ ᠬᠡᠷᠡᠭ᠌ᠲᠡᠶ》 ᠭᠡᠵᠦ᠍ ᠨᠠᠷᠠᠨᠲᠤᠶᠠᠭ᠎ᠠ ᠬᠡᠯᠡᠪᠡ᠃


3902215_lity_1615396822677_m.jpg


                        ᠨᠠᠷᠠᠨᠲᠤᠶᠠᠭ᠎ᠠ ᠲᠥᠯᠥᠭᠡᠯᠡᠭ᠌ᠴᠢ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号