ᠰᠠᠢᠬᠠᠨ ᠲᠣᠭᠤᠷᠢᠭ ​᠄ ᠠᠬᠠᠮᠠᠳ ᠴᠡᠷᠢᠭ᠎ᠤᠨ ᠰᠡᠳᠭᠢᠯ᠎ᠢ ᠳᠤᠯᠠᠭᠠᠴᠠᠭᠤᠯᠤᠬ᠍ᠰᠠᠨ ᠬᠦᠷᠳᠦᠲᠦ ᠰᠠᠨᠳᠠᠯᠢ
2021-05-26 09:42:58
ᠵᠣᠬᠢᠶᠠᠭ᠍ᠴᠢ᠄
ᠸᠠᠩ ᠢᠤᠢ ᠲᠢᠩ ᠷᠧᠨ ᠵᠢᠩ ᠢᠤᠢ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ᠂ ᠬᠥᠬᠡᠬᠤᠲᠠ᠎ᠶ᠋ᠢᠨ ᠰᠠᠢᠬᠠᠨ ᠲᠣᠭᠤᠷᠢᠭ᠎ᠤᠨ ᠬᠠᠮ ᠵᠠᠭᠤᠴᠢᠯᠠᠭᠤᠷ᠎ᠤᠨ ᠲᠥᠪ ᠰᠠᠢᠬᠠᠨ ᠲᠣᠭᠤᠷᠢᠭ᠎ᠤᠨ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠲᠥᠪ᠂ ᠰᠠᠢᠬᠠᠨ ᠲᠣᠭᠤᠷᠢᠭ᠎ᠤᠨ ᠨᠠᠮ᠎ᠤᠨ ᠬᠡᠱᠢᠬᠦᠨ ᠣᠯᠠᠨ ᠲᠦᠮᠡᠨ᠎ᠤ ᠦᠢᠯᠡᠴᠢᠯᠡᠭᠡᠨ᠎ᠤ ᠲᠥᠪ᠂ ᠰᠠᠢᠬᠠᠨ ᠲᠣᠭᠤᠷᠢᠭ᠎ᠤᠨ ᠭᠤᠮᠤᠳᠠᠯ ᠲᠤᠭᠠᠴᠢᠯᠳᠠ ᠎ᠶ᠋ᠢ   ᠭᠥᠯᠢᠶᠡᠨ  ᠠᠪᠴᠤ᠌  ᠪᠠᠷᠢᠨ  ᠭᠦᠢᠴᠡᠳᠭᠡᠬᠦ᠌  ᠵᠢᠯᠣᠭᠤᠳᠭᠤ  ᠲᠥᠪ ᠎ᠯᠦᠭᠡ ᠬᠠᠮᠲᠤᠷᠠᠨ᠂ 《ᠲᠠᠨ᠎ᠳᠤ ᠲᠤᠰᠠᠯᠠᠶ᠎ᠠ》 ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠥᠷᠨᠢᠭᠦᠯᠵᠦ᠍᠂ ᠣᠯᠠᠨ ᠲᠦᠮᠡᠨ᠎ᠢ ᠬᠠᠪᠰᠤᠷᠤᠨ ᠠᠵᠢᠯ ᠠᠮᠢᠳᠤᠷᠠᠯ ᠳᠤᠮᠳᠠ ᠲᠤᠯᠭᠠᠷᠠᠬ᠍ᠰᠠᠨ 《ᠰᠠᠨᠳᠤᠷᠴᠦ᠍ ᠬᠦᠴᠢᠷᠲᠡᠵᠦ᠍ ᠵᠤᠪᠠᠨᠢᠵᠦ᠍ ᠬᠦᠰᠡᠵᠦ᠍》 ᠪᠠᠢᠭ᠎ᠠ ᠠᠰᠠᠭᠤᠳᠠᠯ᠎ᠢ᠎ᠨᠢ  ᠱᠢᠢᠳᠪᠦᠷᠢᠯᠡᠨ ᠦᠭ᠌ᠴᠡᠢ᠃


QQ截图20210526092130.png


ᠡᠨᠡ ᠵᠢᠯ 90 ᠨᠠᠰᠤᠲᠠᠢ ᠼᠦᠢ ᠴᠠᠩ ᠴᠦᠨ ᠪᠣᠯ ᠰᠠᠢᠬᠠᠨ ᠲᠣᠭᠤᠷᠢᠭ᠎ᠤᠨ ᠱᠢᠨ᠎ᠠ ᠶᠢᠩᠽᠢ ᠲᠣᠰᠭᠤᠨ᠎ᠤ ᠴᠡᠷᠢᠭ᠎ᠤᠨ ᠠᠯᠪᠠ᠎ᠠᠴᠠ ᠬᠠᠯᠠᠭ᠍ᠳᠠᠭ᠍ᠰᠠᠳ ᠪᠣᠯᠤᠨ᠎ᠠ᠂ 1950 ᠣᠨ᠎ᠳᠤ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠲᠤ ᠣᠷᠣᠵᠤ᠂ 1957 ᠣᠨ᠎ᠳᠤ ᠴᠡᠷᠢᠭ᠎ᠤᠨ ᠠᠯᠪᠠ᠎ᠠᠴᠠ ᠬᠠᠯᠠᠭ᠍ᠳᠠᠵᠠᠢ᠂ ᠨᠠᠰᠤ ᠠᠬᠠᠱᠢᠷᠠᠭ᠍ᠰᠠᠨ᠎ᠤ ᠳᠡᠭᠡᠷ᠎ᠡ ᠦᠳᠡᠬᠦᠰ᠎ᠤᠨ ᠡᠪᠡᠳᠴᠢᠨ᠎ᠳᠤ ᠨᠡᠷᠪᠡᠭ᠌ᠳᠡᠵᠦ᠍᠂ ᠶᠠᠪᠤᠵᠤ ᠰᠠᠭᠤᠬᠤ᠎ᠳᠤ ᠳᠥᠭᠦᠮ ᠦᠭᠡᠢ ᠪᠣᠯᠤᠭ᠍ᠰᠠᠨ᠎ᠠᠴᠠ ᠨᠠᠰᠤᠲᠠᠨ᠎ᠤ ᠬᠦᠦ᠎ᠨᠢ ᠲᠡᠭᠦᠨ᠎ᠳᠤ ᠬᠦᠷᠳᠦᠲᠦ ᠰᠠᠨᠳᠠᠯᠢ ᠲᠣᠬᠢᠷᠠᠭᠤᠯᠵᠤ ᠥᠭ᠌ᠬᠦ᠎ᠶ᠋ᠢ ᠬᠦᠰᠡᠭ᠌ᠰᠡᠭᠡᠷ ᠢᠷᠡᠵᠡᠢ᠃ ᠰᠠᠢᠬᠠᠨ ᠲᠣᠭᠤᠷᠢᠭ᠎ᠤᠨ ᠴᠡᠷᠢᠭ᠎ᠤᠨ ᠠᠯᠪᠠ᠎ᠠᠴᠠ ᠬᠠᠯᠠᠭ᠍ᠳᠠᠭ᠍ᠰᠠᠳ᠎ᠤᠨ  ᠦᠢᠯᠡᠴᠢᠯᠡᠭᠡᠨ᠎ᠤ ᠲᠥᠪ ᠪᠠ ᠵᠣᠣ ᠤᠳᠠ ᠡᠮᠦᠨ᠎ᠡ ᠵᠠᠮ᠎ᠤᠨ ᠵᠡᠭᠡᠯᠢ ᠭᠤᠳᠤᠮᠵᠢ᠎ᠶ᠋ᠢᠨ ᠴᠡᠷᠢᠭ᠎ᠤᠨ ᠠᠯᠪᠠ᠎ᠠᠴᠠ ᠬᠠᠯᠠᠭ᠍ᠳᠠᠭ᠍ᠰᠠᠳ᠎ᠤᠨ  ᠦᠢᠯᠡᠴᠢᠯᠡᠭᠡᠨ᠎ᠤ ᠥᠷᠲᠡᠭᠡ ᠡᠨᠡ ᠬᠦ᠌ ᠪᠠᠢᠳᠠᠯ᠎ᠢ ᠣᠢᠯᠠᠭᠠᠭ᠍ᠰᠠᠨ᠎ᠤ ᠳᠠᠷᠠᠭ᠎ᠠ᠂ ᠲᠡᠷᠡ ᠳᠠᠷᠤᠶ᠎ᠳᠤᠨᠢ ᠵᠣᠬᠢᠴᠠᠭᠤᠯᠵᠤ᠂ ᠨᠢᠭᠡᠨ ᠬᠦᠷᠳᠦᠲᠦ ᠰᠠᠨᠳᠠᠯᠢ᠎ᠶ᠋ᠢ ᠼᠦᠢ ᠴᠠᠩ ᠴᠦᠨ ᠨᠠᠰᠤᠳᠠᠨ᠎ᠤ ᠬᠡᠷ᠎ᠲᠤ ᠬᠦᠷᠭᠡᠪᠡ᠃ ᠠᠪᠤ᠎ᠶ᠋ᠢᠨ᠎ᠢᠶᠠᠨ ᠱᠢᠨ᠎ᠡ ᠬᠦᠷᠳᠦᠲᠦ ᠰᠠᠨᠳᠠᠯᠢ ᠳᠡᠭᠡᠷ᠎ᠡ ᠰᠠᠭᠤᠭ᠍ᠰᠠᠨ᠎ᠢ ᠦᠵᠡᠭᠡᠳ᠂ ᠼᠦᠢ ᠴᠠᠩ ᠴᠦᠨ᠎ᠤ ᠬᠦᠦ᠄ 《ᠠᠪᠤ ᠮᠢᠨᠢ ᠭᠠᠳᠠᠨ᠎ᠠ ᠭᠠᠷᠴᠤ᠌ ᠨᠡᠷᠡᠨ᠎ᠳᠤ ᠡᠭᠡᠭᠡᠬᠦ᠌᠎ᠳᠤ ᠲᠦᠬᠦᠮ ᠪᠤᠯᠤᠯ᠎ᠠ᠂ ᠲᠤᠩ ᠲᠠᠯᠠᠷᠬᠠᠵᠤ ᠪᠠᠢᠨ᠎ᠠ!》 ᠬᠡᠵᠤ ᠰᠡᠳᠭᠢᠯ ᠳᠣᠭ᠍ᠳᠣᠯᠤᠨ ᠶᠠᠷᠢᠵᠤ ᠪᠠᠢᠯ᠎ᠠ᠃

ᠣᠢᠯᠠᠭᠠᠭ᠍ᠰᠠᠨ᠎ᠢᠶᠠᠷ᠂ ᠰᠠᠢᠬᠠᠨ ᠲᠣᠭᠤᠷᠢᠭ 《ᠲᠠᠨ᠎ᠳᠤ ᠲᠤᠰᠠᠯᠠᠶ᠎ᠠ》  ᠦᠢᠯᠡᠳᠦᠯᠭᠡ᠎ᠶ᠋ᠢᠨ ᠠᠵᠢᠯᠯᠠᠭ᠎ᠠ᠎ᠶ᠋ᠢ ᠥᠷᠨᠢᠭᠦᠯᠦᠭ᠌ᠰᠡᠨ᠎ᠠᠴᠠ ᠨᠠᠭᠠᠰᠢ᠂ 《ᠣᠯᠠᠨ ᠲᠦᠮᠡᠨ᠎ᠳᠤ ᠪᠣᠳᠠᠲᠤ ᠶᠠᠪᠤᠳᠠᠯ ᠬᠢᠵᠦ᠍ ᠥᠭ᠌ᠭᠦ》 ᠎ᠪᠠᠷ ᠵᠤᠷᠢᠯᠳᠠ ᠪᠣᠯᠭᠠᠵᠤ᠂ ᠣᠨᠣᠯ᠎ᠢ ᠬᠦᠷᠬᠡᠬᠦ᠂ ᠲᠥᠷᠥ᠎ᠶ᠋ᠢᠨ ᠪᠣᠳᠣᠯᠭ᠎ᠠ᠎ᠶ᠋ᠢ ᠬᠦᠷᠬᠡᠬᠦ᠂ ᠬᠠᠤᠯᠢ ᠴᠠᠭᠠᠵᠠ᠎ᠶ᠋ᠢ ᠬᠦᠷᠬᠡᠬᠦ᠂ ᠰᠣᠶᠣᠯ᠎ᠢ ᠬᠦᠷᠬᠡᠬᠦ᠂  ᠡᠷᠡᠭᠦᠯ  ᠮᠡᠨᠳᠦ ᠎ᠶ᠋ᠢ ᠬᠦᠷᠬᠡᠬᠦ᠂ ᠤᠷ᠎ᠠ ᠴᠢᠳᠠᠪᠤᠷᠢ᠎ᠶ᠋ᠢ ᠬᠦᠷᠬᠡᠬᠦ᠂ ᠡᠶ᠎ᠡ  ᠵᠣᠬᠢᠴᠡᠯ ᠎ᠢ ᠬᠦᠷᠬᠡᠬᠦ᠂ ᠬᠠᠢᠷ᠎ᠠ  ᠬᠠᠯᠠᠮᠵᠢ ᠎ᠶ᠋ᠢ ᠬᠦᠷᠭᠡᠬᠦ᠌ ᠎ᠪᠠᠷ ᠭᠤᠤᠯ ᠠᠭᠤᠯᠭ᠎ᠠ ᠪᠣᠯᠭᠠᠭ᠍ᠰᠠᠨ 《  ᠨᠠᠢ᠍ᠮᠠ᠎ᠶ᠋ᠢ ᠨᠡᠢᠭᠡᠮ ᠲᠣᠭᠤᠷᠢᠭ᠎ᠲᠤ ᠬᠦᠷᠬᠡᠬᠦ᠌》 ᠠᠵᠢᠯ᠎ᠢ ᠥᠷᠨᠢᠭᠦᠯᠬᠦ᠌ ᠎ᠪᠠᠷ  ᠳᠠᠮᠵᠢᠭᠤᠯᠤᠨ᠂  ᠣᠯᠠᠨ  ᠲᠦᠮᠡᠨ ᠎ᠤ 《ᠰᠠᠨᠳᠤᠷᠴᠦ᠍ ᠬᠦᠴᠢᠷᠲᠡᠵᠦ᠍ ᠵᠤᠪᠠᠨᠢᠵᠦ᠍ ᠬᠦᠰᠡᠵᠦ᠍》 ᠪᠠᠢᠭ᠎ᠠ ᠠᠰᠠᠭᠤᠳᠠᠯ᠎ᠢ ᠦᠨᠡᠨ ᠬᠦ᠌  ᠱᠢᠢᠳᠪᠦᠷᠢᠯᠡᠵᠦ᠍᠂ ᠨᠠᠮ᠎ᠤᠨ ᠬᠠᠢᠷ᠎ᠠ ᠬᠠᠯᠠᠮᠵᠢ᠎ᠶ᠋ᠢ ᠠᠷᠠᠳ ᠣᠯᠠᠨ᠎ᠤ ᠰᠡᠳᠭᠢᠯ᠎ᠳᠤ ᠬᠦᠷᠭᠡᠵᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号