ᠮᠤᠤᠠᠤᠰᠤ᠎ᠶ᠋ᠢᠨ ᠦᠷᠤᠴᠡᠨ᠎ᠳᠠᠬᠢ ᠲᠦᠮᠡᠨ ᠬᠦᠮᠦᠨ᠎ᠤ ᠤᠢ᠍ᠢᠵᠢᠭᠤᠯᠤᠯᠳᠠ
2021-03-30 15:34:10
ᠵᠣᠬᠢᠶᠠᠭ᠍ᠴᠢ᠄
​ ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

ᠳᠥᠯᠵᠢᠬᠦ᠌ ᠬᠠᠪᠤᠷ ᠡᠬᠡ ᠲᠡᠯᠡᠬᠡᠢ᠎ᠳᠤ ᠰᠠᠭᠠᠲᠠᠵᠣ ᠲᠦᠮᠡᠨ ᠪᠤᠲᠠᠰ ᠠᠮᠢᠯᠠᠨᠠᠮ᠃ ᠤᠢ᠍ᠢᠷ᠎ᠠ᠎ᠳᠤ᠂ ᠰᠤᠷᠪᠤᠯᠵᠢᠯᠠᠭ᠍ᠴᠢ 《ᠨᠤᠮᠢᠨ ᠲᠠᠩᠰᠤᠭ ᠦᠤᠱᠢᠨ》 ᠬᠡᠮᠡᠨ ᠠᠯᠲᠠᠷᠱᠢᠭ᠍ᠰᠠᠨ ᠦᠤᠱᠢᠨ ᠬᠤᠱᠢᠭᠤᠨ᠎ᠳᠤ ᠬᠦᠷᠬᠦ᠌᠎ᠳᠤ᠂ ᠶᠠᠭ ᠰᠠᠢᠬᠠᠠ ᠲᠦᠮᠡᠨ ᠬᠥᠮᠦᠨ᠎ᠤ ᠬᠠᠪᠤᠷ᠎ᠤᠨ ᠤᠯᠠᠷᠢᠯ᠎ᠤᠨ ᠠᠯᠪᠠᠨ ᠵᠢᠷᠤᠮ᠎ᠤᠨ ᠮᠣᠳᠣ ᠲᠠᠷᠢᠬᠤ ᠠᠵᠢᠯᠯᠠᠭ᠎ᠠ ᠰᠦᠷ ᠲᠠᠯᠠᠢᠴᠠᠳᠠᠢ ᠶᠠᠪᠤᠭ᠍ᠳᠠᠵᠤ ᠪᠠᠢᠪᠠ᠃

ᠡᠨᠡ ᠤᠲᠠᠭᠠᠨ᠎ᠤ ᠮᠤᠲᠤ ᠲᠠᠷᠢᠬᠤ ᠠᠵᠢᠯᠯᠠᠭ᠎ᠠ᠎ᠳᠤ ᠳᠣᠰ ᠬᠤᠱᠢᠭᠤᠨ᠎ᠤ ᠡᠯ᠎ᠡ ᠰᠠᠯᠠᠭ᠎ᠠ ᠮᠥᠴᠢᠷ᠎ᠤᠨ ᠺᠠᠳ᠋ᠷ ᠠᠵᠢᠯᠲᠠᠨ᠂ ᠠᠵᠣ ᠠᠬᠤᠢ᠍ᠢᠯᠠᠯ᠂ ᠴᠡᠷᠢᠭ᠎ᠤᠨ ᠬᠤᠸᠠᠷᠠᠨ᠂ ᠰᠣᠷᠭᠠᠭᠤᠯᠢ᠎ᠶ᠋ᠢᠨ ᠪᠠᠭ᠍ᠰᠢ ᠰᠣᠷᠣᠬ᠍ᠴᠢᠳ᠂ ᠰᠠᠢᠨ ᠲᠤᠷᠠᠴᠤᠳ ᠤᠷᠤᠯᠴᠠᠵᠦ᠍ ᠡᠯ᠎ᠡ ᠰᠤᠮᠤ ᠪᠠᠯᠭᠠᠰᠤᠨ᠎ᠤ ᠬᠤᠪᠢᠶᠠᠷᠢ ᠲᠠᠯᠠᠪᠠᠢ ᠴᠤ᠌ ᠵᠡᠷᠭᠡ᠎ᠪᠠᠷ ᠮᠤᠳᠤ ᠲᠡᠷᠢᠬᠤ ᠠᠵᠢᠯᠯᠠᠭ᠎ᠠ᠎ᠪᠠᠨ ᠶᠠᠪᠤᠭ᠍ᠳᠠᠭᠤᠯᠵᠠᠢ᠃ ᠲᠤᠬᠠᠢ᠎ᠶ᠋ᠢᠨ ᠲᠠᠯᠠᠪᠡᠢ᠎ᠳᠤ᠂ ᠴᠢᠬᠢ ᠮᠤᠳᠤ ᠪᠠ ᠣᠰᠣ ᠲᠡᠬᠡᠬᠡᠭ᠌ᠰᠡᠨ ᠲᠡᠷᠬᠡ ᠮᠠᠱᠢᠨ ᠵᠥᠷᠢᠯᠳᠣᠠ᠂ ᠬᠥᠷᠵᠨ ᠵᠡᠬᠡᠳᠥᠥ ᠡᠷᠬᠢᠯᠳᠥᠵᠣ᠂ ᠬᠥᠳᠡᠯᠮᠥᠷᠢᠴᠢᠳ᠎ᠤᠨ ᠲᠠᠭᠤᠯᠠᠯ ᠬᠠᠩᠬᠢᠨᠠᠠ᠂ ᠱᠢᠨᠡᠬᠡᠨ ᠲᠠᠷᠢᠭ᠍ᠰᠠᠨ ᠮᠤᠲᠤᠳ ᠮᠠᠩᠬᠠᠨ ᠬᠤᠷᠮᠤᠢ᠎ᠪᠠᠷ ᠵᠢᠭ᠌ᠲᠡᠷᠡᠨ᠎ᠠ᠃

ᠦᠤᠱᠢᠨ ᠨᠤᠲᠤᠭ᠎ᠲᠤ᠌᠂ ᠮᠠᠯᠵᠢᠬᠤ ᠳ᠋ᠠᠵᠠᠢ ᠦᠤᠱᠢᠨᠵᠤᠤ᠎ᠶ᠋ᠢᠨ ᠣᠢᠵᠢᠭᠤᠯᠣᠯᠳᠠ᠎ᠶ᠋ᠢᠨ ᠲᠠᠷᠢᠬᠦᠨ᠎ᠤ ᠬᠤᠪᠢ ᠬᠥᠮᠥᠨ ᠪᠤᠷᠤᠯᠲᠠᠢ᠎ᠠᠴᠠ ᠡᠬᠢᠯᠡᠭᠡᠳ ᠪᠦᠬᠦ᠌ ᠤᠯᠤᠰ᠎ᠤᠨ ᠬᠦᠲᠡᠯᠮᠦᠷᠢ᠎ᠶ᠋ᠢᠨ ᠵᠢᠱ᠌ᠢᠶᠡᠴᠢ ᠶᠢᠨ ᠢᠦᠢ ᠵᠧᠨ ᠬᠦᠷᠲᠡᠯ᠎ᠡ ᠴᠦᠮ ᠨᠤᠲᠤᠭ ᠤᠰᠤᠨ᠎ᠤ᠎ᠪᠠᠨ ᠨᠤᠭᠤᠭᠠᠷᠠᠭᠤᠯᠤᠯᠲᠠ᠎ᠶ᠋ᠢᠨ ᠦᠢᠯᠡᠰ᠎ᠲᠤ ᠬᠦᠴᠤᠨ ᠵᠢᠳᠬᠦᠯ᠎ᠢᠶᠠᠨ ᠡᠷᠭᠦᠵᠦ᠍ ᠶᠠᠪᠤᠭ᠍ᠰᠠᠨ ᠲᠡᠤᠬᠡ᠎ᠲᠠᠢ᠃ ᠮᠠᠯᠵᠢᠬᠤ ᠳ᠋ᠠᠵᠠᠢ ᠦᠤᠱᠢᠨᠵᠤᠤ᠎ᠶ᠋ᠢᠨ ᠵᠣᠷᠢᠭ ᠰᠠᠨᠠᠭ᠎ᠠ᠎ᠶ᠋ᠢ ᠦᠷᠭᠦᠯᠵᠢᠯᠡᠨ ᠤᠯᠠᠮᠵᠢᠯᠠᠨ ᠤᠷᠴᠢᠨ ᠠᠬᠤᠢ᠎ᠪᠠᠨ ᠨᠤᠭᠤᠭᠠᠷᠠᠭᠤᠯᠵᠦ᠍ 《ᠨᠤᠮᠢᠨ ᠲᠠᠩᠰᠤᠭ ᠦᠤᠱᠢᠨ》 ᠎ᠢᠶᠠᠨ ᠢᠳᠡᠪᠬᠢᠳᠡᠢ ᠪᠥᠳᠥᠬᠡᠨ ᠪᠠᠢᠭᠤᠯᠣᠭ᠍ᠰᠠᠠ᠎ᠢᠶᠠᠷ ᠤᠳᠤ ᠲᠤᠰ ᠬᠤᠱᠢᠭᠤᠨ᠎ᠤ ᠣᠢᠵᠢᠭᠤᠯᠤᠯᠳᠠ᠎ᠶ᠋ᠢᠨ ᠲᠠᠯᠠᠪᠠᠢ 576 ᠲᠦᠮᠡᠨ ᠮᠦ᠍᠎ᠳᠤ ᠬᠦᠷᠴᠦ᠍᠂ 1999 ᠣᠨ᠎ᠤ᠎ᠬᠢ᠎ᠠᠴᠠ 259 ᠲᠦᠮᠡᠨ ᠮᠦ᠍ ᠨᠡᠮᠡᠭ᠌ᠲᠡᠵᠠᠢ᠃ ᠦᠢᠯᠠᠭᠠᠭ᠍ᠰᠠᠨ᠎ᠢᠶᠠᠷ᠂ ᠡᠨᠡ ᠵᠢᠯ ᠦᠤᠱᠢᠨ ᠬᠤᠱᠢᠭᠤ ᠭᠤᠣᠯᠳᠠᠯᠭ᠎ᠠ᠎ᠲᠠᠢ ᠲᠥᠷᠥᠯ ᠵᠦᠢᠯ᠎ᠤᠨ ᠲᠣᠭᠤᠷᠢᠭ᠎ᠲᠤ 3 ᠲᠦᠮᠡᠨ ᠮᠦ᠍ ᠮᠣᠳᠣ ᠦᠢᠵᠢᠭᠤᠯᠵᠥ᠍᠂ ᠨᠡᠢᠲᠡ 70 ᠲᠦᠮᠡᠨ ᠮᠦ᠍ ᠦᠢᠵᠢᠭᠤᠯᠬᠤ᠎ᠪᠠᠷ ᠲᠦᠯᠦᠪᠯᠡᠵᠥ᠍ ᠪᠠᠢᠨ᠎ᠠ᠃



 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号