ᠲᠦᠷᠦᠭᠦᠬᠡᠨ᠂ ᠰᠤᠷᠪᠤᠯᠵᠢᠯᠠᠭ᠍ᠴᠢ ᠬᠥᠬᠡᠬᠤᠲᠠ᠎ᠶ᠋ᠢᠨ ᠨᠣᠮ᠎ᠤᠨ ᠰᠠᠩ᠎ᠠᠴᠠ ᠣᠢᠯᠠᠭᠠᠭ᠍ᠰᠠᠨ᠎ᠢᠶᠠᠷ᠂ ᠳᠡᠭᠡᠳᠦ ᠱᠠᠲᠤᠨ᠎ᠤ ᠰᠠᠯᠠᠭ᠎ᠠ ᠮᠥᠴᠢᠷ᠎ᠤᠨ ᠬᠠᠮᠢᠶ᠎ᠠ ᠪᠥᠬᠦᠶ ᠪᠠᠢᠷᠢᠯᠠᠭᠤᠯᠤᠯᠲᠠ ᠶᠣᠰᠣᠭᠠᠷ᠂ ᠣᠳᠣᠬᠠᠨ᠎ᠳᠤ ᠬᠥᠬᠡᠬᠤᠲᠠ᠎ᠶ᠋ᠢᠨ ᠨᠣᠮ᠎ᠤᠨ ᠰᠠᠩ᠎ᠳᠤ ᠬᠠᠷᠢᠶᠠᠯᠠᠭ᠍ᠳᠠᠬᠤ ᠬᠤᠨ ᠭᠠᠯᠠᠭᠤ ᠪᠢᠴᠢᠭ᠎ᠤᠨ ᠥᠷᠥᠭᠡ ᠬᠡᠪ᠎ᠤᠨ ᠪᠠᠢᠳᠠᠯ᠎ᠢᠶᠠᠷ ᠡᠭᠦᠳᠡ᠎ᠪᠠᠨ ᠨᠡᠭᠡᠭᠡᠵᠦ᠍᠂ ᠪᠢᠴᠢᠭ᠎ᠤᠨ ᠥᠷᠥᠭᠡᠨ᠎ᠳᠠᠬᠢ ᠡᠯ᠎ᠡ ᠦᠢᠯᠡᠴᠢᠯᠡᠭᠡᠨ᠎ᠤ ᠴᠢᠳᠠᠮᠵᠢ᠎ᠶ᠋ᠢ ᠬᠡᠪ᠎ᠤᠨ ᠪᠠᠢᠳᠠᠯ᠎ᠢᠶᠠᠷ ᠠᠵᠢᠯᠯᠠᠭᠤᠯᠵᠤ᠂ ᠤᠩᠱᠢᠭ᠍ᠴᠢᠳ ᠪᠢᠴᠢᠭ᠎ᠤᠨ ᠦᠷᠦᠭᠡᠨ᠎ᠳᠤ ᠣᠷᠣᠬᠤ᠎ᠳᠤ ᠡᠯ᠎ᠡ ᠵᠦᠢᠯ᠎ᠤᠨ ᠰᠡᠷᠭᠡᠢᠯᠡᠨ ᠬᠠᠮᠠᠭᠠᠯᠠᠬᠤ ᠠᠷᠭ᠎ᠠ ᠬᠡᠮᠵᠢᠶ᠎ᠡ᠎ᠶ᠋ᠢ ᠰᠠᠢᠲᠤᠷ ᠬᠡᠷᠡᠭ᠌ᠵᠢᠭᠦᠯᠦᠨ᠂ ᠠᠮᠠᠪᠴᠢ ᠵᠡᠭᠦᠵᠦ᠍᠂ ᠡᠷᠡᠭᠦᠯ ᠮᠡᠨᠳᠦ᠎ᠶ᠋ᠢᠨ ᠺᠣᠳ᠋᠎ᠢᠶᠠᠨ ᠭᠠᠷᠭᠠᠨ ᠦᠵᠡᠭᠦᠯᠬᠦ᠌᠎ᠶ᠋ᠢᠨ ᠬᠠᠮᠲᠤ ᠠᠮᠤᠷ ᠲᠦᠪᠱᠢᠨ᠎ᠤ ᠵᠠᠶ᠎ᠶ᠋ᠢ ᠪᠠᠲᠤᠯᠠᠬᠤ᠎ᠶ᠋ᠢ ᠱᠠᠭᠠᠷᠳᠠᠵᠤ ᠪᠠᠢᠳᠠᠭ᠃
ᠬᠤᠨ ᠭᠠᠯᠠᠭᠤ ᠪᠠᠶᠠᠰᠭᠤᠯᠠᠩᠲᠤ ᠤᠩᠱᠢᠯᠭ᠎ᠠ᠎ᠶ᠋ᠢᠨ ᠲᠥᠯᠥᠪᠯᠡᠭᠡ᠎ᠶ᠋ᠢ 2017 ᠣᠨ᠎ᠤ 11 ᠰᠠᠷ᠎ᠠ᠎ᠶ᠋ᠢᠨ 23 ᠤ ᠡᠳᠦᠷ ᠡᠬᠢᠯᠡᠭᠦᠯᠦᠭ᠌ᠰᠡᠨ᠎ᠠᠴᠠ ᠨᠠᠭᠠᠰᠢ᠂ ᠳᠥᠷᠪᠡᠨ ᠱᠠᠲᠤᠨ᠎ᠤ ᠣᠯᠠᠨ ᠨᠡᠢᠲᠡ᠎ᠶ᠋ᠢᠨ ᠰᠣᠶᠣᠯ᠎ᠤᠨ ᠲᠥᠬᠦᠭᠡᠷᠦᠮᠵᠢ᠎ᠶ᠋ᠢᠨ ᠰᠦᠯᠵᠢᠶᠡᠨ᠎ᠤ ᠱᠢᠰᠲ᠋ᠧᠮ᠎ᠢ ᠪᠠᠢᠭᠤᠯᠵᠤ᠂ ᠣᠯᠠᠨ ᠨᠡᠢᠲᠡ᠎ᠶ᠋ᠢᠨ ᠨᠣᠮ ᠪᠢᠴᠢᠭ᠎ᠤᠨ ᠭᠦᠢᠯᠭᠡᠭᠡᠨ᠎ᠤ ᠨᠣᠷᠮ᠎ᠠ ᠶᠡᠭᠡ᠎ᠪᠠᠷ ᠨᠡᠮᠡᠭ᠌ᠳᠡᠨ᠂ ᠬᠤᠲᠠ ᠬᠥᠳᠡᠭᠡ ᠬᠤᠯᠪᠣᠭᠠᠯᠠᠨ ᠬᠥᠳᠡᠯᠦᠯᠴᠡᠭ᠌ᠰᠡᠨ᠎ᠢᠶᠠᠷ ᠳᠠᠮᠵᠢᠨ᠂ ᠨᠡᠢᠲᠡ 30 ᠭᠠᠷᠤᠶ ᠲᠦᠮᠡᠨ ᠬᠤᠲᠠ᠎ᠶ᠋ᠢᠨ ᠠᠷᠠᠳ ᠵᠢᠴᠢ ᠡᠷᠬᠢᠨ ᠲᠣᠭᠤᠷᠢᠨ᠎ᠤ ᠰᠠᠭᠤᠭᠠᠯᠢ ᠠᠷᠠᠳ᠎ᠲᠤ ᠠᠱᠢᠭ ᠬᠦᠷᠲᠡᠭᠡᠭ᠌ᠰᠡᠨ ᠪᠠᠢᠨ᠎ᠠ᠃ ᠬᠤᠨ ᠭᠠᠯᠠᠭᠤ ᠪᠠᠶᠠᠰᠭᠤᠯᠠᠩᠲᠤ ᠤᠩᠱᠢᠯᠭ᠎ᠠ᠎ᠶ᠋ᠢᠨ ᠲᠥᠯᠥᠪᠯᠡᠭᠡ᠎ᠶ᠋ᠢᠨ ᠴᠢᠬᠤᠯᠠ ᠪᠦᠷᠢᠯᠳᠦᠬᠦᠨ ᠬᠡᠰᠡᠭ ᠪᠣᠯᠤᠭ᠍ᠰᠠᠨ᠎ᠤ ᠬᠤᠪᠢ᠎ᠳᠤ᠂ ᠬᠤᠨ ᠭᠠᠯᠠᠭᠤ ᠪᠢᠴᠢᠭ᠎ᠤᠨ ᠥᠷᠥᠭᠡ᠎ᠨᠢ ᠦᠨᠳᠦᠰᠦᠨ ᠣᠯᠠᠨ ᠨᠡᠢᠲᠡ᠎ᠶ᠋ᠢᠨ ᠰᠣᠶᠣᠯ᠎ᠤᠨ ᠦᠢᠯᠡᠴᠢᠯᠡᠭᠡ᠎ᠶ᠋ᠢ ᠠᠳᠠᠯᠢ ᠲᠡᠭ᠌ᠰᠢ ᠪᠠᠢᠯᠭᠠᠬᠤ᠎ᠶ᠋ᠢ ᠤᠯᠠᠮ ᠨᠢᠭᠡ ᠠᠯᠬᠤᠮ ᠠᠬᠢᠭᠤᠯᠤᠨ᠂ ᠠᠷᠠᠳ ᠤᠯᠠᠨ᠎ᠤ ᠨᠣᠮ ᠤᠩᠱᠢᠬᠤ᠎ᠳᠤ ᠨᠠᠩ ᠲᠥᠬᠦᠮ ᠪᠣᠯᠭᠠᠪᠠ᠃
2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635372
ᠢᠮᠧᠯ᠄tn@mgyxw.net 蒙ICP备10000005号