《ᠤᠯᠤᠰ᠎ᠤᠨ ᠪᠠᠢᠳᠠᠯ ᠭᠠᠵᠠᠷ ᠤᠷᠤᠨ᠎ᠤ ᠪᠠᠢᠳᠠᠯ᠎ᠳᠤ ᠳᠤᠬᠢᠷᠠᠬ᠍ᠰᠠᠨ ᠡᠪᠡᠰᠦᠨ ᠦᠷ᠎ᠡ ᠡᠳᠦᠷ ᠲᠤᠳᠤᠮ ᠣᠯᠠᠱᠢᠷᠠᠵᠤ ᠪᠠᠢᠨ᠎ᠠ》
2021-03-04 11:50:48
ᠵᠣᠬᠢᠶᠠᠭ᠍ᠴᠢ᠄
ᠬᠤᠸᠠᠩ ᠹᠦ᠋ ᠱᠢᠤ ᠯᠢᠩ
ᠣᠩᠱᠢᠭ᠍ᠰᠠᠨ ᠣᠳᠠᠭ᠎ᠠ᠄
★★★☆☆

ᠴᠠᠭᠠᠨ ᠰᠠᠷ᠎ᠠ᠎ᠠᠴᠠ ᠡᠮᠦᠨᠡᠬᠡᠨ᠂ ᠰᠤᠷᠪᠤᠯᠵᠢᠯᠠᠭ᠍ᠴᠢ 《ᠮᠧᠩ ᠼᠤᠤ》 ᠲᠠᠯ᠎ᠠ ᠨᠤᠲᠤᠭ᠎ᠤᠨ ᠤᠷᠭᠤᠮᠠᠯ᠎ᠤᠨ ᠣᠷᠳᠣᠨ᠎ᠳᠤ ᠬᠦᠷᠬᠦ᠌᠎ᠳᠤ᠂ ᠦᠩᠭᠡᠲᠦ ᠴᠡᠴᠡᠭ ᠦᠪᠴᠢ ᠳᠡᠯᠭᠡᠷᠡᠨ᠂ ᠡᠪᠡᠰᠦ ᠮᠣᠳᠣᠳ ᠬᠥᠬᠡᠷᠡᠨ ᠨᠣᠭᠤᠭᠠᠷᠠᠵᠤ᠂ ᠠᠮᠢᠵᠢᠷᠠᠯ᠎ᠤᠨ ᠬᠦᠴᠦᠨ᠎ᠢᠶᠠᠷ ᠪᠢᠯᠬᠠᠵᠤ ᠪᠠᠢᠯ᠎ᠠ᠃ ᠡᠳᠡᠭᠡᠷ ᠡᠪᠡᠰᠦ ᠴᠡᠴᠡᠭᠡᠰ ᠮᠠᠨ᠎ᠤ ᠤᠷᠤᠨ᠎ᠤ ᠡᠯ᠎ᠡ ᠭᠠᠵᠠᠷ᠎ᠤᠨ ᠠᠮᠢ ᠠᠬᠤᠢ᠎ᠶ᠋ᠢ ᠰᠡᠷᠭᠦᠭᠡᠭ᠌ᠰᠡᠨ᠎ᠤ ᠳᠠᠷᠠᠭᠠᠬᠢ ᠦᠵᠡᠮᠵᠢ ᠪᠠᠢᠳᠠᠯ᠎ᠢ ᠢᠯᠡᠷᠡᠭᠦᠯᠵᠦ᠍᠂ ᠬᠥᠮᠦᠰ᠎ᠲᠤ ᠮᠢᠩᠭᠠᠨ ᠭᠠᠵᠠᠷ᠎ᠤᠨ ᠪᠣᠬᠢᠷᠲᠤᠯ ᠦᠭᠡᠢ ᠠᠮᠢ ᠠᠬᠤᠢ᠎ᠶ᠋ᠢᠨ ᠦᠵᠡᠰᠭᠦᠯᠡᠩᠲᠦ ᠰᠠᠢᠬᠠᠨ ᠪᠠᠢᠳᠠᠯ᠎ᠢ ᠬᠠᠷᠠᠭᠤᠯᠤᠨ᠎ᠠ᠃

ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠥᠪᠯᠡᠯᠭᠡᠨ᠎ᠤ ᠭᠡᠱᠢᠭᠦᠨ᠂ ᠥᠪᠥᠷ ᠮᠣᠩᠭᠤᠯ᠎ᠤᠨ ᠮᠧᠩ ᠼᠤᠤ ᠠᠮᠢ ᠠᠬᠤᠶ ᠣᠷᠴᠢᠨ ᠲᠤᠭᠤᠷᠢᠨ (ᠪᠦᠯᠦᠭ᠌ᠯᠡᠯ) ᠎ᠤ ᠬᠤᠪᠢ ᠣᠷᠣᠭᠤᠯᠤᠭ᠍ᠰᠠᠨ ᠬᠢᠵᠠᠭᠠᠷᠲᠤ ᠺᠣᠮᠫᠠᠨᠢ᠎ᠶ᠋ᠢᠨ ᠬᠡᠷᠡᠭ ᠮᠡᠳᠡᠭ᠌ᠴᠢᠳ᠎ᠤᠨ ᠳᠠᠷᠤᠭ᠎ᠠ ᠸᠠᠩ ᠵᠣᠣ ᠮᠢᠩ᠎ᠤᠨ ᠲᠠᠨᠢᠯᠴᠠᠭᠤᠯᠤᠭ᠍ᠰᠠᠨ᠎ᠢᠶᠠᠷ᠂ 《ᠮᠧᠩ ᠼᠤᠤ》 ᠎ᠶ᠋ᠢᠨ ᠠᠮᠢ ᠠᠬᠤᠶ᠎ᠶ᠋ᠢᠨ ᠰᠡᠷᠭᠦᠭᠡᠯᠲᠡ᠎ᠶ᠋ᠢ ᠦᠵᠡᠬᠦᠶ᠎ᠠ ᠴᠡᠴᠡᠭ ᠡᠪᠡᠰᠦ ᠲᠠᠷᠢᠵᠤ᠂ ᠣᠷᠴᠢᠨ ᠲᠣᠭᠤᠷᠢᠨ᠎ᠢ ᠨᠣᠭᠤᠭᠠᠷᠠᠭᠤᠯᠤᠨ ᠭᠤᠶᠤᠵᠢᠭᠤᠯᠤᠬ᠍ᠰᠠᠨ ᠲᠡᠳᠦᠢ ᠯᠠ ᠪᠢᠰᠢ᠂ ᠬᠠᠷᠢᠨ ᠲᠤᠬᠠᠶ᠎ᠶ᠋ᠢᠨ ᠭᠠᠵᠠᠷ᠎ᠤᠨ ᠬᠥᠷᠥᠰᠥ᠍ ᠱᠢᠷᠣᠶ᠎ᠶ᠋ᠢᠨ ᠪᠦᠲᠦᠴᠡ᠂ ᠮᠠᠭᠤᠲᠠᠭ᠍ᠰᠠᠨ ᠪᠠᠢᠳᠠᠯ᠂ ᠢᠵᠠᠭᠤᠷ ᠠᠮᠢᠳᠤ ᠪᠣᠳᠠᠰ᠎ᠤᠨ ᠲᠦᠷᠦᠯ᠂ ᠬᠡᠰᠡᠭ ᠭᠠᠵᠠᠷ᠎ᠤᠨ ᠠᠭᠤᠷ ᠠᠮᠢᠰᠭᠤᠯ᠂ ᠬᠤᠷ᠎ᠠ ᠲᠤᠨᠤᠳᠠᠰᠤᠨ᠎ᠤ ᠬᠡᠮᠵᠢᠶ᠎ᠡ᠂ ᠪᠤᠷᠳᠤᠭᠤᠷ᠎ᠤᠨ ᠬᠦᠴᠦ᠍ ᠱᠢᠮ᠎ᠡ ᠵᠡᠷᠭᠡ᠎ᠳᠤ ᠪᠦᠬᠦ᠌ ᠲᠠᠯ᠎ᠠ᠎ᠪᠠᠷ ᠪᠠᠢᠴᠠᠭᠠᠯᠳᠠ ᠬᠢᠵᠤ᠂ ᠳᠠᠬᠢᠨ ᠬᠡᠭᠡᠷ᠎ᠡ᠎ᠶ᠋ᠢᠨ ᠴᠡᠴᠡᠭ᠂ ᠬᠡᠭᠡᠷ᠎ᠡ᠎ᠶ᠋ᠢᠨ ᠡᠪᠡᠰᠦ ᠵᠡᠷᠭᠡ ᠨᠤᠲᠤᠭ᠎ᠤᠨ ᠤᠷᠭᠤᠮᠠᠯ᠎ᠢ ᠰᠤᠩᠭᠤᠨ ᠪᠤᠢᠵᠢᠭᠤᠯᠵᠤ᠂ ᠨᠤᠲᠤᠭ ᠪᠡᠯᠴᠢᠭᠡᠷ᠎ᠤᠨ ᠠᠮᠢ ᠠᠬᠤᠶ᠎ᠶ᠋ᠢᠨ ᠰᠤᠳᠤᠯᠭᠠᠨ᠎ᠤ ᠲᠤᠭ᠎ᠠ ᠪᠠᠷᠢᠮᠲᠠ᠎ᠶ᠋ᠢ ᠦᠨᠳᠦᠰᠦᠯᠡᠨ ᠰᠡᠷᠭᠦᠭᠡᠨ ᠰᠠᠢᠵᠢᠷᠠᠭᠤᠯᠵᠤ᠂ ᠴᠢᠨᠠᠭ᠍ᠰᠢᠯᠠᠨ ᠴᠢᠭᠢᠭ᠎ᠤᠨ ᠤᠯᠠᠭᠠᠨ ᠬᠤᠷᠣᠬᠠᠶ᠂ ᠪᠠᠯᠲᠤ ᠵᠦᠭᠡᠢ᠂ ᠪᠠᠺᠲ᠋ᠧᠷᠢ ᠵᠡᠷᠭᠡ᠎ᠶ᠋ᠢ ᠤᠷᠤᠭᠤᠯᠤᠨ᠂ ᠪᠦᠷᠢᠨ ᠪᠦᠲᠦᠨ ᠠᠮᠢᠳᠤ ᠪᠣᠳᠠᠰ᠎ᠤᠨ ᠬᠡᠯᠬᠢᠶ᠎ᠠ᠎ᠶ᠋ᠢ ᠰᠡᠷᠭᠦᠭᠡᠵᠦ᠍᠂ ᠬᠥᠮᠦᠨ ᠬᠢᠭᠡᠳ ᠪᠠᠢᠭᠠᠯᠢ᠎ᠶ᠋ᠢᠨ ᠡᠶ᠎ᠡ ᠵᠣᠬᠢᠴᠠᠩᠭᠤᠢ ᠬᠠᠮᠲᠤ᠎ᠪᠠᠷ ᠣᠷᠣᠱᠢᠭ᠍ᠰᠠᠨ ᠠᠮᠢ ᠨᠠᠰᠤᠨ᠎ᠤ ᠬᠠᠮᠲᠤ᠎ᠶ᠋ᠢᠨ ᠴᠣᠭ᠍ᠴᠠ᠎ᠶ᠋ᠢ ᠪᠠᠢᠭᠤᠯᠤᠭ᠍ᠰᠠᠨ ᠪᠠᠢᠨ᠎ᠠ ᠬᠡᠪᠡ᠃

ᠣᠯᠠᠨ ᠵᠢᠯ᠎ᠤᠨ ᠦᠶᠯᠡᠳᠦᠯᠭᠡ᠎ᠶ᠋ᠢᠨ ᠬᠤᠷᠠᠮᠳᠤᠭᠤᠯᠤᠯ᠎ᠢᠶᠠᠷ ᠳᠠᠮᠵᠢᠭᠠᠳ᠂ ᠣᠲᠣ ᠪᠣᠯᠲᠠᠯ᠎ᠠ᠂ 《ᠮᠧᠩ ᠼᠤᠤ》 ᠪᠦᠯᠦᠭ᠌ᠯᠡᠯ᠎ᠨᠢ ᠣᠯᠠᠨ ᠤᠯᠤᠰ᠎ᠤᠨ ᠬᠢᠷᠢ ᠲᠦᠪᠱᠢᠨ ᠪᠦ᠍ᠬᠦᠢ ᠤᠨᠴᠠᠯᠢᠭ᠍ᠲᠤ ᠤᠷᠤᠨ ᠨᠤᠲᠤᠭ᠎ᠤᠨ ᠤᠷᠭᠤᠮᠠᠯ᠎ᠤᠨ ᠦᠷ᠎ᠡ᠎ᠶ᠋ᠢᠨ ᠡᠳ᠋᠎ᠤᠨ ᠡᠬᠢ ᠪᠠᠶᠠᠯᠢᠭ᠎ᠤᠨ ᠬᠥᠮᠥᠷᠭᠡ (ᠱᠢᠶᠤᠤ ᠼᠤᠤ ᠨᠦᠸᠧ ᠶᠠ ᠹᠠᠩ ᠵᠧᠤ) ᠎ᠶ᠋ᠢ ᠪᠠᠢᠭᠤᠯᠤᠨ᠂ ᠦᠷ᠎ᠡ᠎ᠶ᠋ᠢᠨ ᠡᠳ᠋᠎ᠤᠨ ᠡᠬᠢ ᠪᠠᠶᠠᠯᠢᠭ᠎ᠢ 《ᠪᠤᠢᠵᠢᠭᠤᠯᠤᠨ ᠦᠷᠡᠵᠢᠭᠦᠯᠵᠦ᠍ ᠳᠡᠯᠭᠡᠷᠡᠭᠦᠯᠬᠦ᠌》 ᠎ᠶ᠋ᠢ ᠨᠢᠭᠡ ᠴᠤᠭ᠍ᠴᠠᠵᠢᠭᠤᠯᠤᠭ᠍ᠰᠠᠨ ᠬᠡᠷᠡᠭ᠌ᠯᠡᠭᠡᠨ᠎ᠤ ᠱᠢᠰᠲ᠋ᠧᠮ᠎ᠢ ᠪᠠᠢᠭᠤᠯᠵᠤ᠂ ᠠᠮᠢ ᠠᠬᠤᠶ᠎ᠶ᠋ᠢ ᠰᠡᠷᠭᠦᠭᠡᠬᠦ᠌᠎ᠳᠤ ᠬᠡᠷᠡᠭ᠌ᠯᠡᠬᠦ᠂ ᠲᠡᠵᠢᠭᠡᠯ ᠡᠪᠡᠰᠦᠨ᠎ᠤ ᠲᠥᠷᠥᠯ ᠵᠦᠶᠯ᠂ ᠬᠢᠲᠠᠳ ᠡᠮ ᠡᠪᠡᠰᠦᠨ ᠡᠮ᠎ᠤᠨ ᠲᠥᠷᠥᠯ ᠵᠦᠶᠯ ᠵᠡᠷᠭᠡ ᠤᠨᠴᠠᠯᠢᠭ᠍ᠲᠤ ᠤᠷᠤᠨ ᠨᠤᠲᠤᠭ᠎ᠤᠨ ᠤᠷᠭᠤᠮᠠᠯ᠎ᠤᠨ ᠦᠷ᠎ᠡ᠎ᠶ᠋ᠢᠨ ᠡᠳ᠋᠎ᠤᠨ ᠥᠪᠡᠷᠮᠢᠴᠡ ᠡᠬᠢ ᠪᠠᠶᠠᠯᠢᠭ᠎ᠢ ᠴᠤᠭ᠍ᠯᠠᠭᠤᠯᠬᠤ᠂ ᠬᠤᠷᠢᠶᠠᠨ ᠬᠠᠳᠠᠭᠠᠯᠠᠬᠤ᠂ ᠰᠤᠳᠤᠯᠬᠤ᠂ ᠨᠣᠮᠣᠬᠠᠳᠭᠠᠬᠤ᠂ ᠦᠶᠯᠡᠳᠦᠯᠭᠡᠵᠢᠭᠦᠯᠦᠨ ᠬᠡᠷᠡᠭ᠌ᠯᠡᠬᠦ᠂ ᠪᠣᠳᠠᠰ᠎ᠤᠨ ᠲᠥᠷᠥᠯ᠎ᠢ ᠬᠠᠮᠠᠭᠠᠯᠠᠬᠤ᠂ ᠠᠮᠢ ᠠᠬᠤᠶ᠎ᠶ᠋ᠢᠨ ᠪᠥᠲᠥᠭᠡᠨ ᠪᠠᠢᠭᠤᠯᠤᠯᠲᠠ ᠬᠢᠬᠦ᠌ ᠵᠡᠷᠭᠡ ᠠᠯᠢ ᠣᠯᠠᠨ ᠦᠢᠯᠡᠳᠦᠯ ᠴᠢᠳᠠᠮᠵᠢ᠎ᠶ᠋ᠢ ᠬᠠᠮᠤᠷᠤᠭ᠍ᠰᠠᠨ ᠪᠠᠢᠳᠠᠭ᠃ ᠡᠪᠡᠰᠦ᠎ᠪᠠᠷ ᠰᠠᠭᠤᠷᠢ ᠪᠣᠯᠭᠠᠭ᠍ᠰᠠᠨ ᠠᠮᠢ ᠠᠬᠤᠢ᠎ᠶ᠋ᠢ ᠵᠠᠰᠠᠨ ᠰᠡᠷᠭᠦᠭᠡᠬᠦ᠌ ᠢᠨᠵᠧᠨᠧᠷᠢᠩ᠎ᠢ ᠨᠢᠭᠡᠨᠲᠡ ᠤᠯᠤᠰ᠎ᠤᠨ ᠨᠤᠲᠤᠭ ᠳᠡᠪᠢᠰᠭᠡᠷ᠎ᠢ ᠵᠠᠰᠠᠬᠤ᠂ ᠬᠤᠳᠠ ᠪᠠᠯᠭᠠᠰᠤ᠎ᠶ᠋ᠢ ᠨᠣᠭᠤᠭᠠᠷᠠᠭᠤᠯᠬᠤ᠂ ᠤᠰᠤ ᠬᠥᠷᠥᠰᠥ᠎ᠶ᠋ᠢ ᠬᠠᠮᠠᠭᠠᠯᠠᠬᠤ ᠪᠠ ᠰᠠᠯᠬᠢ᠎ᠶ᠋ᠢ ᠬᠠᠯᠬᠠᠯᠠᠵᠤ ᠡᠯᠡᠰᠦ᠎ᠶ᠋ᠢ ᠲᠣᠭ᠍ᠲᠠᠪᠤᠷᠢᠵᠢᠭᠤᠯᠬᠤ ᠵᠡᠷᠭᠡ ᠤᠯᠠᠨ ᠬᠦᠷᠢᠶᠡᠨ᠎ᠳᠤ ᠥᠷᠭᠡᠨ᠎ᠢᠶᠠᠷ ᠬᠡᠷᠡᠭ᠌ᠯᠡᠵᠦ᠍ ᠪᠠᠢᠨ᠎ᠠ᠃

《ᠰᠢ᠎ᠶ᠋ᠢᠨ ᠫᠢᠩ᠎ᠤᠨ ᠠᠮᠢ ᠠᠬᠤᠢ᠎ᠶ᠋ᠢᠨ ᠪᠣᠯᠪᠠᠰᠤᠨ᠎ᠤ ᠦᠵᠡᠯ ᠰᠠᠨᠠᠭᠠᠨ᠎ᠤ ᠵᠢᠯᠤᠭᠤᠳᠤᠯᠭ᠎ᠠ ᠳᠣᠣᠷ᠎ᠠ᠂ ᠮᠠᠨ᠎ᠤ ᠮᠧᠩ ᠼᠤᠤ ᠪᠦᠯᠦᠭ᠌ᠯᠡᠯ᠎ᠤᠨ᠎ᠬᠢᠨ ᠪᠣᠬᠢᠷᠲᠤᠯ ᠦᠭᠡᠢ ᠬᠦᠭ᠌ᠵᠢᠬᠦᠯᠬᠦ᠌ ᠡᠭᠦᠷᠭᠡ ᠬᠠᠷᠢᠭᠤᠴᠠᠯᠭ᠎ᠠ᠎ᠶ᠋ᠢ ᠴᠥᠬᠦᠷᠡᠰᠢ ᠦᠭᠡᠢ ᠦᠢᠯᠡᠳᠦᠯᠭᠡᠵᠢᠭᠦᠯᠵᠦ᠍᠂ ᠮᠥᠬᠦᠯᠢᠭ ᠦᠷ᠎ᠡ ᠱᠢᠷᠬᠡᠭ ᠡᠪᠡᠰᠦ ᠪᠦᠬᠦᠨ᠎ᠳᠤ ᠠᠩᠬᠠᠷᠤᠯ᠎ᠢᠶᠠᠨ ᠲᠥᠪᠯᠡᠷᠡᠭᠦᠯᠵᠦ᠍ ᠪᠠᠢᠨ᠎ᠠ》 ᠭᠡᠵᠦ᠍ ᠲᠠᠷᠢᠶᠠᠯᠠᠩ᠎ᠤᠨ 《ᠢᠯᠳᠡᠰᠦ》 ᠬᠡᠮᠡᠭ᠌ᠳᠡᠭ᠌ᠰᠡᠨ ᠡᠪᠡᠰᠦᠨ ᠦᠷ᠎ᠡ᠎ᠶ᠋ᠢᠨ ᠦᠶᠯᠡᠰ᠎ᠤᠨ ᠬᠥᠭ᠌ᠵᠢᠯᠲᠡ᠎ᠶ᠋ᠢᠨ ᠲᠤᠬᠠᠶ ᠸᠠᠩ ᠵᠣᠣ ᠮᠢᠩ ᠣᠷᠭᠢᠯᠤᠮ᠎ᠠ ᠬᠠᠯᠠᠭᠤᠨ ᠰᠡᠳᠭᠢᠯᠭᠡ᠎ᠲᠠᠢ ᠶᠠᠷᠢᠵᠤ ᠪᠠᠢᠯ᠎ᠠ᠃


111.png


2014 ᠣᠨ᠎ᠤ 1 ᠰᠠᠷ᠎ᠠ᠎ᠶ᠋ᠢᠨ 28 ᠎ᠤ ᠡᠳᠦᠷ᠂ ᠶᠡᠷᠦᠩᠬᠡᠢ ᠱᠦᠵᠢ ᠰᠢ᠎ᠶ᠋ᠢᠨ ᠫᠢᠩ 《ᠮᠧᠩ ᠼᠤᠤ》 ᠪᠦᠯᠦᠭ᠌ᠯᠡᠯ᠎ᠢ ᠱᠢᠨᠵᠢᠯᠡᠨ ᠪᠠᠢᠴᠠᠭᠠᠬᠤ᠎ᠳᠠᠭᠠᠨ᠂ ᠪᠣᠬᠢᠷᠲᠤᠯ ᠦᠭᠡᠢ ᠬᠥᠭ᠌ᠵᠢᠯᠲᠡ᠎ᠶ᠋ᠢ ᠪᠡᠶᠡᠯᠡᠭᠦᠯᠬᠦ᠌᠎ᠳᠤ ᠵᠠᠩᠭᠢᠯᠠᠭ᠎ᠠ᠎ᠨᠢ ᠲᠠᠪᠴᠠᠩ᠂ ᠮᠡᠷᠭᠡᠵᠢᠯ᠂ ᠠᠷᠭ᠎ᠠ ᠪᠠᠷᠢᠯ ᠪᠠᠢᠬᠤ ᠬᠡᠷᠡᠭ᠌ᠲᠡᠢ᠂ ᠨᠤᠭᠤᠭᠠᠷᠠᠭᠤᠯᠤᠯᠲᠠ ᠬᠢᠬᠦ᠌᠎ᠳᠤ ᠵᠥᠪᠬᠡᠨ 《ᠬᠠᠴᠢᠨ ᠰᠣᠨᠢᠨ ᠡᠪᠡᠰᠦ ᠴᠡᠴᠡᠭ》 ᠲᠠᠷᠢᠬᠤ᠎ᠨᠢ ᠦᠷᠭᠦᠯᠵᠢᠯᠡᠵᠦ᠍ ᠳᠡᠢᠯᠬᠦ᠌ ᠦᠭᠡᠢ ᠶᠤᠮ᠂ ᠰᠣᠬᠤᠷ ᠪᠠᠯᠠᠢ᠎ᠪᠠᠷ ᠣᠷᠣᠭᠤᠯᠤᠨ ᠠᠪᠴᠢᠷᠠᠬᠤ᠎ᠨᠢ ᠪᠠᠰᠠ ᠵᠣᠬᠢᠴᠠᠬᠤ ᠦᠭᠡᠢ ᠪᠠᠢᠵᠤ ᠮᠡᠳᠡᠨ᠎ᠠ᠂ ᠪᠠᠢᠭᠠᠯᠢ᠎ᠶ᠋ᠢᠨ ᠵᠢᠮ᠎ᠡ ᠶᠣᠰᠣᠨ᠎ᠳᠤ ᠨᠡᠢᠴᠡᠵᠦ᠍᠂ ᠤᠯᠤᠰ᠎ᠤᠨ ᠪᠠᠢᠳᠠᠯ ᠭᠠᠵᠠᠷ ᠣᠷᠣᠨ᠎ᠤ ᠪᠠᠢᠳᠠᠯ᠎ᠳᠤ ᠨᠡᠢᠴᠡᠭ᠌ᠰᠡᠨ ᠨᠣᠭᠤᠭᠠᠷᠠᠭᠤᠯᠤᠯᠲᠠ᠎ᠶ᠋ᠢᠨ ᠵᠠᠮ᠎ᠢ ᠰᠦᠪᠡᠭ᠌ᠴᠢᠯᠡᠬᠦ᠌ ᠬᠡᠷᠡᠭ᠌ᠲᠡᠢ ᠭᠡᠵᠦ᠍ ᠴᠢᠩ ᠰᠡᠳᠭᠢᠯ᠎ᠠᠴᠠ᠎ᠪᠠᠨ ᠬᠦᠰᠡᠨ ᠨᠠᠢᠳᠠᠭ᠍ᠰᠠᠨ ᠪᠢᠯᠡ᠃

ᠡᠨᠡ ᠬᠦ᠌ 《ᠨᠣᠭᠤᠭᠠᠷᠠᠭᠤᠯᠤᠯᠲᠠ᠎ᠶ᠋ᠢᠨ ᠵᠠᠮ》 ᠎ᠢᠶᠠᠷ ᠰᠠᠢᠲᠤᠷ ᠵᠠᠮᠨᠠᠬᠤ᠎ᠶ᠋ᠢᠨ ᠲᠥᠯᠥᠭᠡ᠂ 7 ᠵᠢᠯ᠎ᠤᠨ ᠲᠤᠷᠰᠢ᠂ ᠮᠧᠩ ᠼᠤᠤ ᠪᠦᠯᠦᠭ᠌ᠯᠡᠯ᠎ᠤᠨ᠎ᠬᠢᠨ 《ᠤᠷᠤᠨ ᠨᠤᠲᠤᠭ᠎ᠤᠨ ᠤᠷᠭᠤᠮᠠᠯ᠎ᠤᠨ ᠦᠷ᠎ᠡ᠎ᠶ᠋ᠢᠨ ᠡᠳ᠋᠎ᠤᠨ ᠡᠬᠢ ᠪᠠᠶᠠᠯᠢᠭ᠎ᠤᠨ ᠱᠢᠰᠲ᠋ᠧᠮ》 ᠵᠢᠴᠢ 《ᠲᠣᠮᠣ ᠳ᠋ᠠᠢᠲ᠋ᠠ᠎ᠶ᠋ᠢᠨ ᠮᠡᠷᠭᠡᠵᠢᠯ》 ᠎ᠳᠤ ᠲᠦᠱᠢᠭ᠌ᠯᠡᠨ᠂ ᠡᠪᠡᠰᠦᠨ ᠦᠷ᠎ᠡ᠎ᠶ᠋ᠢᠨ ᠦᠶᠯᠡᠰ᠎ᠢ ᠰᠠᠢᠳᠤᠷ ᠴᠢᠷᠮᠠᠢᠨ ᠨᠠᠷᠢᠯᠢᠭ ᠬᠢᠵᠦ᠍᠂ ᠦᠶᠯᠡᠳᠪᠦᠷᠢᠯᠡᠯ ᠵᠢᠭᠠᠨ ᠰᠤᠷᠭᠠᠯᠲᠠ ᠰᠤᠳᠤᠯᠭᠠᠨ᠎ᠢ ᠲᠡᠭᠦᠯᠳᠡᠷᠵᠢᠭᠦᠯᠦᠨ᠂ ᠪᠤᠢᠵᠢᠭᠤᠯᠤᠨ ᠦᠷᠡᠵᠢᠭᠦᠯᠵᠦ᠍ ᠳᠡᠯᠭᠡᠷᠡᠭᠦᠯᠬᠦ᠌᠎ᠶ᠋ᠢ ᠰᠠᠢᠲᠤᠷ ᠠᠳᠭᠤᠵᠤ᠂ ᠠᠭᠤᠯᠠ ᠤᠰᠤ ᠣᠶ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ᠎ᠤᠨ ᠠᠮᠢ ᠠᠬᠤᠶ᠎ᠶ᠋ᠢᠨ ᠲᠥᠯᠥᠪᠵᠢᠭᠦᠯᠭᠡ ᠵᠠᠰᠠᠯᠲᠠ᠎ᠶ᠋ᠢ ᠬᠦᠴᠦᠯᠡᠨ ᠱᠢᠶᠳᠪᠦᠷᠢᠯᠡᠵᠦ᠍᠂ ᠥᠪᠥᠷ ᠮᠣᠩᠭᠤᠯ᠎ᠤᠨ ᠦᠵᠡᠰᠭᠦᠯᠡᠩᠲᠦ ᠰᠠᠢᠬᠠᠨ ᠠᠮᠢ ᠠᠬᠤᠶ᠎ᠶ᠋ᠢᠨ ᠦᠵᠡᠮᠵᠢ᠎ᠶ᠋ᠢ ᠪᠥᠬᠦ᠌ ᠬᠦᠴᠦᠨ᠎ᠢᠶᠠᠷ᠎ᠢᠶᠠᠨ ᠵᠢᠷᠤᠭ᠍ᠯᠠᠪᠠ᠃

ᠠᠲᠠᠷ ᠭᠠᠵᠠᠷ ᠪᠣᠯᠭᠠᠨ᠎ᠳᠤ ᠬᠠᠮᠤᠭ᠎ᠤᠨ ᠲᠣᠬᠢᠷᠠᠮᠵᠢᠲᠠᠶ ᠦᠷ᠎ᠡ᠎ᠶ᠋ᠢ ᠣᠯᠵᠤ ᠥᠭ᠌ᠬᠦ᠎ᠶ᠋ᠢᠨ ᠲᠥᠯᠥᠭᠡ᠂ ᠮᠧᠩ ᠼᠤᠤ ᠺᠤᠮᠫᠠᠨᠢ᠎ᠶ᠋ᠢᠨ᠎ᠬᠢᠨ ᠥᠪᠥᠷ ᠮᠣᠩᠭᠤᠯ᠂ ᠱᠠᠨᠰᠢ᠂ ᠲᠥᠪᠡᠳ᠂ ᠬᠥᠬᠡᠨᠠᠭᠤᠷ᠂ ᠭᠠᠨᠰᠦ ᠵᠡᠷᠭᠡ ᠮᠤᠵᠢ ᠤᠷᠤᠨ᠎ᠤ ᠴᠢᠬᠤᠯᠠ ᠠᠮᠢ ᠠᠬᠤᠶ᠎ᠶ᠋ᠢᠨ ᠣᠷᠣᠨ᠎ᠢᠶᠠᠷ ᠬᠦᠷᠴᠦ᠍᠂ ᠪᠥᠬᠦ᠌ ᠤᠯᠤᠰ᠎ᠤᠨ ᠤᠷᠭᠤᠮᠠᠯ᠎ᠤᠨ ᠦᠷ᠎ᠡ᠎ᠶ᠋ᠢᠨ ᠡᠬᠢ ᠪᠠᠶᠠᠯᠢᠭ᠎ᠤᠨ ᠵᠢᠷᠤᠭ ᠬᠢᠬᠡᠳ ᠦᠰᠦᠭ ᠪᠢᠴᠢᠭ᠎ᠤᠨ ᠲᠤᠭ᠎ᠠ ᠪᠠᠷᠢᠮᠲᠠ᠎ᠶ᠋ᠢᠨ ᠮᠡᠳᠡᠭᠡ ᠵᠠᠩᠭᠢ᠎ᠶ᠋ᠢ 6.2 ᠲᠦᠮᠡᠨ ᠵᠤᠷᠪᠤᠰ ᠴᠤᠭ᠍ᠯᠠᠭᠤᠯᠪᠠ; ᠭᠠᠵᠠᠷ ᠵᠦᠶ᠎ᠶ᠋ᠢᠨ ᠲᠡᠮᠳᠡᠭ᠎ᠲᠠᠢ ᠤᠷᠭᠤᠮᠠᠯ᠎ᠤᠨ ᠵᠠᠭ᠍ᠪᠤᠷ᠎ᠢ 10 ᠲᠦᠮᠡᠨ ᠬᠤᠪᠢ᠂ ᠭᠠᠩ ᠬᠠᠭᠤᠷᠠᠶ ᠬᠠᠭᠠᠰ ᠭᠠᠩ ᠬᠠᠭᠤᠷᠠᠶ ᠭᠠᠵᠠᠷ ᠣᠷᠣᠨ᠎ᠤ ᠬᠥᠷᠥᠰᠥ᠍ ᠱᠢᠷᠣᠶ᠎ᠶ᠋ᠢᠨ ᠵᠠᠭ᠍ᠪᠤᠷ᠎ᠢ 140 ᠲᠦᠮᠡᠨ ᠬᠤᠪᠢ᠂ ᠪᠣᠳᠠᠲᠤ ᠪᠤᠳᠠᠰ᠎ᠢᠶᠠᠷ ᠬᠠᠳᠠᠭᠠᠯᠠᠭ᠍ᠰᠠᠨ ᠨᠤᠲᠤᠭ᠎ᠤᠨ ᠤᠷᠭᠤᠮᠠᠯ᠎ᠤᠨ ᠦᠷ᠎ᠡ᠎ᠶ᠋ᠢᠨ ᠡᠬᠢ ᠪᠠᠶᠠᠯᠢᠭ᠎ᠢ 1.2 ᠲᠦᠮᠡ ᠭᠠᠷᠤᠶ ᠬᠤᠪᠢ ᠴᠤᠭ᠍ᠯᠠᠭᠤᠯᠪᠠ; 200 ᠭᠠᠷᠤᠶ ᠵᠦᠢᠯ᠎ᠤᠨ ᠨᠤᠲᠤᠭ᠎ᠤᠨ ᠤᠷᠭᠤᠮᠠᠯ᠎ᠢ ᠲᠡᠵᠢᠭᠡᠨ ᠦᠷᠡᠵᠢᠭᠦᠯᠪᠡ᠃ ᠡᠭᠦᠨ᠎ᠠᠴᠠ ᠭᠠᠳᠠᠨ᠎ᠠ᠂ ᠪᠠᠰᠠ ᠬᠡᠳᠦᠨ ᠠᠷᠪᠠᠨ ᠵᠦᠶᠯ᠎ᠤᠨ ᠡᠪᠡᠰᠦ᠎ᠶ᠋ᠢ ᠬᠤᠯᠢᠵᠤ ᠦᠶᠯᠡᠳᠦᠭ᠌ᠰᠡᠨ ᠠᠮᠢ ᠠᠬᠤᠶ᠎ᠶ᠋ᠢᠨ ᠪᠣᠭᠤᠳᠠᠯ᠎ᠢ ᠰᠤᠳᠤᠯᠤᠨ ᠨᠡᠭᠡᠭᠡᠵᠦ᠍᠂ ᠨᠤᠲᠤᠭ ᠪᠡᠯᠴᠢᠭᠡᠷ᠎ᠢ ᠨᠣᠭᠤᠭᠠᠷᠠᠭᠤᠯᠬᠤ᠂ ᠴᠦᠯᠯᠡᠷᠭᠡᠭ᠌ᠵᠢᠯ᠎ᠢ ᠵᠠᠰᠠᠬᠤ᠂ ᠠᠭᠤᠷᠬᠠᠶ᠎ᠶ᠋ᠢ ᠰᠡᠷᠭᠦᠭᠡᠬᠦ᠂ ᠬᠠᠶᠠᠭ᠍ᠳᠠᠮᠠᠯ ᠭᠠᠵᠠᠷ᠎ᠢ ᠥᠭᠡᠷᠡᠴᠢᠯᠡᠬᠦ᠌ ᠵᠡᠷᠭᠡ᠎ᠳᠤ ᠬᠡᠷᠡᠭ᠌ᠯᠡᠵᠦ᠍᠂ ᠤᠮᠠᠷᠠᠲᠤ ᠬᠢᠯᠢ᠎ᠶ᠋ᠢᠨ ᠠᠮᠢ ᠠᠬᠤᠶ᠎ᠶ᠋ᠢ ᠰᠡᠷᠭᠦᠭᠡᠬᠦ᠌᠎ᠳᠤ ᠬᠡᠷᠡᠭ᠌ᠯᠡᠵᠦ᠍ ᠪᠣᠯᠬᠤ ᠦᠷ᠎ᠡ᠎ᠲᠠᠢ᠂ ᠤᠷᠭᠤᠮᠠᠯ᠎ᠤᠨ ᠬᠡᠷᠡᠭ᠌ᠯᠡᠭᠡᠨ᠎ᠳᠤ ᠳᠣᠭᠢᠷᠠᠬᠤ᠎ᠶ᠋ᠢ ᠦᠨᠡᠨ ᠬᠦ᠌ ᠪᠠᠲᠤᠯᠠᠪᠠ᠃

ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠨᠢ ᠬᠡᠷᠡᠯᠳᠦ ᠴᠠᠮᠬᠠᠬ ᠱᠢᠬ᠎ᠢᠶᠠᠷ 《ᠮᠧᠩ ᠼᠤᠤ》 ᠎ᠶ᠋ᠢᠨ ᠤᠷᠤᠭ᠍ᠰᠢᠯᠠᠯᠲᠠ᠎ᠶ᠋ᠢᠨ ᠵᠠᠮ᠎ᠢ ᠭᠡᠢᠭᠦᠯᠪᠠ᠂ 7 ᠵᠢᠯ᠎ᠤᠨ ᠲᠤᠷᠰᠢ 《ᠮᠧᠩ ᠼᠤᠤ》 ᠪᠦᠯᠦᠭ᠌ᠯᠡᠯ᠎ᠤᠨ᠎ᠬᠢᠨ ᠠᠮᠢ ᠠᠬᠤᠢ᠎ᠶ᠋ᠢ ᠵᠠᠰᠠᠨ ᠰᠡᠷᠭᠦᠭᠡᠬᠦ᠌ ᠢᠲᠡᠭᠡᠯ ᠵᠣᠷᠢᠭ᠎ᠢᠶᠠᠨ ᠭᠤᠢᠪᠢᠰᠢ ᠦᠭᠡᠢ ᠪᠠᠷᠢᠮᠳᠠᠯᠠᠵᠤ᠂ ᠬᠦᠴᠦᠷᠬᠡᠭ᠌ᠵᠢᠬᠦ᠌᠎ᠪᠠᠷ ᠬᠦᠴᠦᠯᠡᠨ ᠴᠢᠷᠮᠠᠢᠵᠤ᠂ ᠡᠪᠳᠡᠭ᠌ᠳᠡᠭ᠌ᠰᠡᠨ ᠨᠤᠲᠤᠭ ᠪᠡᠯᠴᠢᠭᠡᠷ᠂ ᠴᠦᠯᠯᠡᠷᠭᠡᠭ ᠤᠷᠤᠨ᠂ ᠠᠭᠤᠷᠬᠠᠢ᠂ ᠬᠤᠳᠠ᠎ᠶ᠋ᠢᠨ ᠲᠡᠬᠦᠷᠭᠡ᠎ᠶ᠋ᠢᠨ 3000 ᠭᠠᠷᠤᠢ ᠲᠦᠮᠡᠨ ᠮᠦ᠍᠎ᠶ᠋ᠢᠨ ᠬᠠᠶᠠᠭ᠍ᠳᠠᠮᠠᠯ ᠭᠠᠵᠠᠷ᠎ᠢ ᠤᠨᠢᠨ ᠳᠡᠭᠡᠷ᠎ᠡ᠎ᠨᠢ ᠵᠠᠰᠠᠨ ᠰᠡᠷᠭᠦᠭᠡᠵᠦ᠍᠂ ᠴᠡᠯᠡᠬᠡᠷ ᠲᠠᠯ᠎ᠠ᠎ᠠᠴᠠ ᠤᠯᠠᠭᠠᠢ᠎ᠶ᠋ᠢᠨ ᠲᠠᠯ᠎ᠠ ᠨᠤᠲᠤᠭ᠂ ᠬᠤᠷᠴᠢᠨ᠎ᠤ ᠡᠯᠡᠰᠦᠷᠬᠡᠭ ᠭᠠᠵᠠᠷ ᠬᠦᠷᠲᠡᠯ᠎ᠡ᠂ ᠠᠯᠠᠱᠠ᠎ᠶ᠋ᠢᠨ ᠡᠯᠡᠰᠦᠷᠬᠡᠭ ᠭᠠᠵᠠᠷ᠂ ᠪᠠᠶᠠᠨᠨᠠᠭᠤᠷ᠎ᠤᠨ ᠬᠤᠵᠢᠷᠯᠢᠭ ᠭᠠᠵᠠᠷ᠎ᠠᠴᠠ ᠦᠬᠠᠢ᠎ᠶ᠋ᠢᠨ ᠬᠠᠶᠠᠭ᠍ᠳᠠᠮᠠᠯ ᠠᠭᠤᠷᠬᠠᠢ᠂ ᠪᠠᠢ ᠴᠢᠤᠸᠠᠨ ᠱᠠᠨ ᠠᠭ᠍ᠯᠠᠭ ᠠᠭᠤᠯᠠ ᠬᠦᠷᠲᠡᠯ᠎ᠡ᠂ ᠤᠤᠯ᠎ᠤᠨ ᠲᠡᠷᠡ ᠬᠦ᠌ ᠬᠠᠶᠠᠭ᠍ᠳᠠᠮᠠᠯ ᠭᠠᠵᠠᠷ᠎ᠨᠢ ᠤᠳᠤᠬᠠᠨ᠎ᠳᠤ ᠪᠦᠷ ᠨᠤᠭᠤᠭᠠᠨ ᠬᠦᠷᠮ᠎ᠡ ᠨᠦᠮᠦᠷᠦᠭ᠌ᠰᠡᠨ ᠪᠠᠢᠨ᠎ᠠ᠃ ᠤᠨᠴᠠᠭᠠᠢᠯᠠᠨ ᠳᠤᠷᠠᠳᠤᠭᠤᠱᠢᠲᠠᠶ᠎ᠨᠢ᠂ ᠠᠮᠢ ᠠᠬᠤᠶ᠎ᠶ᠋ᠢ ᠰᠡᠷᠭᠦᠭᠡᠭ᠌ᠰᠡᠨ᠎ᠤ ᠳᠠᠷᠠᠭᠠᠬᠢ ᠴᠡᠯᠡᠭᠡᠷ ᠲᠠᠯ᠎ᠠ᠎ᠳᠤ᠂ ᠤᠷᠭᠤᠮᠠᠯ᠎ᠤᠨ ᠲᠦᠷᠦᠯ᠎ᠨᠢ ᠲᠤᠬᠠᠶ᠎ᠶ᠋ᠢᠨ ᠦᠶ᠎ᠡ᠎ᠶ᠋ᠢᠨ 20 ᠭᠠᠷᠤᠶ ᠲᠦᠷᠦᠯ ᠪᠠᠢᠭ᠍ᠰᠠᠨ᠎ᠠᠴᠠ᠎ᠪᠠᠨ ᠤᠳᠤ 50 ᠭᠠᠷᠤᠶ ᠲᠥᠷᠥᠯ ᠪᠣᠯᠵᠣ ᠰᠡᠷᠬᠦᠨ᠂ ᠬᠠᠭᠤᠷᠠᠶ ᠡᠪᠡᠰᠦᠨ᠎ᠤ ᠭᠠᠷᠤᠯᠲᠠ᠂ ᠵᠢᠯ᠎ᠤᠨ ᠨᠡᠭᠦᠷᠡᠰᠦᠲᠥ᠋ᠷᠥᠭ᠌ᠴᠢ᠎ᠶ᠋ᠢ ᠲᠣᠭ᠍ᠲᠠᠪᠤᠷᠢᠵᠢᠭᠤᠯᠬᠤ ᠬᠡᠮᠵᠢᠶ᠎ᠡ᠂ ᠵᠢᠯ᠎ᠤᠨ ᠬᠦᠴᠢᠯᠲᠥ᠋ᠷᠥᠭ᠌ᠴᠢ ᠢᠯᠭᠠᠷᠠᠭᠤᠯᠬᠤ ᠬᠡᠮᠵᠢᠶ᠎ᠡ ᠵᠡᠷᠭᠡ ᠵᠠᠩᠭᠢᠯᠠᠭ᠎ᠠ᠎ᠶ᠋ᠢᠨ ᠵᠢᠭᠠᠯᠳᠠ ᠲᠤᠭ᠎ᠠ ᠪᠠᠷᠢᠮᠲᠠ᠎ᠨᠢ ᠶᠡᠷᠦᠩᠬᠡᠶ᠎ᠳᠡᠭᠡᠨ 12 ᠳᠠᠬᠢᠨ ᠱᠢᠬᠠᠮ ᠳᠡᠭᠡᠭ᠌ᠰᠢᠯᠡᠭ᠌ᠰᠡᠨ ᠪᠠᠢᠨ᠎ᠠ᠃

ᠸᠠᠩ ᠵᠤᠤ ᠮᠢᠩ᠄ 《ᠮᠠᠨ᠎ᠤ ᠤᠯᠤᠰ ᠬᠡᠳᠦᠶ᠎ᠪᠠᠷ ᠤᠷᠭᠤᠮᠠᠯ᠎ᠤᠨ ᠲᠤᠮᠤ ᠤᠯᠤᠰ ᠪᠣᠯᠪᠠᠴᠤ᠌ ᠨᠤᠲᠤᠭ᠎ᠤᠨ ᠦᠷ᠎ᠡ᠎ᠶ᠋ᠢᠨ ᠦᠢᠯᠡᠰ᠎ᠤᠨ ᠬᠦᠴᠦᠷᠬᠡᠭ ᠤᠯᠤᠰ ᠪᠢᠰᠢ ᠶᠤᠮ᠃ ᠠᠮᠢ ᠠᠬᠤᠶ᠎ᠶ᠋ᠢ ᠰᠡᠷᠭᠦᠭᠡᠬᠦ᠌ ᠪᠠ ᠲᠠᠷᠢᠶᠠᠯᠠᠩ ᠮᠠᠯ ᠠᠵᠤ ᠠᠬᠤᠶ᠎ᠳᠤ ᠬᠡᠷᠡᠭ᠌ᠯᠡᠬᠦ᠌ 〈ᠲᠣᠬᠢᠷᠠᠭ᠍ᠰᠠᠨ ᠭᠠᠵᠠᠷ᠎ᠲᠤ ᠤᠷᠭᠤᠬᠤ〉 ᠦᠷ᠎ᠡ ᠡᠳ᠋᠎ᠤᠨ ᠡᠬᠢ ᠪᠠᠶᠠᠯᠢᠭ ᠮᠥᠨ ᠬᠦ᠌ ᠳᠤᠲᠠᠮᠠᠭ ᠪᠠᠢᠵᠤ᠂ ᠨᠢᠭᠡ ᠪᠦᠯᠦᠭ ᠣᠨᠴᠠᠯᠢᠭ᠍ᠲᠤ ᠲᠠᠷᠢᠮᠠᠯ᠎ᠤᠨ ᠦᠷ᠎ᠡ᠂ ᠨᠤᠲᠤᠭ᠎ᠤᠨ ᠡᠪᠡᠰᠦᠨ ᠦᠷ᠎ᠡ᠂ ᠴᠢᠨᠠᠷ ᠰᠠᠢᠲᠠᠶ ᠲᠡᠵᠢᠭᠡᠯ ᠡᠪᠡᠰᠦᠨ᠎ᠤ ᠦᠷ᠎ᠡ᠎ᠶ᠋ᠢ ᠠᠯᠢ ᠲᠦᠷᠭᠡᠨ ᠰᠤᠳᠤᠯᠤᠨ ᠨᠡᠭᠡᠭᠡᠵᠦ᠍᠂ ᠦᠨᠳᠦᠰᠦᠲᠡᠨ᠎ᠤ ᠡᠪᠡᠰᠦᠨ ᠦᠷ᠎ᠡ᠎ᠶ᠋ᠢᠨ ᠦᠢᠯᠡᠰ᠎ᠤᠨ ᠱᠢᠰᠲ᠋ᠧᠮ᠎ᠢ ᠪᠠᠢᠭᠤᠯᠬᠤ ᠶᠠᠪᠤᠳᠠᠯ ᠪᠠᠴᠢᠮ ᠲᠤᠯᠭᠠᠮ ᠪᠣᠯᠣᠭᠠᠳ ᠪᠠᠢᠨ᠎ᠠ᠃ ᠤᠯᠤᠰ᠎ᠤᠨ ᠪᠠᠢᠳᠠᠯ ᠭᠠᠵᠠᠷ ᠣᠷᠣᠨ᠎ᠤ ᠪᠠᠢᠳᠠᠯ᠎ᠳᠤ ᠨᠡᠢᠴᠡᠭ᠌ᠰᠡᠨ ᠤᠨᠴᠠᠯᠢᠭ᠍ᠳᠤ ᠲᠥᠷᠥᠯ ᠵᠦᠶᠯ᠎ᠲᠠᠢ ᠪᠣᠯᠪᠠᠯ᠂ ᠬᠠᠷᠢ ᠭᠠᠳᠠᠭᠠᠳᠤ᠎ᠶ᠋ᠢᠨ ᠡᠪᠡᠰᠦᠨ ᠦᠷ᠎ᠠ᠎ᠶ᠋ᠢ ᠬᠠᠷᠠᠬᠤ ᠬᠡᠷᠡᠭ ᠦᠬᠡᠢ ᠪᠤᠯᠬᠤ ᠪᠢᠱᠢᠦ》 ᠬᠡᠵᠦ᠍ ᠭᠡᠯᠡᠪᠡ᠃

ᠣᠳᠣᠬᠠᠨ᠎ᠳᠤ᠂ 《ᠮᠧᠩ ᠼᠤᠤ》 ᠪᠦᠯᠦᠭ᠌ᠯᠡᠯ ᠨᠢᠭᠡᠨᠲᠡ ᠠᠮᠢ ᠠᠬᠤᠶ᠎ᠶ᠋ᠢ ᠵᠠᠰᠠᠨ ᠰᠡᠷᠭᠦᠭᠡᠬᠦ᠌ ᠵᠠᠭ᠍ᠪᠤᠷ᠎ᠤᠨ ᠬᠥᠨᠳᠡᠯᠡᠨ᠎ᠢᠶᠠᠷ ᠥᠷᠭᠡᠵᠢᠬᠦ᠌ ᠪᠠ ᠭᠤᠯᠳᠤ᠎ᠪᠠᠷ ᠦᠷᠭᠦᠯᠵᠢᠯᠡᠬᠦ᠌᠎ᠶ᠋ᠢ ᠵᠠᠯᠭᠠᠭ᠎ᠠ᠎ᠪᠠᠷ ᠪᠡᠶᠡᠯᠡᠭᠦᠯᠵᠦ᠍᠂ ᠭᠤᠤᠯᠳᠠᠭᠤ ᠦᠨᠳᠦᠰᠦᠲᠡᠨ᠎ᠤ ᠦᠷ᠎ᠡ᠎ᠶ᠋ᠢᠨ ᠦᠶᠯᠡᠰ᠎ᠤᠨ ᠱᠢᠨ᠎ᠡ᠎ᠶ᠋ᠢ ᠡᠭᠦᠳᠬᠦ᠌ ᠬᠥᠭ᠌ᠵᠢᠯᠲᠡ ᠪᠠ ᠠᠮᠢ ᠠᠬᠤᠶ᠎ᠶ᠋ᠢ ᠵᠠᠰᠠᠨ ᠰᠡᠷᠭᠦᠭᠡᠬᠦ᠌ ᠬᠦᠷᠢᠶᠡᠨ᠎ᠳᠤ ᠵᠠᠬ᠎ᠠ ᠳᠡᠯᠭᠡᠭᠦᠷ᠎ᠢ ᠨᠠᠷᠢᠯᠢᠬ ᠬᠤᠪᠢᠶᠠᠵᠤ ᠴᠢᠨᠠᠷᠯᠢᠬ ᠠᠵᠢᠯᠯᠠᠨ᠂ ᠢᠷᠡᠭᠡᠳᠦᠶ᠎ᠳᠤ ᠠᠮᠢ ᠠᠬᠤᠶ᠎ᠶ᠋ᠢᠨ ᠲᠤᠭ᠎ᠠ ᠪᠠᠷᠢᠮᠲᠠ᠎ᠶ᠋ᠢᠨ ᠣᠶᠤᠨ ᠤᠬᠠᠭᠠᠨ ᠪᠠ ᠠᠮᠢ ᠨᠠᠰᠤᠨ᠎ᠤ ᠬᠠᠮᠲᠤ ᠴᠣᠭ᠍ᠴᠠ᠎ᠶ᠋ᠢᠨ ᠰᠡᠳᠭᠢᠬᠦᠶ᠎ᠪᠠᠷ ᠦᠨᠳᠦᠰᠦᠲᠡᠨ᠎ᠤ ᠡᠪᠡᠰᠦᠨ ᠦᠷ᠎ᠡ᠎ᠶ᠋ᠢᠨ ᠦᠶᠯᠡᠰ᠎ᠢ ᠪᠤᠵᠠᠭᠠᠢᠷᠠᠭᠤᠯᠤᠨ ᠬᠦᠴᠦᠷᠬᠡᠭ᠌ᠵᠢᠭᠦᠯᠬᠦ᠌ ᠪᠤᠯᠤᠨ᠎ᠠ᠃ 《ᠨᠢᠭᠡ ᠮᠥᠬᠦᠯᠢᠭ ᠦᠷ᠎ᠡ ᠨᠢᠭᠡ ᠱᠢᠷᠬᠡᠭ ᠡᠪᠡᠰᠦ᠎ᠳᠤ ᠠᠩᠬᠠᠷᠤᠯ᠎ᠢᠶᠠᠨ ᠲᠥᠪᠯᠡᠷᠡᠭᠦᠯᠬᠦ᠌》 ᠬᠠᠳᠠᠨ ᠵᠣᠷᠢᠭ᠎ᠢᠶᠠᠷ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠩ ᠰᠡᠳᠭᠢᠯ᠎ᠤᠨ ᠬᠦᠰᠡᠯ ᠨᠠᠢᠳᠠᠯᠭ᠎ᠠ᠎ᠶ᠋ᠢ ᠪᠦᠬᠦ᠌ ᠬᠦᠴᠦᠨ᠎ᠢᠶᠠᠷ᠎ᠢᠶᠠᠨ ᠦᠢᠯᠡᠳᠦᠯᠭᠡᠵᠢᠭᠦᠯᠵᠤ ᠪᠠᠢᠨ᠎ᠠ᠃

《ᠪᠦᠬᠦ᠌ ᠤᠯᠤᠰ᠎ᠤᠨ ᠬᠤᠶᠠᠷ ᠬᠤᠷᠠᠯ ᠬᠤᠷᠠᠯᠳᠤᠬᠤ ᠲᠠᠱᠢᠷᠠᠮ᠎ᠳᠤ᠂ ᠪᠦᠬᠦ᠌ ᠤᠯᠤᠰ᠎ᠤᠨ ᠤᠯᠤᠰ ᠲᠦᠷᠦ᠎ᠶ᠋ᠢᠨ ᠵᠥᠪᠯᠡᠯᠭᠡᠨ᠎ᠤ ᠭᠡᠱᠢᠭᠦᠨ ᠪᠣᠯᠤᠭ᠍ᠰᠠᠨ᠎ᠤ ᠬᠤᠪᠢ᠎ᠳᠤ᠂ ᠤᠯᠤᠰ᠎ᠤᠨ ᠣᠨᠴᠠᠯᠢᠭ᠎ᠲᠠᠢ ᠦᠷ᠎ᠡ᠎ᠶ᠋ᠢᠨ ᠦᠢᠯᠡᠰ  ᠦᠷ᠎ᠡ᠎ᠶ᠋ᠢᠨ ᠡᠬᠢ ᠪᠠᠶᠠᠯᠢᠭ᠎ᠤᠨ ᠬᠥᠮᠥᠷᠭᠡ᠎ᠶ᠋ᠢ ᠪᠠᠢᠭᠤᠯᠬᠤ ᠲᠤᠬᠠᠢ ᠰᠠᠨᠠᠯ ᠳᠤᠷᠠᠳᠤᠯᠭ᠎ᠠ᠎ᠶ᠋ᠢ ᠪᠡᠭᠡᠵᠢᠩ᠎ᠳᠤ ᠠᠪᠠᠴᠢᠬᠤ᠎ᠪᠠᠷ ᠪᠡᠯᠡᠳᠭᠡᠵᠦ᠍ ᠪᠠᠢᠨ᠎ᠠ》 ᠬᠡᠵᠤ ᠸᠠᠩ ᠵᠤᠤ ᠮᠢᠩ ᠢᠲᠡᠭᠡᠯ ᠲᠡᠭᠦᠯᠳᠡᠷ ᠬᠡᠯᠡᠪᠡ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号