ᠠᠯᠳᠠᠷᠳᠤ ᠳᠠᠭᠤᠴᠢᠨ ᠵᠢᠨᠬᠤᠧᠠᠷ᠎ᠤᠨ ᠱᠢᠨ᠎ᠡ ᠨᠤᠮ᠎ᠤᠨ ᠳᠠᠷᠬᠠᠭᠠᠯᠳᠠ᠎ᠶ᠋ᠢᠨ ᠶᠤᠰᠤᠯᠠᠯ ᠶᠠᠪᠤᠭ᠍ᠳᠠᠪᠠ
2021-04-26 09:19:13
ᠵᠣᠬᠢᠶᠠᠭ᠍ᠴᠢ᠄
ᠪᠤᠤ ᠰᠠᠷᠠᠭᠤᠯ
ᠣᠩᠱᠢᠭ᠍ᠰᠠᠨ ᠣᠳᠠᠭ᠎ᠠ᠄
★★★☆☆

4 ᠰᠠᠷ᠎ᠠ᠎ᠶ᠋ᠢᠨ 24 ᠎ᠤ ᠡᠳᠤᠷ᠂ ᠦᠪᠦᠷ ᠮᠤᠩᠭᠤᠯ ᠪᠠᠭᠤᠳᠠᠯ᠎ᠤᠨ ᠵᠤᠴᠢᠳ᠎ᠤᠨ ᠲᠢᠩᠬᠢᠮ᠎ᠳᠤ ᠤᠳᠭ᠎ᠠ ᠤᠷᠠᠯᠢᠭ᠎ᠤᠨ᠎ᠬᠢᠨ᠎ᠤ ᠶᠡᠭᠡ ᠨᠠᠢᠷ ᠪᠤᠯᠵᠤ᠂ ᠤᠳᠤᠳ ᠬᠢᠯᠠᠯᠵᠠᠨ ᠴᠡᠴᠡᠭ ᠮᠦᠱᠢᠶᠡᠵᠤ ᠳᠠᠭᠤᠴᠢᠨ ᠵᠢᠨᠬᠤᠧᠠᠷ᠎ᠤᠨ ᠱᠢᠨ᠎ᠡ ᠨᠤᠮ 《ᠴᠠᠭ᠎ᠤᠨ ᠤᠷᠤᠰᠭᠠᠯ᠎ᠳᠤ ᠮᠦᠩᠬᠡ ᠠᠮᠢᠯᠠᠭ᠍ᠰᠠᠨ ᠤᠶᠠᠩᠭ᠎ᠠ》 ᠎ᠶ᠋ᠢᠨ ᠳᠠᠷᠬᠠᠭᠠᠯᠳᠠ᠎ᠶ᠋ᠢᠨ ᠶᠤᠰᠤᠯᠠᠯ᠎ᠳᠤ ᠪᠠᠶᠠᠷ᠎ᠤᠨ ᠬᠦᠭ ᠨᠡᠮᠡᠷᠢᠯᠡᠨ᠎ᠡ᠃

《ᠴᠠᠭ᠎ᠤᠨ ᠤᠷᠤᠰᠭᠠᠯ᠎ᠳᠤ ᠮᠦᠩᠬᠡ ᠠᠮᠢᠯᠠᠭ᠍ᠰᠠᠨ ᠤᠶᠠᠩᠭ᠎ᠠ》 ᠪᠤᠯ ᠠᠯᠳᠠᠷᠳᠤ ᠳᠠᠭᠤᠴᠢᠨ ᠵᠢᠨᠬᠤᠧᠠᠷ᠎ᠤᠨ 1960 ᠤᠨ᠎ᠠᠴᠠ 2020 ᠤᠨ ᠬᠦᠷᠳᠡᠯᠡᠬᠢ 60 ᠵᠢᠯ᠎ᠤᠨ ᠬᠤᠭᠤᠴᠠᠭᠠᠨ᠎ᠳᠤ ᠳᠠᠭᠤᠯᠠᠵᠤ ᠦᠩᠬᠡᠷᠡᠭ᠌ᠰᠡᠨ ᠳᠠᠭᠤᠤ᠎ᠨᠤᠭᠤᠳ᠎ᠤᠨ ᠭᠠᠷ ᠬᠠᠭᠤᠯᠪᠤᠷᠢ ᠪᠠᠢᠵᠤ᠂ ᠡᠳᠤᠷ᠎ᠤᠨ ᠳᠡᠮᠳᠡᠭ᠌ᠯᠡᠯ᠎ᠤᠨ ᠬᠡᠯᠪᠡᠷᠢ᠎ᠲᠠᠢ ᠦᠯᠢᠭᠡᠷ ᠬᠠᠪᠰᠤᠷᠭᠠᠭ᠍ᠰᠠᠨ᠎ᠠᠴᠠ ᠨᠡᠩ ᠤᠩᠱᠢᠪᠤᠷᠢᠳᠠᠢ᠂ ᠨᠡᠩ ᠢᠯᠡᠭᠦᠦ ᠳᠡᠦᠭᠡᠨ ᠮᠠᠲ᠋ᠧᠷᠢᠶᠠᠯ᠎ᠤᠨ ᠦᠨ᠎ᠡ ᠦᠷᠳᠡᠭ᠎ᠲᠠᠢ ᠪᠤᠯᠤᠭ᠍ᠰᠠᠨ ᠪᠠᠢᠨ᠎ᠠ᠃ ᠲᠤᠰ ᠨᠤᠮ᠎ᠳᠤ 298 ᠳᠠᠭᠤᠤ ᠤᠷᠤᠵᠤ᠂ ᠵᠠᠷᠢᠮ ᠳᠠᠭᠤᠤ᠎ᠨᠢ ᠠᠳᠠᠯᠢ ᠪᠤᠰᠤ ᠬᠡᠯᠡᠨ᠎ᠤ ᠬᠡᠪᠯᠡᠯ᠎ᠲᠠᠢ ᠪᠤᠯᠬᠤᠷ ᠨᠡᠢᠲᠡ 320 ᠳᠠᠭᠤᠤ ᠪᠠᠭ᠍ᠲᠠᠵᠤ᠂ 1960 ᠣᠨ᠎ᠠᠴᠠ 1977 ᠤᠨ ᠪᠣᠯᠲᠠᠯ᠎ᠠ ᠳᠠᠭᠤᠯᠠᠭ᠍ᠰᠠᠨ ᠪᠦᠳᠦᠭᠡᠯ᠎ᠤᠳ᠎ᠢ ᠨᠢᠬᠡᠳᠦᠭᠡᠷ ᠪᠦᠯᠦᠭ᠂ 1978 ᠤᠨ᠎ᠠᠴᠠ 2020 ᠤᠨ ᠪᠤᠯᠳᠠᠯᠠᠬᠢ ᠪᠦᠳᠦᠭᠡᠯ᠎ᠤᠳ᠎ᠢ ᠬᠤᠶᠠᠳᠤᠭᠠᠷ ᠪᠦᠯᠦᠭ ᠬᠡᠵᠤ ᠠᠩᠬᠢᠯᠠᠭ᠍ᠰᠠᠨ ᠪᠠᠢᠨ᠎ᠠ᠃ ᠨᠢᠭᠡᠳᠦᠭᠡᠷ ᠪᠦᠯᠦᠭ᠎ᠲᠤ ᠭᠤᠤᠯᠳᠠᠭᠤ ᠵᠢᠨᠬᠤᠧᠠᠷ ᠪᠠᠭ᠍ᠰᠢ᠎ᠶ᠋ᠢᠨ ᠦᠦᠱᠢᠨ ᠬᠤᠱᠢᠭᠤᠨ᠎ᠤ ᠤᠯᠠᠭᠠᠨᠮᠥ᠋ᠴᠢᠷ᠎ᠲᠤ ᠪᠠᠢᠭ᠍ᠰᠠᠨ ᠦᠶ᠎ᠡ᠎ᠳᠤ ᠳᠠᠭᠤᠯᠠᠭ᠍ᠰᠠᠨ ᠪᠦᠳᠦᠭᠡᠯ᠎ᠤᠳ ᠪᠠᠢᠵᠤ ᠨᠡᠢᠲᠡ 71 ᠳᠠᠭᠤᠤ ᠪᠠᠭ᠍ᠳᠠᠵᠤ᠂ ᠬᠤᠶᠠᠳᠤᠭᠠᠷ ᠪᠦᠯᠦᠭ᠎ᠲᠤ ᠲᠡᠭᠦᠨ᠎ᠤ ᠤᠤᠯ᠎ᠤᠨ ᠶᠡᠭᠡ ᠵᠤᠤ ᠠᠢᠮᠠᠭ᠎ᠤᠨ ᠳᠠᠭᠤᠤ ᠪᠥᠵᠢᠭ᠎ᠤᠨ ᠪᠦᠯᠬᠦᠮ᠂ ᠥᠪᠥᠷ ᠮᠣᠩᠭᠤᠯ᠎ᠤᠨ ᠳᠠᠭᠤᠤ ᠪᠥᠵᠢᠭ᠎ᠤᠨ ᠪᠦᠯᠬᠦᠮ᠎ᠳᠤ ᠪᠠᠢᠬ᠍ᠰᠠᠨ ᠦᠶ᠎ᠡ᠎ᠳᠡᠭᠡᠨ ᠳᠠᠭᠤᠯᠠᠵᠤ ᠪᠠᠢᠭ᠍ᠰᠠᠨ ᠳᠠᠭᠤᠤ ᠵᠢᠴᠢ ᠠᠵᠢᠯ᠎ᠠᠴᠠ᠎ᠪᠠᠨ ᠠᠮᠠᠷᠠᠭ᠍ᠰᠠᠨ᠎ᠤ ᠳᠠᠷᠠᠭ᠎ᠠ ᠰᠤᠷᠴᠤ᠌ ᠳᠠᠭᠤᠯᠠᠭ᠍ᠰᠠᠠ᠂ ᠵᠢᠭᠠᠨ ᠰᠤᠷᠭᠠᠯᠲᠠ᠎ᠳᠤ ᠬᠡᠷᠡᠭ᠌ᠯᠡᠭ᠌ᠰᠡᠨ ᠳᠠᠭᠤᠤ᠎ᠨᠤᠭᠤᠳ᠎ᠢ᠎ᠨᠢ ᠪᠠᠭ᠍ᠳᠠᠭᠠᠪᠠ᠃ ᠲᠤᠰ ᠨᠤᠮ᠎ᠢ 2020 ᠣᠨ᠎ᠤ 1 ᠰᠠᠷ᠎ᠠ᠎ᠶ᠋ᠢᠨ 1 ᠎ᠤ ᠡᠳᠦᠷ᠎ᠠᠴᠠ ᠡᠬᠢᠯᠡᠨ ᠨᠠᠢᠷᠠᠭᠤᠯᠵᠤ᠂ ᠵᠢᠨᠬᠤᠧᠠᠷ ᠪᠠᠭ᠍ᠰᠢ᠎ᠶ᠋ᠢᠨ 《ᠬᠤᠪᠢᠰᠭᠠᠯᠲᠤ ᠤᠳᠭ᠎ᠠ ᠤᠷᠠᠯᠢᠭ᠎ᠤᠨ ᠬᠦᠩᠬᠡᠨ ᠮᠤᠷᠢᠳᠦ ᠴᠡᠷᠢᠭ》 ᠬᠡᠬᠦ᠌ ᠤᠤᠭᠠᠨ ᠪᠦᠳᠦᠭᠡᠯ᠎ᠤᠨ ᠬᠢᠨᠢ ᠳᠠᠷᠠᠭᠠᠬᠢ ᠬᠤᠶᠠᠳᠤᠭᠠᠷ ᠨᠤᠮ᠎ᠤᠨ ᠬᠤᠪᠢ᠎ᠪᠠᠷ ᠦᠪᠦᠷ ᠮᠤᠩᠭᠤᠯ᠎ᠤᠨ ᠰᠤᠶᠤᠯ ᠳᠠᠭᠤ ᠲᠦᠷᠰᠦ ᠱᠢᠩᠭᠡᠭᠡᠯᠳᠡ᠎ᠶ᠋ᠢᠨ ᠬᠡᠪᠯᠡᠯ᠎ᠤᠨ ᠬᠤᠷᠢᠶᠠᠨ᠎ᠠᠴᠠ ᠬᠡᠪᠯᠡᠭ᠌ᠳᠡᠨ ᠳᠠᠷᠬᠠᠭᠠᠭ᠍ᠳᠠᠪᠠ᠃

ᠲᠤᠰ ᠨᠤᠮ᠎ᠳᠠᠬᠢ ᠵᠠᠷᠢᠮ ᠦᠯᠢᠭᠡᠷ ᠶᠠᠪᠤᠳᠠᠯ᠂ ᠳᠠᠭᠤᠤ᠂ ᠨᠤᠲ ᠨᠢᠭᠡ ᠪᠦᠷᠢ᠎ᠨᠢ ᠳᠡᠷᠡ ᠬᠡᠪ᠎ᠢᠶᠠᠷ᠎ᠢᠶᠠᠨ ᠤᠨ ᠵᠢᠯ᠎ᠤᠨ ᠳᠡᠦᠭᠡᠨ ᠳᠤᠷᠠᠳᠭᠠᠯ ᠪᠠᠢᠵᠤ᠂ ᠲᠡᠳᠡᠭᠡᠷ ᠮᠠᠷᠲᠠᠭ᠍ᠳᠠᠮᠠᠷ ᠪᠠᠢᠭ᠎ᠠ ᠬᠥᠮᠦᠨ ᠪᠠ ᠬᠡᠷᠡᠭ ᠶᠠᠪᠤᠳᠠᠯ᠂ ᠳᠠᠭᠤᠤ ᠪᠠ ᠲᠡᠦᠬᠡ᠎ᠶ᠋ᠢ ᠠᠮᠢᠳᠤ ᠳᠦᠷᠰᠦᠯᠢᠭ᠎ᠢᠶᠠᠷ ᠤᠩᠱᠢᠭ᠍ᠴᠢ᠎ᠶ᠋ᠢᠨ ᠰᠤᠨᠤᠷ᠎ᠲᠤ ᠬᠦᠷᠭᠡᠭ᠌ᠰᠡᠨ ᠪᠠᠢᠨ᠎ᠠ᠃ ᠡᠨᠡ᠎ᠨᠢ ᠵᠦᠪᠭᠡᠨ ᠳᠠᠭᠤᠴᠢᠨ ᠵᠢᠨᠬᠤᠧᠠᠷ᠎ᠤᠨ ᠦᠯᠢᠭᠡᠷ ᠲᠡᠳᠦᠢ ᠪᠢᠰᠢ᠂ ᠲᠡᠭᠦᠨ᠎ᠤ ᠳᠠᠭᠤᠯᠠᠭ᠍ᠰᠠᠨ ᠪᠠ ᠲᠡᠮᠳᠡᠭ᠌ᠯᠡᠭ᠌ᠰᠡᠨ ᠳᠠᠭᠤᠤ ᠳᠡᠳᠦᠢ ᠯᠡ ᠪᠢᠰᠢ᠂ ᠬᠠᠷᠢᠨ ᠨᠢᠭᠡᠨ ᠴᠠᠭ ᠦᠶ᠎ᠡ᠂ ᠨᠢᠭᠡ ᠪᠦᠯᠦᠭ ᠬᠥᠮᠦᠰ᠂ ᠨᠢᠭᠡᠨ ᠲᠦᠷᠦᠯ᠎ᠤᠨ ᠠᠵᠢᠯ ᠦᠢᠯᠡᠰ᠎ᠤᠨ ᠪᠤᠳᠠᠳᠤ ᠢᠯᠡᠷᠡᠭᠦᠯᠦᠯ ᠪᠠᠢᠵᠤ᠂ ᠳᠡᠭᠦᠨ᠎ᠳᠤ ᠤᠯᠠᠭᠠᠨᠮᠦᠴᠢᠷ᠎ᠤᠨ ᠵᠣᠷᠢᠭ ᠰᠠᠨᠠᠭ᠎ᠠ ᠬᠦᠨ ᠱᠢᠩᠭᠡᠵᠦ᠍᠂ ᠦᠪᠦᠷ ᠮᠤᠩᠭᠤᠯ᠎ᠤᠨ ᠳᠠᠭᠤᠤ ᠬᠦᠭ᠌ᠵᠢᠮ᠎ᠤᠨ ᠳᠡᠦᠭᠡ᠎ᠶ᠋ᠢᠨ ᠨᠢᠭᠡᠨ ᠬᠡᠰᠡᠭ ᠠᠮᠢᠳᠤ ᠳᠡᠦᠭᠡ ᠪᠤᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号