ᠪᠥᠬᠦ᠌ ᠤᠯᠤᠰ᠎ᠤᠨ ᠬᠤᠶᠠᠷ ᠬᠤᠷᠠᠯ ᠠᠮᠵᠢᠯᠲᠠ᠎ᠲᠠᠢ ᠳᠡᠬᠦᠰᠴᠦ᠍᠂ ᠲᠦᠩᠯᠢᠶᠣᠤ ᠬᠤᠲᠠ᠎ᠳᠠᠭᠠᠨ ᠰᠠᠶᠢᠬᠠᠨ ᠪᠤᠴᠠᠵᠤ ᠢᠷᠡᠭ᠌ᠰᠡᠨ ᠪᠥᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠂ ᠥᠪᠥᠷ ᠮᠣᠩᠭᠤᠯ᠎ᠤᠨ ᠮᠣᠩᠭᠤᠯ ᠡᠮ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ᠎ᠶ᠋ᠢᠨ ᠶᠡᠷᠦᠩᠬᠡᠶ ᠢᠨᠵᠧᠨᠧᠷ ᠱᠢᠩ ᠵᠢᠶᠧ ᠬᠤᠩ ᠪᠥᠬᠦ᠌ ᠤᠯᠤᠰ᠎ᠤᠨ ᠬᠤᠶᠠᠷ ᠬᠤᠷᠠᠯ᠎ᠤᠨ ᠵᠣᠷᠢᠭ ᠰᠠᠨᠠᠭ᠎ᠠ᠎ᠶ᠋ᠢ ᠤᠬᠠᠭᠤᠯᠤᠨ ᠲᠠᠢᠯᠪᠤᠷᠢᠯᠠᠬᠤ ᠠᠵᠢᠯ᠎ᠳᠤ ᠳᠠᠷᠦ᠋ᠢᠬᠠᠨ ᠣᠷᠣᠯᠴᠠᠵᠤ ᠡᠬᠢᠯᠡᠵᠠᠢ᠃ 3 ᠰᠠᠷ᠎ᠠ᠎ᠶ᠋ᠢᠨ 15 ᠤ ᠦᠳᠡ᠎ᠶ᠋ᠢᠨ ᠬᠤᠢᠨ᠎ᠠ᠂ ᠨᠢᠭᠡᠨ ᠤᠳᠠᠭᠠᠨ᠎ᠤ ᠤᠬᠠᠭᠤᠯᠤᠨ ᠲᠠᠢᠯᠪᠤᠷᠢᠯᠠᠬᠤ ᠠᠵᠢᠯ᠎ᠢᠶᠠᠨ ᠳᠠᠭᠤᠰᠭᠠᠭ᠍ᠰᠠᠨ᠎ᠤ᠎ᠪᠠᠨ ᠳᠠᠷᠠᠭ᠎ᠠ᠂ ᠱᠢᠩ ᠵᠢᠶᠧ ᠬᠤᠩ ᠰᠤᠷᠪᠤᠯᠵᠢᠯᠠᠭ᠍ᠴᠢ᠎ᠶ᠋ᠢᠨ ᠰᠤᠷᠪᠤᠯᠵᠢᠯᠠᠭ᠎ᠠ᠎ᠶ᠋ᠢ ᠬᠦᠯᠢᠶᠡᠪᠡ᠃
《ᠡᠨᠡ ᠵᠢᠯ ᠪᠢ ᠶᠡᠭᠡ ᠬᠤᠷᠠᠯ᠎ᠳᠤ ᠮᠣᠩᠭᠤᠯ ᠡᠮ᠎ᠤᠨ ᠪᠦᠲᠦᠭᠡᠭ᠌ᠳᠡᠬᠦᠨ᠎ᠤ ᠱᠤᠱᠢᠭ᠎ᠠ᠎ᠶ᠋ᠢᠨ ᠲᠣᠳᠣᠷᠬᠠᠢᠯᠠᠯᠲᠠ ᠳᠡᠭᠡᠷ᠎ᠡ ᠡᠪᠡᠳᠴᠢᠨ᠎ᠤ ᠨᠡᠷ᠎ᠠ᠎ᠶ᠋ᠢᠨ ᠲᠠᠢᠯᠪᠤᠷᠢ ᠬᠠᠳᠠᠬᠤ᠎ᠶ᠋ᠢ ᠵᠥᠪᠱᠢᠶᠡᠷᠡᠬᠦ᠌ ᠲᠤᠬᠠᠶ ᠰᠠᠨᠠᠭᠤᠯᠭ᠎ᠠ ᠳᠡᠪᠱᠢᠭᠦᠯᠪᠡ》 ᠭᠡᠵᠤ ᠲᠡᠷᠡ ᠬᠡᠯᠡᠨ᠎ᠠ᠃ ᠱᠢᠩ ᠵᠢᠶᠧ ᠬᠤᠩ᠂ ᠮᠣᠩᠭᠤᠯ ᠡᠮ ᠡᠮᠨᠡᠯᠭᠡ᠎ᠨᠢ ᠥᠪᠡᠷᠮᠢᠴᠡ ᠣᠨᠣᠯ᠎ᠤᠨ ᠱᠢᠰᠲ᠋ᠧᠮ᠎ᠲᠠᠢ᠂ ᠮᠣᠩᠭᠤᠯ ᠡᠮ᠎ᠤᠨ ᠦᠢᠯᠡᠳᠦᠯ ᠴᠢᠳᠠᠮᠵᠢ᠎ᠶ᠋ᠢᠨ ᠲᠣᠳᠣᠷᠬᠠᠢᠯᠠᠯᠲᠠ᠎ᠶ᠋ᠢᠨ ᠪᠢᠴᠢᠭ ᠳᠡᠭᠡᠷ᠎ᠠ ᠣᠯᠠᠩᠬᠢ᠎ᠳᠠᠭᠠᠨ ᠮᠣᠩᠭᠤᠯ ᠡᠮᠨᠡᠯᠭᠡ᠎ᠶ᠋ᠢᠨ ᠤᠬᠠᠭᠠᠨ᠎ᠤ ᠨᠡᠷ᠎ᠡ ᠲᠣᠮᠢᠶ᠎ᠠ ᠪᠠᠢᠳᠠᠭ᠂ ᠵᠢᠱ᠌ᠢᠶᠡᠯᠡᠪᠡᠯ 《ᠬᠡᠶ》 《ᠱᠢᠷ᠎ᠠ》 ᠵᠡᠷᠭᠡ᠂ ᠮᠣᠩᠭᠤᠯ ᠡᠮᠨᠡᠯᠭᠡ᠎ᠶ᠋ᠢᠨ ᠲᠤᠬᠠᠢ ᠤᠢ᠍ᠢᠯᠠᠭᠠᠬᠤ ᠥᠬᠡᠶ ᠬᠥᠮᠦᠨ ᠲᠤᠰ ᠮᠣᠩᠭᠤᠯ ᠡᠮ᠎ᠨᠢ ᠶᠠᠮᠠᠷ ᠡᠪᠡᠳᠴᠢᠨ᠎ᠳᠤ ᠲᠤᠰᠠᠳᠠᠢ ᠪᠠᠢᠳᠠᠭ᠎ᠢ ᠤᠢ᠍ᠢᠯᠠᠭᠠᠬᠤ ᠥᠬᠡᠢ ᠶᠤᠮ᠃ 《ᠮᠣᠩᠭᠤᠯ ᠡᠮ᠎ᠤᠨ ᠰᠣᠩᠭᠤᠳᠠᠭ ᠪᠦᠲᠦᠭᠡᠭ᠌ᠳᠡᠭᠦᠨ 〈ᠡᠷᠳᠡᠨᠢ ᠦᠷᠢᠯ〉 ᠢᠶᠠᠷ ᠵᠢᠱ᠌ᠢᠶᠡᠯᠡᠪᠡᠯ᠂ ᠲᠡᠭᠦᠨ᠎ᠤ ᠵᠢᠷᠦᠬᠡ ᠲᠠᠷᠢᠬᠢ ᠴᠢᠰᠤᠨ ᠰᠤᠳᠠᠯ᠎ᠤᠨ ᠡᠪᠡᠳᠴᠢᠨ᠎ᠢ ᠰᠡᠷᠭᠡᠢᠯᠡᠨ ᠵᠠᠰᠠᠬᠤ ᠲᠠᠯ᠎ᠠ᠎ᠪᠠᠷ᠎ᠬᠢ ᠡᠮᠴᠢᠯᠡᠭᠡᠨ᠎ᠤ ᠦᠷ᠎ᠡ ᠪᠦᠲᠦᠮᠵᠢ᠎ᠨᠢ ᠮᠠᠰᠢ ᠰᠠᠢᠨ ᠪᠠᠢᠵᠤ᠂ ᠨᠢᠭᠡᠨᠳᠡ ᠤᠯᠤᠰ᠎ᠤᠨ ᠡᠮᠴᠢᠯᠡᠭᠡᠨ᠎ᠤ ᠳᠠᠭᠠᠳᠭᠠᠯ᠎ᠤᠨ ᠪᠦᠲᠦᠭᠡᠭ᠌ᠳᠡᠭᠦᠨ ᠪᠤᠯᠵᠤ ᠪᠥᠬᠦ᠌ ᠤᠯᠤᠰ᠎ᠤᠨ ᠵᠠᠬ᠎ᠠ ᠳᠡᠯᠭᠡᠭᠦᠷ᠎ᠲᠤ ᠤᠷᠤᠪᠠ᠂ ᠭᠡᠪᠡᠴᠦ᠍ ᠲᠡᠭᠦᠨ᠎ᠤ ᠲᠣᠳᠣᠷᠬᠠᠢᠯᠠᠯᠲᠠ᠎ᠶ᠋ᠢᠨ ᠪᠢᠴᠢᠭ᠎ᠲᠤ ᠡᠪᠡᠳᠴᠢᠨ᠎ᠤ ᠪᠠᠢᠳᠠᠯ᠎ᠢ ᠱᠢᠭᠤᠳ ᠳᠦᠷᠰᠦᠯᠡᠭ᠌ᠰᠡᠨ ᠥᠬᠡᠶ᠂ ᠬᠠᠷᠢᠨ 〈ᠱᠢᠷ᠎ᠠ ᠤᠰᠤ᠎ᠶ᠋ᠢ ᠠᠷᠢᠯᠭᠠᠬᠤ〉 ᠮᠡᠲᠦ᠎ᠶ᠋ᠢᠨ ᠣᠢᠯᠠᠭᠠᠬᠤ᠎ᠳᠤ ᠬᠦᠴᠢᠷ᠎ᠲᠠᠢ ᠮᠣᠩᠭᠤᠯ ᠡᠮᠨᠡᠯᠭᠡ᠎ᠶ᠋ᠢᠨ ᠨᠡᠷ᠎ᠡ ᠲᠣᠮᠢᠶ᠎ᠠ᠎ᠪᠠᠷ ᠲᠣᠳᠣᠷᠬᠠᠢᠯᠠᠵᠠᠶ᠂ ᠡᠨᠡ᠎ᠨᠢ ᠲᠡᠭᠦᠨ᠎ᠤ ᠨᠠᠩ ᠶᠡᠭᠡ ᠬᠡᠪᠴᠢᠶᠡᠨ᠎ᠳᠤ ᠬᠡᠷᠡᠭ᠌ᠯᠡᠭ᠌ᠳᠡᠬᠦ᠌᠎ᠶ᠋ᠢ ᠬᠠᠷᠱᠢᠯᠠᠭ᠍ᠰᠠᠨ ᠶᠤᠮ》 ᠭᠡᠵᠤ ᠲᠠᠨᠢᠯᠴᠠᠭᠤᠯᠵᠠᠢ᠃
ᠡᠭᠦᠨ᠎ᠤ ᠲᠤᠯᠠᠳᠠ᠂ ᠱᠢᠩ ᠵᠢᠶᠧ ᠬᠤᠩ ᠤᠯᠤᠰ᠎ᠤᠨ ᠡᠮ᠎ᠤᠨ ᠵᠦᠶᠯᠡᠰ᠎ᠤᠨ ᠬᠢᠨᠠᠯᠲᠠ ᠬᠠᠮᠢᠶᠠᠷᠤᠯᠲᠠ᠎ᠶ᠋ᠢᠨ ᠲᠣᠪᠴᠢᠶ᠎ᠠ᠎ᠠᠴᠠ ᠮᠣᠩᠭᠤᠯ ᠡᠮ᠎ᠤᠨ ᠪᠦᠲᠦᠭᠡᠭ᠌ᠳᠡᠭᠦᠨ᠎ᠤ ᠱᠤᠱᠢᠭ᠎ᠠ᠎ᠶ᠋ᠢᠨ ᠲᠣᠳᠣᠷᠬᠠᠢᠯᠠᠯᠲᠠ᠎ᠶ᠋ᠢᠨ ᠪᠢᠴᠢᠭ ᠳᠡᠭᠡᠷ᠎ᠡ ᠡᠪᠡᠳᠴᠢᠨ᠎ᠤ ᠨᠡᠷ᠎ᠡ᠎ᠶ᠋ᠢᠨ ᠲᠠᠢᠯᠪᠤᠷᠢ ᠬᠠᠳᠠᠵᠤ᠂ ᠬᠢᠲᠠᠳ ᠡᠮ ᠪᠠ ᠬᠢᠮᠢ᠎ᠶ᠋ᠢᠨ ᠡᠮ᠎ᠤᠨ ᠱᠤᠱᠢᠭ᠎ᠠ᠎ᠶ᠋ᠢᠨ ᠲᠣᠳᠣᠷᠬᠠᠢᠯᠠᠯᠲᠠ᠎ᠶ᠋ᠢᠨ ᠪᠢᠴᠢᠭ᠎ᠢᠶᠠᠷ ᠯᠠᠪᠯᠠᠯᠲᠠ ᠪᠤᠯᠭᠠᠵᠤ᠂ ᠣᠯᠠᠨ ᠲᠦᠮᠡᠨ᠎ᠤ ᠨᠠᠩ ᠰᠠᠢᠨ ᠮᠡᠳᠡᠳᠡᠭ ᠠᠷᠭ᠎ᠠ ᠮᠠᠶᠢᠭ᠎ᠢᠶᠠᠷ ᠮᠣᠩᠭᠤᠯ ᠡᠮ᠎ᠤᠨ ᠴᠢᠳᠠᠮᠵᠢ᠎ᠶ᠋ᠢᠨ ᠭᠤᠤᠯ ᠵᠠᠰᠠᠯᠲᠠ ᠪᠠ ᠬᠡᠷᠡᠭ᠌ᠯᠡᠭᠡᠨ᠎ᠤ ᠬᠡᠪᠴᠢᠶ᠎ᠡ᠎ᠶ᠋ᠢ ᠳᠦᠷᠰᠦᠯᠡᠨ ᠲᠣᠭᠠᠴᠢᠬᠤ ᠪᠦᠭᠡᠳ ᠲᠠᠢᠯᠪᠤᠷᠢᠯᠠᠵᠤ᠂ ᠡᠮᠨᠡᠯᠭᠡ᠎ᠶ᠋ᠢᠨ ᠠᠵᠢᠯᠲᠠᠨ ᠪᠠ ᠡᠪᠡᠳᠴᠢᠲᠡᠨ᠎ᠳᠤ ᠮᠣᠩᠭᠤᠯ ᠡᠮ ᠡᠮᠨᠡᠯᠭᠡ᠎ᠶ᠋ᠢ ᠵᠥᠪ᠎ᠢᠶᠠᠷ ᠲᠠᠨᠢᠨ ᠮᠡᠳᠡᠭᠦᠯᠬᠦ᠌ ᠪᠦᠭᠡᠳ ᠬᠡᠷᠡᠭ᠌ᠯᠡᠭᠦᠯᠵᠦ᠍᠂ ᠮᠣᠩᠭᠤᠯ ᠡᠮ ᠡᠮᠨᠡᠯᠭᠡ᠎ᠶ᠋ᠢ ᠴᠢᠨᠠᠭ᠍ᠰᠢᠲᠠ ᠳᠡᠯᠭᠡᠷᠡᠭᠦᠯᠤᠨ ᠬᠡᠷᠡᠭ᠌ᠯᠡᠬᠦ᠌᠎ᠳᠤ ᠬᠦᠴᠦᠨ ᠨᠡᠮᠡᠷᠢᠯᠡᠵᠦ᠍᠂ ᠡᠷᠡᠭᠦᠯ ᠡᠩᠬᠡ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠤᠨ᠎ᠠ ᠬᠡᠬᠦ᠌ ᠰᠠᠨᠠᠭᠤᠯᠭ᠎ᠠ ᠳᠤᠷᠠᠳᠪᠠ᠃
2018 ᠣᠨ᠎ᠳᠤ᠂ ᠱᠢᠩ ᠵᠢᠶᠧ ᠬᠤᠩ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ᠎ᠪᠠᠷ ᠰᠣᠩᠭᠤᠭ᠍ᠳᠠᠵᠤ᠂ ᠠᠩᠬ᠎ᠠ ᠤᠳᠠᠭ᠎ᠠ ᠠᠷᠠᠳ᠎ᠤᠨ ᠶᠡᠭᠡ ᠬᠤᠷᠠᠯ᠎ᠤᠨ ᠲᠠᠩᠬᠢᠮ᠎ᠳᠤ ᠬᠦᠷᠴᠦ᠍ ᠬᠤᠷᠠᠯ᠎ᠳᠤ ᠣᠷᠣᠯᠴᠠᠬᠤ ᠦᠶ᠎ᠡ᠎ᠶ᠋ᠢᠨ ᠪᠠᠢᠳᠠᠯ᠎ᠢᠶᠠᠨ ᠡᠷᠭᠢᠴᠡᠭᠦᠯᠬᠦ᠌᠎ᠳᠡᠭᠡᠨ᠂ ᠱᠢᠩ ᠵᠢᠶᠧ ᠬᠤᠩ ᠮᠥᠨ ᠬᠦ᠌ ᠳᠣᠭ᠍ᠳᠤᠯᠤᠭ᠍ᠰᠠᠨ ᠰᠡᠳᠭᠢᠯ᠎ᠢᠶᠠᠨ ᠳᠠᠷᠤᠵᠤ ᠶᠠᠳᠠᠨ᠄ 《ᠠᠷᠠᠳ᠎ᠤᠨ ᠲᠥᠯᠥᠭᠡᠯᠡᠭ᠌ᠴᠢᠳ᠎ᠤᠨ ᠶᠡᠭᠡ ᠬᠤᠷᠠᠯ᠎ᠤᠨ ᠲᠥᠯᠥᠭᠡᠯᠡᠭ᠌ᠴᠢ ᠪᠣᠯᠤᠭ᠍ᠰᠠᠨ᠎ᠤ ᠬᠤᠪᠢ᠎ᠳᠤ᠂ ᠨᠠᠮ᠎ᠤᠨ ᠲᠥᠪ ᠬᠤᠷᠢ᠊ ᠡᠶ᠎ᠡ ᠪᠣᠯᠤᠨ ᠤᠯᠠᠨ ᠲᠦᠮᠡᠨ᠎ᠤ ᠬᠤᠭᠤᠷᠣᠨᠳᠣᠬᠢ ᠬᠤᠯᠪᠣᠭᠠᠰᠤ᠎ᠶ᠋ᠢᠨ ᠦᠢᠯᠡᠳᠦᠯ᠎ᠢᠶᠠᠨ ᠰᠠᠢᠲᠤᠷ ᠪᠠᠳᠠᠷᠠᠭᠤᠯᠬᠤ ᠪᠣᠯ ᠮᠢᠨᠦ᠍ ᠬᠤᠢᠱᠢᠳᠠ᠎ᠶ᠋ᠢᠨ ᠴᠢᠷᠮᠠᠢᠬᠤ ᠴᠢᠭ᠌ᠯᠡᠯ ᠪᠠ ᠬᠠᠷᠠᠯᠲᠠ ᠪᠣᠯᠤᠨ᠎ᠠ》 ᠭᠡᠵᠦ᠍ ᠬᠡᠯᠡᠪᠡ᠃
ᠡᠨᠡ ᠬᠡᠳᠦᠨ ᠵᠢᠯ᠎ᠳᠤ᠂ ᠲᠡᠷᠡ ᠶᠡᠷᠦ᠎ᠨᠢ ᠡᠯ᠎ᠡ ᠵᠦᠢᠯ᠎ᠤᠨ ᠠᠵᠠ ᠲᠣᠬᠢᠶᠠᠯ᠎ᠢ ᠠᠱᠢᠠᠠᠯᠠᠠ ᠶᠡᠭᠡ ᠳᠡᠭᠡᠳᠦ ᠰᠤᠷᠭᠠᠭᠤᠯᠢ᠂ ᠨᠡᠢᠭᠡᠮ ᠲᠣᠭᠤᠷᠢᠭ᠂ ᠡᠮᠨᠡᠯᠭᠡ᠎ᠶ᠋ᠢᠨ ᠬᠤᠷᠢᠶ᠎ᠠ᠂ ᠠᠵᠤ ᠠᠬᠤᠢᠯᠠᠯ ᠵᠢᠴᠢ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠪᠠᠢᠭᠤᠯᠤᠮᠵᠢ ᠵᠡᠷᠭᠡ ᠭᠠᠵᠠᠷ᠎ᠢᠶᠠᠷ ᠱᠢᠨᠵᠢᠯᠡᠨ ᠪᠠᠢᠴᠠᠭᠠᠵᠤ᠂ ᠦᠨᠳᠦᠰᠦᠨ ᠱᠠᠲᠤᠨ᠎ᠤ ᠡᠮᠦᠨ᠎ᠡ ᠹᠷᠣᠨᠲ᠎ᠤᠨ ᠳᠠᠭᠤᠨ᠎ᠢ ᠰᠣᠨᠣᠰᠴᠤ᠌᠂ ᠡᠯ᠎ᠡ ᠠᠵᠢᠯ ᠲᠦᠷᠦᠯ᠎ᠤᠨ ᠪᠠᠢᠳᠠᠯ᠎ᠢ ᠨᠡᠩ ᠥᠷᠭᠡᠨ᠎ᠢᠶᠠᠷ ᠣᠢᠯᠠᠭᠠᠵᠤ᠂ ᠥᠪᠡᠷ᠎ᠤᠨ ᠰᠠᠨᠠᠭᠤᠯᠭ᠎ᠠ᠎ᠪᠠᠨ ᠲᠡᠭᠦᠯᠳᠡᠷᠵᠢᠭᠦᠯᠪᠡ᠃ ᠱᠢᠩ ᠵᠢᠶᠧ ᠬᠤᠩ ᠤᠷᠢᠳ ᠬᠤᠵᠢᠳ ᠲᠠᠷᠢᠶᠠᠯᠠᠩ᠎ᠤᠨ ᠮᠠᠱᠢᠨ᠎ᠢᠶᠠᠷ ᠠᠵᠢᠯᠯᠠᠬᠤ ᠨᠥᠬᠦᠪᠥᠷᠢ᠎ᠶ᠋ᠢᠨ ᠲᠥᠷᠥ᠎ᠶ᠋ᠢᠨ ᠪᠣᠳᠣᠯᠭ᠎ᠠ᠎ᠶ᠋ᠢ ᠨᠠᠢᠳᠠᠪᠤᠷᠢᠵᠢᠭᠤᠯᠬᠤ᠎ᠶ᠋ᠢ ᠲᠦᠷᠬᠡᠨ ᠠᠬᠢᠭᠤᠯᠵᠤ᠂ ᠦᠨᠳᠦᠰᠦᠲᠡᠨ᠎ᠤ ᠡᠮ᠎ᠢ ᠬᠤᠶᠠᠳᠠᠬᠢ ᠤᠳᠠᠭ᠎ᠠ ᠨᠡᠭᠡᠭᠡᠨ ᠬᠥᠭ᠌ᠵᠢᠭᠦᠯᠬᠦ᠌᠎ᠶ᠋ᠢ ᠵᠣᠷᠢᠭ᠍ᠵᠢᠭᠤᠯᠤᠨ ᠳᠡᠮᠵᠢᠵᠦ᠍᠂ ᠦᠨᠳᠦᠰᠦᠲᠡᠨ᠎ᠤ ᠡᠮ᠎ᠢ ᠤᠯᠠᠮᠵᠢᠯᠠᠨ ᠵᠠᠯᠭᠠᠮᠵᠢᠯᠠᠬᠤ ᠪᠠ ᠱᠢᠨ᠎ᠡ᠎ᠶ᠋ᠢ ᠡᠭᠦᠳᠬᠦ᠌᠎ᠶ᠋ᠢ ᠴᠢᠩᠭᠠᠳᠭᠠᠬᠤ ᠵᠡᠷᠭᠡ ᠠᠵᠢᠯ᠎ᠳᠤ ᠠᠷᠭ᠎ᠠ ᠤᠬᠠᠭᠠᠨ ᠭᠠᠷᠭᠠᠵᠤ᠂ ᠡᠨᠡ᠎ᠨᠢ ᠲᠠᠷᠢᠶᠠᠯᠠᠩ᠂ ᠦᠨᠳᠦᠰᠦᠲᠡᠨ᠎ᠤ ᠡᠮ ᠡᠮᠨᠡᠯᠭᠡ᠎ᠶ᠋ᠢᠨ ᠬᠥᠭ᠌ᠵᠢᠯᠲᠡ᠂ ᠭᠠᠵᠠᠷ ᠣᠷᠣᠨ᠎ᠤ ᠣᠷᠴᠢᠨ ᠲᠣᠭᠤᠷᠢᠨ᠎ᠤ ᠬᠠᠮᠠᠭᠠᠯᠠᠯᠲᠠ ᠵᠡᠷᠭᠡ ᠬᠦᠷᠢᠶᠡᠨ᠎ᠳᠤ ᠬᠤᠯᠪᠣᠭ᠍ᠳᠠᠵᠠᠶ᠃
《3 ᠰᠠᠷ᠎ᠠ᠎ᠶ᠋ᠢᠨ 5 ᠤ ᠦᠳᠡ᠎ᠶ᠋ᠢᠨ ᠬᠤᠢᠨ᠎ᠠ᠂ ᠶᠡᠷᠦᠩᠬᠡᠢ ᠱᠦᠵᠢ ᠰᠢ᠎ᠶ᠋ᠢᠨ ᠫᠢᠩ᠎ᠤᠨ ᠶᠠᠷᠢᠶ᠎ᠠ᠎ᠶ᠋ᠢ ᠪᠠᠰᠠ ᠨᠢᠭᠡ ᠤᠳᠠᠭ᠎ᠠ ᠰᠣᠨᠣᠰᠤᠭᠠᠳ᠂ ᠨᠠᠲᠠᠲᠤ ᠲᠦᠢᠯ᠎ᠢᠶᠠᠷ ᠳᠣᠲᠣᠨᠣ ᠰᠠᠨᠠᠭ᠍ᠳᠠᠵᠤ ᠶᠡᠬᠡᠳᠡ ᠵᠣᠷᠢᠭ᠍ᠵᠢᠪᠠ᠃ ᠪᠢ ᠶᠡᠷᠦᠩᠬᠡᠢ ᠱᠦᠵᠢ᠎ᠶ᠋ᠢᠨ ᠶᠠᠷᠢᠶᠠᠨ᠎ᠤ ᠵᠣᠷᠢᠭ ᠰᠠᠨᠠᠭ᠎ᠠ᠎ᠶ᠋ᠢ ᠦᠷᠭᠦᠯᠵᠢᠯᠡᠨ ᠲᠠᠰᠤᠷᠠᠯᠳᠡ ᠦᠭᠡᠢ ᠭᠦᠨᠵᠡᠭᠡᠢ ᠰᠤᠷᠤᠯᠴᠠᠨ ᠭᠦᠨᠵᠡᠭᠡᠢ ᠣᠢᠯᠠᠭᠠᠵᠤ᠂ ᠤᠬᠠᠭᠤᠯᠤᠨ ᠲᠠᠢᠯᠪᠤᠷᠢᠯᠠᠬᠤ᠎ᠪᠠᠷ ᠲᠠᠮᠵᠢᠨ ᠶᠡᠷᠦᠩᠬᠡᠢ ᠱᠦᠵᠢ᠎ᠶ᠋ᠢᠨ ᠥᠪᠥᠷ ᠮᠣᠩᠭᠤᠯ᠎ᠳᠤ ᠲᠠᠯᠪᠢᠭ᠍ᠰᠠᠨ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠶ᠋ᠢ ᠨᠤᠲᠤᠭ᠎ᠤᠨ ᠠᠷᠠᠳ ᠲᠦᠮᠡᠨ᠎ᠳᠡᠭᠡᠨ ᠲᠠᠮᠵᠢᠭᠤᠯᠵᠦ᠍ ᠦᠭ᠌ᠭᠦᠨ᠎ᠠ》 ᠭᠡᠵᠦ᠍ ᠱᠢᠩ ᠵᠢᠶᠧ ᠬᠤᠩ ᠬᠡᠯᠡᠪᠡ᠃