ᠵᠶ᠋ᠢ ᠫᠢᠩ᠄ ᠬᠤᠪᠢᠰᠭᠠᠯ᠎ᠤᠨ ᠰᠤᠶᠤᠯ᠎ᠢ ᠪᠠᠳᠠᠷᠠᠭᠤᠯᠵᠦ᠍ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠨ᠎ᠠ
2021-03-16 11:28:10
ᠵᠣᠬᠢᠶᠠᠭ᠍ᠴᠢ᠄
ᠴᠠᠢ ᠰᠧ ᠶᠤᠸᠠᠨ
ᠣᠩᠱᠢᠭ᠍ᠰᠠᠨ ᠣᠳᠠᠭ᠎ᠠ᠄
★★★☆☆

3 ᠰᠠᠷ᠎ᠠ᠎ᠶ᠋ᠢᠨ 14 ᠎ᠤ ᠦᠳᠡ᠎ᠶ᠋ᠢᠨ ᠡᠮᠦᠨ᠎ᠠ᠂ ᠥᠪᠦᠷ ᠮᠤᠩᠭᠤᠯ᠎ᠤᠨ ᠲᠡᠦᠭᠡ᠎ᠶ᠋ᠢᠨ ᠲᠤᠷᠠᠰᠭᠠᠯᠳᠦ ᠵᠦᠢᠯ᠎ᠤᠨ ᠬᠠᠮᠠᠭᠠᠯᠠᠯᠳᠠ᠎ᠶ᠋ᠢᠨ ᠲᠦᠪ᠎ᠤᠨ ᠬᠤᠷᠠᠯ᠎ᠤᠨ ᠭᠡᠷ᠎ᠲᠤ᠌᠂ ᠪᠦᠬᠦ᠌ ᠤᠯᠤᠰ᠎ᠤᠨ ᠬᠤᠶᠠᠷ ᠬᠤᠷᠠᠯ᠎ᠠᠴᠠ ᠠᠵᠢᠯ᠎ᠤᠨ ᠪᠠᠢᠷᠢ᠎ᠳᠠᠭᠠᠨ ᠪᠤᠴᠠᠬ᠍ᠰᠠᠨ ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠦᠪᠯᠡᠯᠭᠡᠨ᠎ᠤ ᠭᠡᠱᠢᠬᠦᠨ᠂ ᠥᠪᠦᠷ ᠮᠤᠩᠭᠤᠯ᠎ᠤᠨ ᠲᠡᠦᠭᠡ᠎ᠶ᠋ᠢᠨ ᠲᠤᠷᠠᠰᠭᠠᠯᠳᠦ ᠵᠦᠢᠯ᠎ᠤᠨ ᠬᠠᠮᠠᠭᠠᠯᠠᠯᠳᠠ᠎ᠶ᠋ᠢᠨ ᠲᠦᠪ᠎ᠤᠨ ᠡᠷᠬᠢᠯᠡᠭ᠌ᠴᠢ ᠵᠶ᠋ᠢ ᠫᠢᠩ ᠬᠠᠮᠳᠤ ᠠᠵᠢᠯᠯᠠᠬ᠍ᠰᠠᠳ᠎ᠲᠠᠭᠠᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠤᠬᠠᠭᠤᠯᠤᠨ ᠲᠠᠢᠯᠪᠤᠷᠢᠯᠡᠵᠦ᠍᠂ ᠬᠤᠷᠠᠯ᠎ᠳᠤ ᠤᠷᠤᠯᠴᠠᠬ᠍ᠰᠠᠨ ᠲᠦᠷᠦᠭ᠌ᠳᠡᠯ᠎ᠢᠶᠠᠨ ᠲᠡᠷᠡ ᠳᠠᠷᠤᠢ᠎ᠳᠤᠨᠢ ᠬᠠᠮᠳᠤ ᠠᠵᠢᠯᠯᠠᠭ᠍ᠰᠠᠳ᠎ᠲᠠᠢ᠎ᠪᠠᠨ ᠬᠤᠪᠢᠶᠠᠯᠴᠠᠵᠦ᠍ ᠪᠠᠢᠯ᠎ᠠ᠃

ᠵᠶ᠋ᠢ ᠫᠢᠩ᠄ 《ᠶᠡᠷᠦᠩᠭᠡᠢ ᠱᠦᠵᠢ ᠰᠢ᠎ᠶ᠋ᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠥᠬᠡᠯᠡᠭ᠌ᠴᠢᠳ᠎ᠤᠨ ᠶᠡᠭᠡ ᠬᠤᠷᠡᠯ᠎ᠤᠨ ᠲᠦᠷᠪᠡᠳᠦᠭᠡᠷ ᠬᠤᠷᠡᠯ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ᠂ ᠨᠠᠮ᠎ᠤᠨ ᠲᠡᠦᠭᠡ᠎ᠶ᠋ᠢᠨ ᠰᠤᠷᠤᠯᠴᠠᠯᠭ᠎ᠠ ᠬᠦᠮᠦᠵᠢᠯ᠎ᠢ ᠰᠠᠢᠳᠤᠷ ᠠᠳᠭᠤᠵᠦ᠍᠂ ᠪᠦᠬᠦ᠌ ᠨᠠᠮ᠎ᠤᠨ ᠭᠡᠱᠢᠭᠦᠨ᠎ᠢ ᠬᠦᠮᠦᠵᠢᠭᠦᠯᠦᠨ ᠳᠠᠭᠠᠭᠤᠯᠵᠤ ᠪᠠᠢᠭᠠᠳ ᠤᠬ ᠰᠠᠨᠠᠭ᠎ᠠ᠎ᠪᠠᠨ ᠦᠯᠦ᠍ ᠮᠠᠷᠳᠠᠨ ᠡᠬᠦᠷᠭᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠵᠦ᠍᠂ ᠳᠤᠮᠳᠠᠳᠤ ᠤᠯᠤᠰ᠎ᠤᠨ ᠠᠷᠠᠳ ᠲᠦᠮᠡᠨ᠎ᠳᠤ ᠵᠤᠯ ᠵᠢᠷᠭᠠᠯ ᠡᠳ᠋ᠯᠡᠭᠦᠯᠬᠦ᠂ ᠳᠤᠮᠳᠠᠳᠤ᠎ᠶ᠋ᠢᠨ ᠦᠨᠳᠦᠰᠦᠳᠡᠨ᠎ᠤ ᠰᠡᠷᠬᠦᠨ ᠮᠠᠨᠳᠤᠯᠳᠠ᠎ᠶ᠋ᠢ ᠪᠡᠶᠡᠯᠡᠭᠦᠯᠬᠦ᠌᠎ᠪᠠᠷ ᠡᠷᠡᠰ ᠭᠤᠢᠪᠢᠰᠢ ᠦᠭᠡᠢ ᠴᠢᠷᠮᠠᠢᠬᠤ ᠭᠡᠷᠡᠭ᠌ᠲᠡᠢ ᠭᠡᠵᠦ᠍ ᠴᠢᠬᠤᠯᠠᠴᠢᠯᠠᠪᠠ᠃ ᠬᠤᠪᠢᠰᠭᠠᠯ᠎ᠤᠨ ᠲᠡᠦᠭᠡ᠎ᠶ᠋ᠢᠨ ᠳᠤᠷᠠᠰᠭᠠᠯᠳᠦ ᠵᠦᠢᠯ ᠪᠤᠯ ᠬᠤᠪᠢᠰᠭᠠᠯ᠎ᠤᠨ ᠰᠤᠶᠤᠯ᠎ᠤᠨ ᠠᠴᠢᠶᠠᠯᠠᠪᠤᠷᠢ ᠮᠦᠨ᠂ ᠬᠤᠪᠢᠰᠭᠠᠯ᠎ᠤᠨ ᠤᠷᠢᠳᠤᠰ᠎ᠤᠨ ᠳᠠᠭᠤᠯᠠᠮ᠎ᠠ ᠬᠠᠢᠯᠠᠮ᠎ᠠ ᠪᠠᠭᠠᠳᠤᠷᠯᠢᠭ ᠦᠢᠯᠡ ᠠᠵᠢᠯᠯᠠᠭ᠎ᠠ ᠪᠠ ᠳᠡᠳᠡᠨ᠎ᠤ ᠡᠷᠡᠯᠭᠡᠭ ᠪᠠᠭᠠᠳᠤᠷᠯᠢᠭ᠎ᠢᠶᠠᠷ ᠲᠡᠮᠡᠴᠡᠬᠦ᠂ ᠦᠷᠡᠭ᠌ᠳᠡᠬᠦ᠌᠎ᠠᠴᠠ ᠦᠯᠦ᠍ ᠠᠶᠤᠬᠤ᠂ ᠬᠤᠭᠤᠷᠠᠬ᠍ᠰᠠᠨ ᠴᠦ᠍ ᠨᠤᠭᠤᠷᠠᠬᠤ ᠦᠭᠡᠢ ᠪᠠᠢᠬᠤ ᠬᠤᠪᠢᠰᠭᠠᠯ᠎ᠤᠨ ᠤᠯᠠᠮᠵᠢᠯᠠᠯ ᠪᠠ ᠬᠤᠪᠢᠰᠭᠠᠯ᠎ᠤᠨ ᠵᠤᠷᠢᠭ ᠰᠠᠨᠠᠭ᠎ᠠ᠎ᠶ᠋ᠢ ᠠᠴᠢᠶᠠᠯᠠᠵᠦ᠍ ᠪᠠᠢᠳᠠᠭ᠂ ᠡᠨᠡ ᠪᠤᠯ ᠮᠠᠨ᠎ᠤ ᠨᠠᠮ᠂ ᠤᠯᠤᠰ᠂ ᠠᠷᠠᠳ ᠲᠦᠮᠡᠨ᠎ᠤ ᠬᠤᠪᠤᠷ ᠨᠠᠨᠳᠢᠨ ᠦᠪ ᠬᠦᠷᠦᠩᠭᠡ ᠮᠦᠨ᠃ ᠪᠢᠳᠠ ᠬᠤᠪᠢᠰᠭᠠᠯ᠎ᠤᠨ ᠲᠡᠦᠭᠡ᠎ᠶ᠋ᠢᠨ ᠲᠤᠷᠠᠰᠭᠠᠯᠳᠦ ᠵᠦᠢᠯ᠎ᠢ ᠬᠠᠮᠠᠭᠠᠯᠠᠨ ᠠᠱᠢᠬ᠍ᠯᠠᠬᠤ ᠪᠠ ᠤᠯᠠᠮᠵᠢᠯᠠᠬᠤ ᠠᠵᠢᠯ᠎ᠢ ᠰᠠᠢᠳᠤᠷ ᠬᠢᠵᠦ᠍᠂ ᠬᠤᠪᠢᠰᠭᠠᠯ᠎ᠤᠨ ᠲᠡᠦᠭᠡ᠎ᠶ᠋ᠢᠨ ᠳᠤᠷᠠᠰᠭᠠᠯᠳᠦ ᠵᠦᠢᠯ᠎ᠢ ᠬᠠᠮᠠᠭᠠᠯᠠᠬᠤ ᠪᠠ ᠳᠡᠯᠭᠡᠨ ᠦᠵᠡᠬᠦᠯᠬᠦ᠌ ᠠᠵᠢᠯ᠎ᠢᠶᠠᠨ ᠬᠦᠴᠦᠯᠡᠨ ᠴᠢᠩᠭᠠᠳᠭᠠᠨ᠎ᠠ᠃ ᠬᠤᠪᠢᠰᠭᠠᠯ᠎ᠤᠨ ᠲᠡᠦᠭᠡ᠎ᠶ᠋ᠢᠨ ᠲᠤᠷᠠᠰᠭᠠᠯᠳᠦ ᠵᠦᠢᠯ᠎ᠤᠨ ᠦᠷᠳᠡᠭ᠎ᠢ ᠠᠭᠤᠳᠠᠯᠤᠨ ᠰᠤᠳᠤᠯᠬᠤ ᠠᠵᠢᠯ᠎ᠢᠶᠠᠨ ᠴᠢᠩᠭᠠᠳᠭᠠᠵᠦ᠍᠂ ᠬᠤᠪᠢᠰᠭᠠᠯ᠎ᠤᠨ ᠤᠯᠠᠮᠵᠢᠯᠠᠯ ᠬᠦᠮᠦᠵᠢᠯ᠎ᠢ ᠡᠷᠴᠢᠮᠵᠢᠬᠦᠯᠬᠦ᠌᠎ᠨᠢ ᠬᠤᠪᠢᠰᠭᠠᠯ᠎ᠤᠨ ᠲᠡᠦᠭᠡ᠎ᠶ᠋ᠢᠨ ᠲᠤᠷᠠᠰᠭᠠᠯᠳᠦ ᠵᠦᠢᠯ᠎ᠢ ᠰᠠᠢᠳᠤᠷ ᠬᠠᠮᠠᠭᠠᠯᠠᠵᠦ᠍᠂ ᠰᠠᠢᠳᠤᠷ ᠰᠤᠳᠤᠯᠤᠨ᠂ ᠰᠠᠢᠳᠤᠷ ᠠᠱᠢᠬ᠍ᠯᠠᠵᠦ᠍᠂ ᠬᠤᠪᠢᠰᠭᠠᠯ᠎ᠤᠨ ᠰᠤᠶᠤᠯ᠎ᠢ ᠪᠠᠳᠠᠷᠠᠭᠤᠯᠤᠨ᠂ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠵᠦ᠍᠂ ᠦᠷᠭᠡᠨ ᠤᠯᠠᠨ ᠠᠷᠠᠳ ᠲᠦᠮᠡᠨ᠎ᠤ ᠦᠵᠡᠯ ᠰᠠᠨᠠᠭ᠎ᠠ ᠤᠯᠤᠰ ᠲᠦᠷᠦ᠎ᠶ᠋ᠢᠨ ᠤᠬᠠᠮᠰᠠᠷ᠎ᠢ ᠴᠢᠩᠭᠠᠳᠭᠠᠬᠤ᠎ᠳᠤ ᠲᠦᠢᠯ᠎ᠤᠨ ᠴᠢᠬᠤᠯᠠ ᠠᠬᠤᠢ᠍ᠢᠴᠢ ᠠᠴᠢ ᠬᠤᠯᠪᠤᠭ᠍ᠳᠠᠯ᠎ᠲᠠᠢ ᠶᠤᠮ》 ᠭᠡᠪᠡ᠃

ᠡᠨᠡ ᠵᠢᠯ᠎ᠤᠨ ᠬᠤᠶᠠᠷ ᠬᠤᠷᠠᠯ᠎ᠳᠤ ᠤᠷᠤᠯᠴᠠᠭ᠍ᠰᠠᠨ ᠲᠦᠷᠦᠭ᠌ᠳᠡᠯ᠎ᠢᠶᠠᠨ ᠶᠠᠷᠢᠬᠤ᠎ᠳᠤ ᠵᠶ᠋ᠢ ᠫᠢᠩ ᠮᠦᠨ ᠬᠦ᠌ ᠲᠤᠬ᠍ᠳᠤᠯᠤᠭ᠍ᠰᠠᠨ ᠰᠡᠳᠭᠢᠯ᠎ᠢᠶᠠᠨ ᠳᠠᠷᠤᠵᠦ᠍ ᠶᠠᠳᠠᠨ᠄ 《2020 ᠤᠨ ᠪᠤᠯ ᠲᠦᠢᠯ᠎ᠤᠨ ᠶᠡᠷᠦ᠍ ᠪᠤᠰᠤ᠎ᠶ᠋ᠢᠨ ᠨᠢᠭᠡ ᠵᠢᠯ ᠮᠦᠨ᠂ ᠱᠢᠨ᠎ᠠ ᠳᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ ᠪᠠ ᠳᠡᠯᠡᠭᠡᠢ᠎ᠶ᠋ᠢᠨ ᠠᠵᠤ ᠠᠬᠤᠢ ᠶᠡᠭᠡ᠎ᠪᠠᠷ ᠮᠠᠭᠤᠳᠠᠭ᠍ᠰᠠᠨ ᠬᠦᠨᠳᠦ ᠨᠤᠴᠢᠳᠠᠢ ᠳᠠᠭᠠᠷᠢᠯᠳᠠ᠎ᠶ᠋ᠢᠨ ᠡᠮᠦᠨ᠎ᠠ᠂ ᠪᠢᠳᠠ ᠳᠡᠯᠡᠭᠡᠢ ᠳ᠋ᠠᠬᠢᠨ᠎ᠤ ᠠᠩᠬᠠᠷᠤᠯ᠎ᠢ ᠳᠠᠳᠠᠭ᠍ᠰᠠᠨ ᠠᠮᠵᠢᠯᠳᠠ ᠤᠯᠵᠠᠢ᠃ ᠪᠦᠬᠦ᠌ ᠪᠦᠮᠪᠦᠷᠴᠡᠭ᠎ᠤᠨ ᠠᠵᠤ ᠠᠬᠤᠢ᠎ᠶ᠋ᠢᠨ ᠴᠤᠬ᠍ᠴᠠ ᠳᠤᠮᠳᠠ ᠠᠵᠤ ᠠᠬᠤᠢ᠎ᠶ᠋ᠢᠨ ᠡᠶᠡᠷᠬᠦ᠌ ᠨᠡᠮᠡᠭ᠌ᠳᠡᠯ᠎ᠢ ᠪᠡᠶᠡᠯᠡᠬᠦᠯᠦᠭ᠌ᠰᠡᠨ ᠴᠤᠷ᠎ᠤᠨ ᠭᠠᠭ᠍ᠴᠠ ᠠᠵᠤ ᠠᠬᠤᠢ᠎ᠶ᠋ᠢᠨ ᠴᠤᠬ᠍ᠴᠠ ᠪᠤᠯᠵᠦ᠍᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠳᠤ ᠪᠦᠬᠦ᠌ ᠲᠠᠯ᠎ᠠ᠎ᠶ᠋ᠢᠨ ᠢᠯᠠᠯᠳᠠ ᠤᠯᠵᠠᠢ᠃ ᠡᠳᠡᠭᠡᠷ ᠠᠮᠵᠢᠯᠳᠠ ᠪᠦᠳᠦᠮᠵᠢ᠎ᠨᠢ ᠨᠠᠮ᠎ᠤᠨ ᠲᠦᠪ ᠬᠤᠷᠢᠶᠠᠨ᠎ᠤ ᠪᠠᠳᠤ ᠴᠢᠩᠭ᠎ᠠ ᠤᠳᠤᠷᠢᠳᠭᠤ ᠴᠢᠳᠠᠪᠤᠷᠢ᠎ᠶ᠋ᠢ ᠬᠦᠢᠴᠡᠳ ᠢᠯᠡᠷᠡᠬᠦᠯᠦᠭ᠌ᠰᠡᠨ ᠪᠦᠭᠡᠳ ᠪᠦᠬᠦ᠌ ᠤᠯᠤᠰ᠎ᠤᠨ ᠠᠷᠠᠳ ᠲᠦᠮᠡᠨ᠎ᠤ ᠪᠦᠯᠬᠦᠮᠳᠡᠨ ᠲᠡᠮᠡᠴᠡᠭ᠌ᠰᠡᠨ᠎ᠤ ᠦᠷ᠎ᠡ ᠳ᠋ᠦᠩ ᠪᠤᠯᠤᠨ᠎ᠡ᠃ 

ᠪᠢᠳᠠ ᠶᠡᠷᠤᠩᠭᠡᠢ ᠱᠦᠵᠢ᠎ᠶ᠋ᠢᠨ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠶ᠋ᠢ ᠪᠠᠳᠤ ᠴᠡᠭᠡᠵᠢᠯᠡᠵᠤ᠂ ᠲᠡᠤᠭᠡᠨ ᠲᠤᠷᠠᠰᠭᠠᠯᠳᠤ ᠵᠦᠢᠯ᠎ᠢ ᠰᠠᠬᠢᠨ ᠬᠠᠮᠠᠭᠠᠯᠠᠬᠤ ᠴᠢᠬᠤᠯᠠ ᠡᠬᠦᠷᠭᠡ᠎ᠶ᠋ᠢ ᠰᠠᠢᠳᠤᠷ ᠡᠬᠦᠷᠭᠡᠯᠡᠪᠡᠯ ᠵᠤᠬᠢᠨ᠎ᠡ》 ᠬᠡᠪᠡ᠃

ᠬᠤᠶᠠᠷ ᠬᠤᠷᠠᠯ᠎ᠤᠨ ᠬᠤᠭᠤᠴᠠᠭᠠᠨ᠎ᠳᠤ᠂ ᠵᠶ᠋ᠢ ᠫᠢᠩ ᠡᠯ᠎ᠡ ᠵᠦᠢᠯ᠎ᠤᠨ ᠠᠵᠠ ᠲᠤᠬᠢᠶᠠᠯ᠎ᠢ ᠢᠳᠡᠪᠬᠢᠳᠠᠢ ᠵᠠᠪᠳᠤᠨ ᠠᠳᠭᠤᠵᠤ᠂ ᠬᠤᠪᠢᠰᠭᠠᠯ᠎ᠤᠨ ᠬᠠᠭᠤᠴᠢᠨ ᠰᠠᠭᠤᠴᠠ ᠬᠠᠭᠤᠴᠢᠨ ᠪᠠᠭᠤᠷᠢ᠎ᠶ᠋ᠢ ᠬᠠᠮᠠᠭᠠᠯᠠᠵᠤ ᠰᠡᠯᠪᠢᠨ ᠵᠠᠰᠠᠬᠤ ᠵᠠᠷᠤᠳᠠᠯ᠎ᠤᠨ ᠪᠡᠯᠡ ᠤᠷᠤᠭᠤᠯᠤᠯᠳᠠ᠎ᠶ᠋ᠢ ᠨᠡᠮᠡᠭ᠌ᠳᠡᠬᠦᠯᠵᠤ᠂ ᠵᠠᠭᠤᠨ ᠵᠢᠯ᠎ᠤᠨ ᠨᠠᠮ᠎ᠤᠨ ᠲᠡᠤᠭᠡ᠎ᠶ᠋ᠢᠨ ᠴᠢᠬᠤᠯᠠ ᠶᠡᠭᠡ ᠭᠡᠷᠡᠭ ᠶᠠᠪᠤᠳᠠᠯ᠎ᠤᠨ ᠦᠯᠡᠳᠡᠭ᠌ᠳᠡᠯ᠂ ᠴᠢᠬᠤᠯᠠ ᠬᠤᠷᠠᠯ᠎ᠤᠨ ᠦᠯᠡᠳᠡᠭ᠌ᠳᠡᠯ ᠪᠠᠭᠤᠷᠢ᠂ ᠴᠢᠬᠤᠯᠠ ᠪᠠᠢᠭᠤᠯᠤᠮᠵᠢ᠎ᠶ᠋ᠢᠨ ᠬᠠᠭᠤᠴᠢᠨ ᠪᠠᠭᠤᠷᠢ᠂ ᠴᠢᠬᠤᠯᠠ ᠬᠦᠮᠦᠰ᠎ᠤᠨ ᠬᠠᠭᠤᠴᠢᠨ ᠰᠠᠭᠤᠴᠠ᠎ᠶ᠋ᠢ ᠬᠠᠮᠠᠭᠠᠯᠠᠨ ᠲᠡᠯᠭᠡᠨ ᠦᠵᠡᠬᠦᠯᠬᠦ᠌ ᠲᠦᠪᠱᠢᠨ᠎ᠢ ᠲᠡᠭᠡᠭ᠌ᠰᠢᠯᠡᠬᠦᠯᠪᠡᠯ ᠵᠤᠬᠢᠨ᠎ᠡ ᠭᠡᠵᠤ ᠰᠠᠨᠠᠭᠤᠯᠭ᠎ᠠ ᠭᠠᠷᠭᠠᠪᠠ᠃

ᠤᠬᠠᠭᠤᠯᠤᠨ ᠲᠠᠢᠯᠪᠤᠷᠢᠯᠡᠬᠤ ᠲᠤᠮᠳᠠ᠂ ᠵᠶ᠋ᠢ ᠫᠢᠩ ᠪᠠᠰᠠ ᠬᠠᠮᠳᠤ ᠠᠵᠢᠯᠯᠠᠬ᠍ᠰᠡᠳ᠎ᠲᠠᠢ᠎ᠪᠠᠨ ᠬᠠᠮᠳᠤ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠰᠤᠷᠤᠯᠴᠠᠪᠠ᠃ ᠵᠶ᠋ᠢ ᠫᠢᠩ᠄ 《ᠢᠯᠡᠳᠭᠡᠯ᠎ᠨᠢ 〈ᠠᠷᠪᠡᠨ ᠭᠤᠷᠪᠠᠳᠤᠭᠠᠷ ᠲᠠᠪᠤᠨ ᠵᠢᠯ〉 ᠎ᠤᠨ ᠬᠤᠭᠤᠴᠠᠭᠠᠨ᠎ᠤ ᠬᠦᠭ᠌ᠵᠢᠯᠳᠠ᠎ᠶ᠋ᠢᠨ ᠠᠮᠵᠢᠯᠳᠠ ᠪᠦᠳᠦᠮᠵᠢ᠎ᠶ᠋ᠢ ᠡᠷᠬᠢᠴᠡᠬᠦᠯᠵᠤ᠂ 〈ᠠᠷᠪᠡᠨ ᠲᠦᠷᠪᠠᠳᠤᠭᠡᠷ ᠲᠠᠪᠤᠨ ᠵᠢᠯ〉 ᠎ᠤᠨ ᠬᠤᠭᠤᠴᠠᠭᠠᠨ᠎ᠤ ᠭᠤᠤᠯ ᠬᠠᠷᠠᠯᠳᠠ ᠡᠬᠦᠷᠭᠡ᠎ᠶ᠋ᠢ ᠲᠤᠳᠤᠷᠬᠠᠢᠯᠠᠬ᠍ᠰᠡᠨ ᠪᠦᠭᠡᠳ ᠡᠨᠡ ᠵᠢᠯ᠎ᠤᠨ ᠠᠵᠢᠯ᠎ᠳᠤ ᠴᠢᠬᠤᠯᠠ ᠪᠠᠢᠷᠢᠯᠠᠭᠤᠯᠤᠯᠳᠠ ᠬᠢᠭ᠌ᠰᠡᠨ᠎ᠨᠢ ᠪᠢᠳᠠ᠎ᠢ ᠢᠷᠡᠭᠡᠳᠤᠢ᠎ᠳᠡᠭᠡᠨ ᠢᠳᠡᠭᠡᠯ ᠲᠡᠬᠦᠯᠳᠡᠷ ᠪᠤᠯᠭᠠᠵᠠᠢ》 ᠬᠡᠵᠤ ᠬᠡᠯᠡᠪᠡ᠃ ᠲᠡᠤᠭᠡ᠎ᠶ᠋ᠢᠨ ᠲᠤᠷᠠᠰᠭᠠᠯᠳᠤ ᠵᠦᠢᠯ᠎ᠤᠨ ᠮᠦᠽᠸᠢ᠎ᠶ᠋ᠢᠨ ᠠᠵᠢᠯᠳᠠᠨ ᠪᠤᠯᠤᠬ᠍ᠰᠡᠨ᠎ᠤ ᠬᠤᠪᠢ᠎ᠳᠤ᠂ ᠵᠶ᠋ᠢ ᠫᠢᠩ ᠢᠯᠡᠳᠭᠡᠯ᠎ᠳᠤ ᠬᠤᠯᠪᠤᠬ᠍ᠳᠠᠬ᠍ᠰᠡᠨ ᠰᠤᠶᠤᠯ᠎ᠤᠨ ᠬᠦᠭ᠌ᠵᠢᠯᠳᠠ ᠭᠢᠭᠡᠳ ᠲᠡᠤᠭᠡ᠎ᠶ᠋ᠢᠨ ᠲᠤᠷᠠᠰᠭᠠᠯᠳᠤ ᠵᠦᠢᠯ᠎ᠢ ᠬᠠᠮᠠᠭᠠᠯᠠᠬᠤ ᠲᠠᠯ᠎ᠡ᠎ᠪᠠᠷ᠎ᠬᠢ ᠠᠭᠤᠯᠭ᠎ᠠ᠎ᠶ᠋ᠢ ᠤᠨᠴᠠᠭᠠᠢ ᠠᠩᠬᠠᠷᠴᠤ᠌ ᠪᠠᠢᠯ᠎ᠡ᠃ 《ᠢᠯᠡᠳᠭᠡᠯ᠎ᠳᠤ᠂ ᠲᠡᠤᠭᠡ᠎ᠶ᠋ᠢᠨ ᠲᠤᠷᠠᠰᠭᠠᠯᠳᠤ ᠵᠦᠢᠯ᠎ᠢ ᠬᠠᠮᠠᠭᠠᠯᠠᠨ ᠠᠱᠢᠬ᠍ᠯᠠᠬᠤ ᠪᠠ ᠪᠤᠳᠠᠰ᠎ᠤᠨ ᠪᠤᠰᠤ ᠰᠤᠶᠤᠯ᠎ᠤᠨ ᠦᠪ᠎ᠢ ᠤᠯᠠᠮᠵᠢᠯᠠᠬᠤ᠎ᠶ᠋ᠢ ᠴᠢᠩᠭᠠᠳᠭᠠᠬᠤ ᠭᠡᠷᠡᠭ᠌ᠳᠠᠢ᠃ ᠬᠤᠳᠠ ᠬᠦᠳᠡᠭᠡ᠎ᠶ᠋ᠢᠨ ᠤᠯᠠᠨ ᠨᠠᠢᠳᠠ᠎ᠶ᠋ᠢᠨ ᠰᠤᠶᠤᠯ᠎ᠤᠨ ᠦᠢᠯᠡᠴᠢᠯᠡᠭᠡᠨ᠎ᠤ ᠱᠢᠰᠲᠧᠮ᠎ᠤᠨ ᠨᠢᠭᠡ ᠴᠤᠬ᠍ᠴᠠᠵᠢᠬ᠍ᠰᠡᠨ ᠪᠠᠢᠭᠤᠯᠤᠯᠳᠠ᠎ᠶ᠋ᠢ ᠠᠬᠢᠭᠤᠯᠵᠤ᠂ ᠰᠤᠶᠤᠯ᠎ᠢᠶᠠᠷ ᠠᠷᠠᠳ᠎ᠲᠤ ᠠᠱᠢᠭ ᠬᠦᠷᠳᠡᠭᠡᠬᠦ᠌ ᠢᠨᠵᠧᠨᠧᠷᠢᠩ᠎ᠢ ᠭᠡᠷᠡᠭ᠌ᠵᠢᠬᠦᠯᠬᠦ᠌᠎ᠶ᠋ᠢᠨ ᠱᠢᠨ᠎ᠡ᠎ᠶ᠋ᠢ ᠡᠬᠦᠳᠴᠤ᠌᠂ ᠪᠦᠬᠦ᠌ ᠠᠷᠠᠳ᠎ᠢᠶᠠᠷ᠎ᠢᠶᠠᠨ ᠨᠤᠮ ᠤᠡᠭ᠌ᠰᠢᠬᠤ᠎ᠶ᠋ᠢ ᠰᠠᠨᠠᠭᠠᠴᠢᠯᠠᠬᠤ ᠭᠡᠷᠡᠭ᠌ᠳᠠᠢ᠃ ᠪᠦᠬᠦ᠌ ᠠᠷᠠᠳ᠎ᠤᠨ ᠪᠡᠶ᠎ᠡ ᠴᠢᠬᠢᠷᠠᠬ᠍ᠵᠢᠭᠤᠯᠬᠤ ᠤᠯᠠᠨ ᠨᠠᠢᠳᠠ᠎ᠶ᠋ᠢᠨ ᠦᠢᠯᠡᠴᠢᠯᠡᠭᠡᠨ᠎ᠤ ᠱᠢᠰᠲᠧᠮ᠎ᠢ ᠲᠡᠬᠦᠯᠳᠡᠷᠵᠢᠬᠦᠯᠬᠦ᠌ ᠭᠡᠷᠡᠭ᠌ᠳᠠᠢ ᠭᠡᠵᠤ ᠵᠢᠭᠠᠵᠤ ᠭᠠᠷᠭᠠᠪᠠ᠃ ᠡᠳᠡᠭᠡᠷ ᠠᠭᠤᠯᠭ᠎ᠠ᠎ᠨᠢ ᠪᠢᠳᠠᠨ᠎ᠤ ᠰᠤᠶᠤᠯ ᠵᠢᠭᠤᠯᠴᠢᠯᠠᠯ᠎ᠤᠨ ᠠᠵᠢᠯ᠎ᠤᠨ ᠬᠦᠭ᠌ᠵᠢᠯᠳᠠ᠎ᠳᠤ ᠴᠢᠭ᠌ᠯᠡᠯ᠎ᠢ ᠲᠤᠳᠤᠷᠬᠠᠢ ᠵᠢᠭᠠᠵᠤ ᠦᠭ᠌ᠴᠠᠢ》 ᠭᠡᠵᠤ ᠵᠶ᠋ᠢ ᠫᠢᠩ ᠬᠡᠯᠡᠪᠡ᠃

ᠴᠠᠭ ᠭᠠᠷᠤᠢ᠎ᠶ᠋ᠢᠨ ᠤᠬᠠᠭᠤᠯᠤᠨ ᠲᠠᠢᠯᠪᠤᠷᠢᠯᠠᠬᠤ ᠲᠤᠮᠳᠠ᠂ ᠵᠶ᠋ᠢ ᠫᠢᠩ ᠨᠠᠷᠢᠨ ᠬᠢᠨᠠᠮᠠᠭᠠᠢ ᠲᠠᠢᠯᠪᠤᠷᠢᠯᠠᠵᠤ᠂ ᠬᠤᠷᠢᠶᠠᠩᠭᠤᠢ᠍ᠢᠯᠠᠨ ᠳ᠋ᠦᠡᠭ᠌ᠨᠡᠵᠤ᠂ ᠵᠦᠢᠯ ᠵᠤᠷᠪᠤᠰ ᠲᠤᠳᠤᠷᠬᠠᠢ ᠶᠠᠷᠢᠵᠤ ᠪᠠᠢᠯ᠎ᠡ; ᠤᠯᠠᠨ᠎ᠢᠶᠠᠷ᠎ᠢᠶᠠᠨ ᠰᠡᠳᠭᠢᠯ ᠲᠠᠯᠪᠢᠨ ᠰᠤᠨᠤᠰᠴᠤ᠌᠂ ᠪᠠᠢᠨ ᠪᠠᠢᠨ ᠲᠡᠮᠳᠡᠭ᠌ᠯᠡᠯ᠎ᠤᠨ ᠲᠡᠪᠳᠡᠷ ᠲᠡᠭᠡᠷ᠎ᠡ᠎ᠪᠠᠨ ᠭᠤᠤᠯᠳᠠᠯᠭ᠎ᠠ᠎ᠲᠠᠢ ᠵᠦᠢᠯ᠎ᠢ ᠲᠡᠮᠳᠡᠭ᠌ᠯᠡᠵᠤ ᠪᠠᠢᠯ᠎ᠡ᠂ ᠬᠤᠷᠠᠯ᠎ᠳᠤ ᠤᠷᠤᠯᠴᠠᠬ᠍ᠰᠡᠨ ᠬᠦᠮᠦᠰ᠂ 《ᠵᠶ᠋ᠢ ᠫᠢᠩ ᠭᠡᠱᠢᠬᠦᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠬᠠᠮᠤᠭ᠎ᠤᠨ ᠲᠡᠷᠢᠬᠦᠨ᠎ᠳᠤ ᠪᠢᠳᠠᠨ᠎ᠳᠤ ᠤᠯᠠᠮᠵᠢᠯᠠᠬ᠍ᠰᠡᠨ᠎ᠳᠤ ᠪᠢᠳᠠ ᠲᠦᠢᠯ᠎ᠢᠶᠠᠷ ᠵᠤᠷᠢᠬ᠍ᠵᠢᠯ᠎ᠡ᠃ ᠪᠢᠳᠠ ᠠᠵᠢᠯ᠎ᠤᠨ ᠪᠠᠢᠷᠢᠨ᠎ᠳᠠᠭᠠᠨ ᠰᠠᠭᠤᠷᠢᠯᠠᠵᠤ᠂ ᠲᠠᠰᠤᠷᠠᠯᠳᠠ ᠦᠭᠡᠢ ᠰᠤᠷᠤᠯᠴᠠᠨ᠂ ᠯᠠᠪᠳᠠᠭᠤᠨ ᠪᠠᠳᠤᠳᠠᠢ ᠠᠵᠢᠯᠯᠠᠵᠤ᠂ ᠮᠠᠨ᠎ᠤ ᠤᠷᠤᠨ᠎ᠤ ᠲᠡᠤᠭᠡ᠎ᠶ᠋ᠢᠨ ᠲᠤᠷᠠᠰᠭᠠᠯᠳᠤ ᠵᠦᠢᠯ᠎ᠢ ᠬᠠᠮᠠᠭᠠᠯᠠᠬᠤ ᠦᠢᠯᠡᠰ᠎ᠲᠤ ᠭᠡᠷᠡᠯ ᠬᠢᠯᠪᠠᠭ᠎ᠠ ᠨᠡᠮᠡᠷᠢᠯᠠᠵᠤ᠂ ᠦᠪᠤᠷ ᠮᠤᠩᠭᠤᠯ᠎ᠤᠨ ᠪᠠᠶᠠᠯᠢᠭ ᠲᠡᠤᠭᠡ᠎ᠶ᠋ᠢᠨ ᠲᠤᠷᠠᠰᠭᠠᠯᠳᠤ ᠵᠦᠢᠯ᠎ᠤᠨ ᠡᠬᠢ ᠪᠠᠶᠠᠯᠢᠭ᠎ᠢ ᠬᠦᠢᠴᠡᠳ ᠬᠠᠮᠠᠭᠠᠯᠠᠵᠤ ᠠᠱᠢᠬ᠍ᠯᠠᠨ᠎ᠡ》 ᠭᠡᠵᠤ ᠢᠯᠡᠳᠭᠡᠵᠡᠭᠡᠪᠡ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号