ᠣᠷᠳᠣᠰ ᠬᠤᠳᠠ᠎ᠶ᠋ᠢᠨ ᠠᠯᠪᠠᠨ ᠵᠢᠷᠦᠮ᠎ᠤᠨ ᠤᠢ᠍ᠢᠵᠢᠭᠤᠯᠤᠯᠳᠠ ᠪᠦᠭᠦ᠌ ᠳᠠᠯ᠎ᠠ᠎ᠪᠠᠷ ᠡᠬᠢᠯᠡᠯ᠎ᠠ
2021-04-15 09:49:34
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆


4 ᠰᠡᠷ᠎ᠠ᠎ᠶ᠋ᠢᠨ 12 ᠎ᠤᠨ ᠡᠳᠣᠷ᠂ ᠣᠷᠳᠣᠰ ᠬᠤᠳᠠ᠎ᠶ᠋ᠢᠨ ᠳᠦᠷᠪᠡᠨ ᠶᠡᠭᠡ ᠤᠳᠤᠷᠢᠳᠭᠤ ᠪᠠᠭ᠎ᠤᠨ ᠣᠳᠣᠷᠢᠳᠣᠯᠭ᠎ᠠ᠎ᠪᠠᠷ ᠳᠥᠷᠥᠬᠦᠯᠡᠬᠦᠯᠥᠭ᠌ᠰᠡᠨ ᠣᠷᠳᠣᠰ ᠬᠤᠳᠠ᠎ᠶ᠋ᠢᠨ ᠡᠯ᠎ᠠ ᠱᠢᠭᠤᠳ ᠬᠠᠷᠢᠶ᠎ᠠ ᠠᠯᠪᠠᠨ ᠪᠠᠢᠭᠤᠯᠭ᠎ᠠ᠂ ᠠᠵᠢᠯ ᠥᠢᠯᠡᠰ᠎ᠤᠨ ᠨᠢᠬᠡᠴᠢ᠂ ᠡᠯ᠎ᠠ ᠶᠡᠭᠡ ᠲᠡᠬᠡᠳᠥ ᠰᠣᠷᠭᠠᠭᠤᠯᠢ᠂ ᠳᠣᠮᠳᠠᠳᠣ ᠪᠠᠭ᠎ᠠ ᠰᠣᠷᠭᠠᠭᠤᠯᠢ᠂ ᠠᠵᠣ ᠠᠬᠤᠢ᠍ᠢᠯᠠᠯ᠎ᠤᠨ᠎ᠬᠢᠨ ᠡᠵᠡᠨ ᠬᠤᠷᠤᠭ᠎ᠠ ᠬᠤᠱᠢᠭᠤᠨ᠎ᠤ ᠣᠯᠠᠭᠠᠨᠮᠦᠷᠡᠨ ᠪᠠᠯᠭᠠᠰᠣ᠎ᠶ᠋ᠢᠨ ᠪᠣᠷᠣ ᠳᠤᠢᠬ ᠠᠮᠢ ᠠᠬᠤᠢ᠎ᠶ᠋ᠢᠨ ᠣᠢᠵᠢᠭᠤᠯᠣᠯᠳᠠ᠎ᠶ᠋ᠢᠨ ᠳᠥᠷᠥᠯ ᠵᠥᠢᠯ᠎ᠤᠨ ᠣᠷᠣᠨ᠎ᠤ ᠠᠯᠪᠠᠨ ᠵᠢᠷᠣᠮ᠎ᠤᠨ ᠣᠢᠵᠢᠭᠤᠯᠣᠯᠳᠠ᠎ᠶ᠋ᠢᠨ ᠴᠡᠭ᠎ᠲᠤ ᠠᠯᠪᠠᠨ ᠵᠢᠷᠣᠮ᠎ᠤᠨ ᠣᠢᠵᠢᠭᠤᠯᠣᠯᠳᠠ ᠬᠢᠪᠠ᠃ ᠡᠢᠨ ᠬᠦ᠌ ᠣᠷᠳᠣᠰ ᠬᠤᠳᠠ᠎ᠶ᠋ᠢᠨ ᠡᠨᠡ ᠵᠢᠯ᠎ᠤᠨ ᠠᠯᠪᠠᠨ ᠵᠢᠷᠦᠮ᠎ᠤᠨ ᠣᠢᠵᠢᠭᠤᠯᠣᠯᠳᠠ ᠪᠦᠭᠦ᠌ ᠳᠠᠯ᠎ᠠ᠎ᠪᠠᠷ ᠡᠬᠢᠯᠡᠵᠡᠢ᠃

ᠥᠷᠯᠥᠬᠡ᠎ᠶ᠋ᠢᠨ 9 ᠴᠠᠬ ᠬᠠᠭᠠᠰ᠎ᠲᠤ᠌᠂ ᠳᠣᠬᠠᠢ᠎ᠶ᠋ᠢᠨ ᠲᠠᠯᠠᠪᠠᠢ᠎ᠳᠤ ᠳᠤᠬ ᠲᠠᠯᠪᠠᠭ᠎ᠠ ᠨᠠᠮᠢᠷᠠᠨ᠂ ᠮᠠᠱᠢᠨ᠎ᠤ ᠲᠠᠭᠤᠨ ᠬᠥᠷᠴᠢᠬᠢᠨᠡᠵᠣ᠂ ᠬᠥᠳᠡᠯᠮᠣᠷᠢᠯᠡᠭ᠌ᠴᠢᠳ᠎ᠤᠨ ᠲᠠᠭᠤᠯᠠᠯ ᠬᠠᠩᠬᠢᠨᠠᠠ᠂ 1000 ᠭᠠᠷᠣᠢ ᠬᠥᠮᠥᠨ ᠡᠯ᠎ᠠ ᠵᠥᠢᠯ᠎ᠤᠨ ᠮᠣᠳᠣ᠎ᠶ᠋ᠢ 5200 ᠭᠠᠷᠣᠢ ᠰᠠᠭᠤᠷᠢ ᠲᠠᠷᠢᠵᠣ᠂ 500 ᠭᠠᠷᠣᠢ ᠮᠥ᠍ ᠠᠭᠤᠯᠠᠨ ᠬᠥᠳᠣᠯ᠂ ᠲᠣᠪᠤ ᠳᠣᠯᠣᠭᠠᠢ ᠣᠳᠠᠯ ᠥᠬᠡᠢ ᠨᠣᠭᠤᠭᠠᠨ ᠬᠥᠷᠮ᠎ᠠ ᠬᠡᠳᠡᠷᠤᠠ ᠠᠮᠢᠯᠠᠯ᠎ᠤᠨ ᠨᠣᠭᠤᠭᠠᠨ ᠥᠩᠬᠡ᠎ᠪᠠᠷ ᠪᠣᠳᠣᠬ᠍ᠳᠠᠪᠠ᠃


222.jpg


ᠡᠨᠡ ᠵᠢᠯ ᠪᠣᠯ ᠪᠥᠬᠦ᠌ ᠣᠯᠣᠰ᠎ᠤᠨ ᠪᠥᠬᠦ᠌ ᠠᠷᠠᠳ᠎ᠢᠶᠠᠷ᠎ᠢᠶᠠᠨ ᠠᠯᠪᠠᠨ ᠵᠢᠷᠣᠮ᠎ᠤᠨ ᠣᠢᠵᠢᠭᠤᠯᠣᠯᠳᠠ ᠬᠢᠬᠦ᠌ 40 ᠵᠢᠯ᠎ᠤᠨ ᠣᠢ ᠪᠣᠯᠣᠨ᠎ᠠ᠃ 40 ᠵᠢᠯ᠎ᠤᠨ ᠳᠣᠷᠰᠢ᠂ ᠣᠷᠳᠣᠰ ᠬᠤᠳᠠ ᠣᠷᠢᠳ ᠬᠤᠵᠢᠳ 《ᠬᠡᠷ ᠪᠥᠯᠢ ᠨᠠᠮ᠎ᠤᠨ ᠪᠠᠢᠭᠤᠯᠣᠯᠳᠠ᠎ᠶ᠋ᠢᠨ ᠣᠢ》᠂ 《ᠵᠠᠯᠠᠭᠤᠴᠣᠳ᠎ᠤᠨ ᠣᠢ》᠂ 《ᠡᠮᠡᠭ᠌ᠳᠡᠢᠴᠣᠳ᠎ᠤᠨ ᠣᠢ》᠂ 《ᠡᠷᠣᠬᠡ᠎ᠶ᠋ᠢᠨ ᠴᠡᠷᠢᠭ᠎ᠤᠨ ᠣᠢ》᠂ 《ᠵᠡᠪᠰᠡᠭ᠌ᠳᠥ ᠬᠥᠴᠥᠨ᠎ᠤ ᠣᠢ》 ᠬᠡᠬᠦ᠌ ᠵᠡᠷᠬᠡ ᠣᠢᠵᠢᠭᠤᠯᠣᠯᠳᠠ᠎ᠶ᠋ᠢᠨ ᠰᠠᠭᠤᠷᠢᠨ᠎ᠢ 216 ᠭᠠᠷᠣᠢ ᠪᠠᠢᠭᠤᠯᠵᠣ᠂ 2730 ᠳᠥᠮᠡᠨ ᠬᠦ᠍ᠮᠥᠨ ᠠᠯᠪᠠᠨ ᠵᠢᠷᠣᠮ᠎ᠤᠨ ᠮᠣᠳᠣ ᠲᠠᠷᠢᠬᠤ ᠠᠵᠢᠯᠯᠠᠭ᠎ᠠ᠎ᠳᠤ ᠣᠷᠣᠯᠴᠠᠵᠣ᠂ ᠡᠯ᠎ᠠ ᠵᠥᠢᠯ᠎ᠤᠨ ᠳᠣᠷᠤᠬ ᠮᠣᠳᠣ ᠪᠠ ᠪᠣᠳᠠᠯᠢᠬ ᠮᠣᠳᠣ᠎ᠶ᠋ᠢ 2.6 ᠳ᠋ᠥᠩᠱᠢᠭᠤᠷ ᠭᠠᠷᠣᠢ ᠰᠠᠭᠤᠷᠢ ᠲᠠᠷᠢᠬ᠍ᠰᠠᠨ ᠪᠠᠢᠨ᠎ᠠ᠃ ᠪᠥᠬᠦ᠌ ᠬᠤᠳᠠ᠎ᠶ᠋ᠢᠨ ᠡᠯ᠎ᠠ ᠱᠠᠳᠣᠨ᠎ᠤ ᠨᠠᠮ ᠵᠠᠰᠠᠬ᠎ᠤᠨ ᠪᠠᠢᠭᠤᠯᠭ᠎ᠠ᠂ ᠠᠵᠢᠯ ᠥᠢᠯᠡᠰ᠎ᠤᠨ ᠨᠢᠬᠡᠴᠢ᠂ ᠨᠠᠢᠬᠡᠮ᠎ᠤᠨ ᠪᠥᠯᠬᠦᠮ᠂ ᠠᠵᠣ ᠠᠬᠤᠢ᠍ᠢᠯᠠᠯ᠂ ᠰᠣᠷᠭᠠᠭᠤᠯᠢ᠂ ᠥᠢᠯᠡᠳᠪᠥᠷᠢ ᠠᠭᠤᠷᠬᠠᠢ᠎ᠶ᠋ᠢᠨ ᠠᠵᠢᠯᠳᠠᠨ ᠠᠵᠢᠯᠴᠢᠨ᠂ ᠮᠠᠯᠴᠢᠨ ᠲᠠᠷᠢᠶᠠᠴᠢᠳ ᠴᠥᠮ ᠠᠯᠪᠠᠨ ᠵᠢᠷᠣᠮ᠎ᠤᠨ ᠣᠢᠵᠢᠭᠤᠯᠣᠯᠳᠠ ᠬᠢᠵᠣ᠂ ᠬᠤᠳᠠ᠂ ᠬᠤᠱᠢᠭᠤ ᠳᠣᠭᠤᠷᠢᠬ᠎ᠤᠨ ᠣᠢ ᠱᠢᠭᠤᠢ᠎ᠶ᠋ᠢᠨ ᠰᠠᠯᠠᠭ᠎ᠠ ᠮᠥᠴᠢᠷ᠎ᠤᠨ ᠬᠠᠷᠢᠭᠤᠴᠠᠯᠭᠠᠳᠠᠨ ᠪᠠ ᠣᠢ ᠱᠢᠭᠤᠢ᠎ᠶ᠋ᠢᠨ ᠮᠡᠷᠬᠡᠵᠢᠯᠳᠠᠳ ᠠᠯᠪᠠᠨ ᠵᠢᠷᠣᠮ᠎ᠤᠨ ᠣᠢᠵᠢᠭᠤᠯᠣᠯᠳᠠ᠎ᠳᠤ ᠵᠣᠬᠢᠴᠠᠭᠤᠯᠭ᠎ᠠ᠎ᠶ᠋ᠢᠨ ᠠᠵᠢᠯ ᠪᠠ ᠮᠠᠷᠬᠡᠵᠢᠯ᠎ᠤᠨ ᠵᠢᠯᠣᠭᠤᠳᠣᠯᠭ᠎ᠠ ᠬᠢᠵᠣ᠂ ᠠᠯᠪᠠᠨ ᠵᠢᠷᠣᠮ᠎ᠤᠨ ᠣᠢᠵᠢᠭᠤᠯᠣᠯᠳᠠ᠎ᠶ᠋ᠢᠨ ᠣᠷᠣᠬ᠍ᠰᠢᠳᠡᠢ ᠪᠥᠬᠡᠳ ᠴᠢᠨᠠᠷᠳᠡᠢ ᠶᠠᠪᠣᠬ᠍ᠳᠠᠬᠤ᠎ᠶ᠋ᠢ ᠪᠠᠳᠣᠯᠠᠬ᠍ᠰᠠᠨ ᠪᠠᠢᠨ᠎ᠠ᠃

ᠡᠨᠡ ᠵᠢᠯ᠂ ᠣᠷᠳᠣᠰ ᠬᠤᠳᠠ ᠠᠯᠪᠠᠨ ᠵᠢᠷᠣᠮ᠎ᠤᠨ ᠤᠢ᠍ᠢᠵᠢᠭᠤᠯᠤᠯᠲᠠ᠎ᠶ᠋ᠢᠨ ᠴᠠᠬ᠎ᠢ 4 ᠰᠠᠷ᠎ᠠ᠎ᠶ᠋ᠢᠨ 10 ᠎ᠠᠴᠠ 16 ᠪᠣᠯᠳᠠᠯ᠎ᠠ 7 ᠡᠳᠦᠷ᠎ᠢᠶᠠᠷ ᠳᠣᠬ᠍ᠳᠠᠭᠠᠠ᠂ ᠨᠠᠢᠳᠠ 1000 ᠳᠥᠮᠡᠨ ᠰᠠᠭᠤᠷᠢ ᠲᠠᠷᠢᠬᠤ᠎ᠪᠠᠷ ᠳᠥᠯᠥᠪᠯᠡᠵᠣ᠂ ᠳᠣᠬ᠍ᠳᠠᠬ᠍ᠰᠠᠨ ᠴᠠᠬ᠎ᠲᠠᠭᠠᠨ ᠲᠤᠰ ᠲᠤᠰ᠎ᠤᠨ ᠡᠬᠦᠷᠬᠡ᠎ᠪᠠᠨ ᠲᠠᠪᠠᠭᠤᠯᠣᠨ ᠪᠡᠶᠡᠯᠡᠬᠦᠯᠬᠦ᠌᠎ᠪᠠᠷ ᠴᠢᠷᠮᠠᠢᠨ ᠠᠵᠢᠯᠯᠠᠵᠠᠭᠠᠵᠣ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号