《ᠠᠷᠪᠠᠨ ᠳᠥᠷᠪᠡᠳᠦᠭᠡᠷ ᠲᠠᠪᠤᠨ ᠵᠢᠯ 》 ᠎ᠤᠨ ᠬᠤᠭᠤᠴᠠᠭᠠᠨ᠎ᠳᠤ ᠮᠠᠨ᠎ᠤ ᠤᠯᠤᠰ ᠣᠲᠣ ᠦᠶ᠎ᠡ᠎ᠶ᠋ᠢᠨ ᠬᠥᠳᠡᠭᠡ ᠲᠣᠰᠭᠤᠨ᠎ᠤ ᠦᠮᠴᠢᠯᠡᠯ᠎ᠤᠨ ᠡᠷᠬᠡ᠎ᠶ᠋ᠢᠨ ᠲᠦᠷᠢᠮ᠎ᠢ ᠲᠦᠷᠭᠡᠳᠭᠡᠨ ᠪᠠᠢᠭᠤᠯᠤᠨ᠎ᠠ
2021-04-29 10:20:04
ᠵᠣᠬᠢᠶᠠᠭ᠍ᠴᠢ᠄
ᠢᠦᠢ ᠸᠧᠨ ᠵᠢᠩ
ᠣᠩᠱᠢᠭ᠍ᠰᠠᠨ ᠣᠳᠠᠭ᠎ᠠ᠄
★★★☆☆

《ᠠᠷᠪᠠᠨ ᠳᠥᠷᠪᠡᠳᠦᠭᠡᠷ ᠲᠠᠪᠤᠨ ᠵᠢᠯ》 ᠲᠦᠯᠤᠪᠵᠢᠭᠦᠯᠭᠡ᠎ᠶ᠋ᠢᠨ ᠬᠤᠭᠤᠴᠠᠭᠠᠨ᠎ᠳᠤ᠂ ᠮᠠᠨ᠎ᠤ ᠤᠯᠤᠰ ᠡᠷᠬᠡ᠎ᠶ᠋ᠢ ᠨᠤᠳᠠᠯᠠᠬᠤ᠂ ᠡᠷᠬᠡ ᠣᠯᠭᠤᠬᠤ᠂ ᠡᠷᠬᠡ᠎ᠶ᠋ᠢ ᠠᠮᠢᠳᠤᠯᠢᠭ ᠪᠣᠯᠭᠠᠬᠤ᠎ᠶ᠋ᠢᠨ ᠲᠣᠭᠤᠷᠢᠨ᠎ᠳᠤ᠂ ᠤᠳᠤ ᠦᠶ᠎ᠡ᠎ᠶ᠋ᠢᠨ ᠬᠥᠳᠡᠭᠡ ᠲᠣᠰᠭᠤᠨ᠎ᠤ ᠥᠮᠴᠢᠯᠡᠯ᠎ᠤᠨ ᠡᠷᠬᠡ᠎ᠶ᠋ᠢᠨ ᠳᠦᠷᠢᠮ᠎ᠢ ᠲᠦᠷᠭᠡᠳᠭᠡᠨ ᠪᠠᠢᠭᠤᠯᠤᠨ᠎ᠠ᠃

ᠡᠭᠦᠨ᠎ᠢ ᠰᠤᠷᠪᠤᠯᠵᠢᠯᠠᠭ᠍ᠴᠢ ᠬᠥᠳᠡᠭᠡ ᠠᠵᠤ ᠠᠬᠤᠶ ᠬᠥᠳᠡᠭᠡ ᠲᠣᠰᠭᠤᠨ᠎ᠤ ᠶᠠᠮᠤᠨ 25 ᠎ᠤ ᠡᠳᠦᠷ ᠠᠨᠾᠦ᠋ᠢ ᠮᠤᠵᠢ᠎ᠶ᠋ᠢᠨ ᠹᠸᠡᠭ᠌ᠶᠠᠩ ᠱᠢᠶᠠᠨ᠎ᠤ ᠱᠢᠶᠤᠤᠭᠠᠩ ᠲᠣᠰᠭᠤᠨ᠎ᠳᠤ ᠬᠤᠷᠠᠯᠳᠤᠭᠤᠯᠤᠭ᠍ᠰᠠᠨ ᠪᠥᠬᠦ᠌ ᠤᠯᠤᠰ᠎ᠤᠨ ᠬᠥᠳᠡᠭᠡ ᠲᠣᠰᠭᠤᠨ᠎ᠤ ᠬᠠᠮᠲᠤ᠎ᠶ᠋ᠢᠨ ᠥᠮᠴᠢᠯᠡᠯ᠎ᠤᠨ ᠡᠷᠬᠡ᠎ᠶ᠋ᠢᠨ ᠲᠦᠷᠢᠮ᠎ᠤᠨ ᠥᠭᠡᠷᠡᠴᠢᠯᠡᠯᠲᠡ᠎ᠶ᠋ᠢᠨ ᠠᠵᠢᠯ᠎ᠢ ᠠᠬᠢᠭᠤᠯᠬᠤ ᠬᠤᠷᠠᠯ ᠵᠢᠴᠢ ᠬᠥᠳᠡᠭᠡ ᠠᠵᠤ ᠠᠬᠤᠶ ᠬᠥᠳᠡᠭᠡ ᠲᠣᠰᠭᠤᠨ᠎ᠤ ᠲᠥᠷᠥ᠎ᠶ᠋ᠢᠨ ᠪᠣᠳᠣᠯᠭ᠎ᠠ ᠬᠢᠭᠡᠳ ᠥᠭᠡᠷᠡᠴᠢᠯᠡᠯᠲᠡ᠎ᠶ᠋ᠢᠨ ᠠᠵᠢᠯ᠎ᠤᠨ ᠬᠤᠷᠠᠯ᠎ᠠᠴᠠ ᠣᠢᠯᠠᠭᠠᠭ᠍ᠰᠠᠨ ᠶᠤᠮ᠃

ᠲᠥᠪ᠎ᠤᠨ ᠬᠥᠳᠡᠭᠡ ᠲᠣᠰᠭᠤᠨ᠎ᠤ ᠠᠵᠢᠯ᠎ᠤᠨ ᠤᠳᠤᠷᠢᠳᠭᠤ ᠳᠤᠭᠤᠢᠯᠠᠩ᠎ᠤᠨ ᠠᠯᠪᠠᠨ ᠬᠡᠷ᠎ᠤᠨ ᠡᠷᠬᠢᠯᠡᠭ᠌ᠴᠢ᠂ ᠬᠥᠳᠡᠭᠡ ᠠᠵᠤ ᠠᠬᠤᠶ ᠬᠥᠳᠡᠭᠡ ᠲᠣᠰᠭᠤᠨ᠎ᠤ ᠶᠠᠮᠤᠨ᠎ᠤ ᠰᠠᠢᠳ ᠲᠠᠩ ᠷᠧᠨ ᠵᠢᠶᠠᠨ ᠬᠤᠷᠠᠯ ᠳᠡᠭᠡᠷ᠎ᠡ᠂ ᠥᠮᠴᠢᠯᠡᠯ᠎ᠤᠨ ᠡᠷᠬᠡ᠎ᠶ᠋ᠢᠨ ᠲᠦᠷᠢᠮ᠎ᠤᠨ ᠥᠭᠡᠷᠡᠴᠢᠯᠡᠯᠲᠡ᠎ᠪᠠᠷ ᠳᠠᠮᠵᠢᠭᠤᠯᠤᠨ᠂ ᠬᠠᠮᠲᠤ᠎ᠶ᠋ᠢᠨ ᠥᠮᠴᠢᠯᠡᠯ᠎ᠤᠨ ᠡᠷᠬᠡ᠎ᠶ᠋ᠢᠨ ᠡᠷᠬᠡ᠎ᠶ᠋ᠢᠨ ᠬᠠᠷᠢᠶᠠᠯᠠᠯ ᠪᠠ ᠵᠠᠭᠠᠭ᠎ᠢ ᠲᠣᠳᠣᠷᠬᠠᠢᠯᠠᠵᠤ᠂ ᠬᠠᠮᠲᠤ᠎ᠶ᠋ᠢᠨ ᠠᠵᠤ ᠠᠬᠤᠶ᠎ᠶ᠋ᠢᠨ ᠵᠣᠬᠢᠶᠠᠨ ᠪᠠᠢᠭᠤᠯᠤᠯᠲᠠ ᠪᠠ ᠲᠠᠷᠢᠶᠠᠴᠢᠨ ᠬᠤᠪᠢ ᠬᠥᠮᠦᠨ᠎ᠳᠤ ᠬᠠᠮᠲᠤ᠎ᠶ᠋ᠢᠨ ᠥᠮᠴᠢᠯᠡᠯ᠎ᠤᠨ ᠡᠷᠬᠡ᠎ᠶ᠋ᠢ ᠡᠵᠡᠯᠡᠬᠦ᠂ ᠬᠡᠷᠡᠭ᠌ᠯᠡᠬᠦ᠂ ᠠᠱᠢᠭ ᠭᠥᠷᠳᠡᠬᠦ᠂ ᠱᠢᠢᠳᠪᠦᠷᠢᠯᠡᠬᠦ᠌ ᠵᠡᠷᠭᠡ ᠡᠷᠬᠡ ᠣᠯᠭᠤᠬᠤ᠎ᠨᠢ ᠵᠠᠬ᠎ᠠ ᠳᠡᠯᠭᠡᠭᠦᠷ᠎ᠤᠨ ᠡᠬᠢ ᠪᠠᠶᠠᠯᠢᠭ᠎ᠤᠨ ᠲᠣᠬᠢᠷᠠᠭᠤᠯᠤᠯᠲᠠ ᠳᠤᠮᠳᠠᠬᠢ ᠱᠢᠢᠳᠪᠦᠷᠢᠯᠡᠭ᠌ᠴᠢ ᠴᠢᠨᠠᠷᠲᠠᠶ ᠦᠢᠯᠡᠳᠦᠯ᠎ᠢ ᠪᠠᠳᠠᠷᠠᠭᠤᠯᠵᠤ᠂ ᠥᠮᠴᠢᠯᠡᠯ᠎ᠤᠨ ᠡᠷᠬᠡ᠎ᠶ᠋ᠢᠨ ᠪᠦᠲᠦᠮᠵᠢᠲᠡᠶ ᠤᠷᠮᠠᠱᠢᠭᠤᠯᠤᠯ᠂ ᠡᠯᠧᠮᠧᠨ᠋ᠲ᠎ᠤᠨ ᠡᠮᠬᠢ ᠵᠢᠷᠤᠮ᠎ᠲᠠᠢ ᠱᠢᠯᠵᠢᠯᠲᠡ᠎ᠶ᠋ᠢ ᠪᠡᠶᠡᠯᠡᠭᠦᠯᠬᠦ᠌᠎ᠳᠤ ᠠᠱᠢᠭ᠍ᠲᠠᠶ ᠶᠤᠮ ᠭᠡᠪᠡ᠃ ᠲᠡᠬᠦᠨ᠎ᠤ ᠢᠯᠡᠳᠭᠡᠭ᠌ᠰᠡᠡ᠎ᠢᠶᠠᠷ ᠬᠠᠷᠢᠶᠠᠯᠠᠯ᠎ᠨᠢ ᠲᠣᠳᠣᠷᠬᠠᠢ᠂ ᠡᠷᠬᠡ ᠴᠢᠳᠠᠮᠵᠢ᠎ᠨᠢ ᠪᠦᠷᠢᠨ ᠪᠦᠲᠦᠨ᠂ ᠬᠠᠮᠠᠭᠠᠯᠠᠯᠲᠠ᠎ᠨᠢ ᠴᠢᠩᠭ᠎ᠠ᠂ ᠡᠷᠭᠢᠯᠲᠡ᠎ᠨᠢ ᠤᠷᠤᠭ᠍ᠰᠢᠲᠠᠢ ᠤᠳᠤ ᠦᠶ᠎ᠡ᠎ᠶ᠋ᠢᠨ ᠬᠥᠳᠡᠭᠡ ᠲᠣᠰᠭᠤᠨ᠎ᠤ ᠥᠮᠴᠢᠯᠡᠬᠦ᠌ ᠡᠷᠬᠡ᠎ᠶ᠋ᠢᠨ ᠲᠦᠷᠢᠮ᠎ᠢ ᠤᠯᠠᠮ ᠨᠢᠭᠡ ᠠᠯᠬᠤᠮ ᠪᠠᠢᠭᠤᠯᠤᠨ ᠲᠡᠭᠦᠯᠳᠡᠷᠵᠢᠭᠦᠯᠵᠦ᠍᠂ ᠡᠷᠬᠡ᠎ᠶ᠋ᠢ ᠨᠤᠳᠠᠯᠠᠬᠤ᠂ ᠡᠷᠬᠡ ᠣᠯᠭᠤᠬᠤ᠂ ᠡᠷᠭᠡ᠎ᠶ᠋ᠢ ᠠᠮᠢᠳᠤᠯᠢᠭ ᠪᠤᠯᠭᠠᠬᠤ ᠭᠡᠬᠦ᠌ ᠭᠤᠷᠪᠠᠨ ᠵᠠᠩᠭᠢᠯᠠᠭ᠎ᠠ᠎ᠶ᠋ᠢᠨ ᠦᠭᠡ᠎ᠶ᠋ᠢ ᠭᠤᠣᠯᠳᠠᠯᠭ᠎ᠠ᠎ᠲᠠᠢ ᠰᠠᠢᠲᠤᠷ ᠡᠵᠡᠮᠳᠡᠬᠦ᠌ ᠬᠡᠷᠡᠭ᠌ᠲᠡᠢ᠄

ᠡᠷᠬᠡ᠎ᠶ᠋ᠢ ᠨᠤᠳᠠᠯᠠᠬᠤ — ᠬᠥᠳᠡᠭᠡ ᠲᠣᠰᠭᠤᠨ᠎ᠤ ᠭᠡᠷ ᠪᠠᠢᠱᠢᠩ᠎ᠤᠨ ᠰᠠᠭᠤᠷᠢ ᠪᠠ ᠪᠥᠲᠥᠭᠡᠨ ᠪᠠᠢᠭᠤᠯᠤᠯᠲᠠ᠎ᠳᠤ ᠬᠡᠷᠡᠭ᠌ᠯᠡᠬᠦ᠌ ᠭᠠᠵᠠᠷ᠎ᠤᠨ ᠬᠡᠷᠡᠭ᠌ᠯᠡᠬᠦ᠌ ᠡᠷᠬᠡ᠎ᠶ᠋ᠢ ᠨᠤᠲᠠᠯᠠᠨ ᠳᠠᠩᠰᠠᠯᠠᠬᠤ᠎ᠶ᠋ᠢ ᠯᠠᠪᠳᠠᠭᠤᠨ ᠪᠠᠲᠤᠲᠠᠶ ᠠᠬᠢᠭᠤᠯᠵᠤ᠂ ᠶᠠᠳᠠᠭᠤ᠎ᠶ᠋ᠢ ᠲᠡᠳᠬᠦᠬᠦ᠂ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠲᠥᠷᠥᠯ ᠵᠦᠢᠯ᠎ᠤᠨ ᠡᠳ᠋ ᠬᠥᠷᠥᠩᠭᠡ᠎ᠶ᠋ᠢᠨ ᠡᠷᠬᠡ᠎ᠶ᠋ᠢ ᠨᠤᠲᠠᠯᠠᠨ ᠳᠠᠩᠰᠠᠯᠠᠬᠤ᠎ᠶ᠋ᠢ ᠲᠦᠷᠭᠡᠳᠭᠡᠨ᠎ᠡ᠃

ᠡᠷᠬᠡ ᠣᠯᠭᠤᠬᠤ — ᠬᠥᠳᠡᠭᠡ ᠲᠣᠰᠭᠤᠨ᠎ᠤ ᠬᠠᠮᠲᠤ᠎ᠶ᠋ᠢᠨ ᠡᠳ᠋ ᠬᠥᠷᠥᠩᠭᠡ᠎ᠳᠤ᠂ ᠬᠠᠮᠲᠤ᠎ᠶ᠋ᠢᠨ ᠠᠵᠤ ᠠᠬᠤᠶ᠎ᠶ᠋ᠢᠨ ᠵᠣᠬᠢᠶᠠᠨ ᠪᠠᠢᠭᠤᠯᠤᠯᠲᠠ᠎ᠶ᠋ᠢᠨ ᠪᠦᠷᠢᠯᠳᠦᠬᠦᠨ᠎ᠤ ᠬᠤᠪᠢ ᠣᠷᠣᠭᠤᠯᠤᠯᠲᠠ᠎ᠪᠠᠨ ᠡᠵᠡᠮᠱᠢᠬᠦ᠂ ᠠᠱᠢᠭ ᠤᠯᠬᠤ᠂ ᠲᠥᠯᠥᠪᠦᠷᠢ᠎ᠲᠠᠢ᠎ᠪᠠᠷ ᠤᠬᠤᠷᠢᠨ ᠭᠠᠷᠬᠤ ᠵᠢᠴᠢ ᠪᠠᠷᠢᠴᠠᠭᠠᠯᠠᠬᠤ᠂ ᠳᠠᠭᠠᠭᠠᠯᠲᠠ ᠬᠢᠬᠦ᠂ ᠵᠠᠯᠭᠠᠮᠵᠢᠯᠠᠬᠤ ᠡᠷᠬᠡ ᠵᠡᠷᠭᠡ ᠵᠢᠷᠭᠤᠭᠠᠨ  ᠵᠦᠢᠯ᠎ᠤᠨ ᠡᠷᠬᠡ᠎ᠶ᠋ᠢᠨ ᠪᠡᠶᠡᠯᠡᠭ᠌ᠳᠡᠬᠦ᠌ ᠬᠡᠯᠪᠡᠷᠢ᠎ᠶ᠋ᠢ ᠢᠳᠡᠪᠬᠢᠲᠡᠶ ᠰᠦᠪᠡᠭ᠌ᠴᠢᠯᠡᠨ᠎ᠡ᠃

ᠡᠷᠭᠡ᠎ᠶ᠋ᠢ ᠠᠮᠢᠳᠤᠯᠢᠭ ᠪᠤᠯᠭᠠᠬᠤ — ᠬᠥᠳᠡᠭᠡ ᠠᠵᠤ ᠠᠬᠤᠢ ᠬᠥᠳᠡᠭᠡ ᠲᠣᠰᠭᠤᠨ᠎ᠤ ᠣᠨᠴᠠᠯᠢᠭ᠎ᠲᠤ ᠨᠡᠢᠴᠡᠭ᠌ᠰᠡᠨ ᠥᠮᠴᠢᠯᠡᠯ᠎ᠤᠨ ᠡᠷᠬᠡ᠎ᠶ᠋ᠢᠨ ᠠᠷᠠᠯᠵᠢᠶᠠᠨ᠎ᠤ ᠵᠠᠬ᠎ᠠ ᠳᠡᠯᠭᠡᠭᠦᠷ᠎ᠤᠨ ᠱᠢᠰᠲ᠋ᠧᠮ᠎ᠢ ᠲᠦᠷᠭᠡᠨ ᠪᠠᠢᠭᠤᠯᠵᠤ᠂ ᠬᠥᠳᠡᠭᠡ ᠲᠣᠰᠭᠤᠨ᠎ᠤ ᠥᠮᠴᠢᠯᠡᠯ᠎ᠤᠨ ᠡᠷᠬᠡ᠎ᠶ᠋ᠢᠨ ᠠᠷᠠᠯᠵᠢᠶᠠᠨ᠎ᠤ ᠡᠷᠭᠢᠯᠲᠡ᠎ᠶ᠋ᠢᠨ ᠵᠢᠷᠤᠮᠵᠢᠯ ᠪᠠ ᠵᠢᠯᠤᠭᠤᠳᠤᠯᠭ᠎ᠠ᠎ᠶ᠋ᠢ ᠴᠢᠩᠭᠠᠳᠭᠠᠵᠤ᠂ ᠬᠤᠯᠪᠣᠭ᠍ᠳᠠᠯ ᠪᠦᠬᠦᠢ ᠢᠵᠢ ᠪᠦᠷᠢᠳᠦᠭ᠌ᠰᠡᠨ ᠦᠢᠯᠡᠴᠢᠯᠡᠭᠡ᠎ᠶ᠋ᠢ ᠰᠠᠢᠵᠢᠷᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠱᠢᠨᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号