ᠳ᠋ᠦᠩᠱᠧᠩ ᠲᠤᠭᠤᠷᠢᠬ᠄ ᠲᠡᠷᠭᠡᠨ ᠬᠦᠮᠦᠷᠭᠡ᠎ᠶ᠋ᠢᠨ ᠳ᠋ᠧᠩ᠎ᠢᠶᠠᠷ ᠬᠡᠷ᠎ᠲᠡᠭᠡᠨ ᠬᠠᠷᠢᠬᠤ ᠵᠠᠮ᠎ᠢ ᠬᠡᠷᠡᠯᠳᠦᠭᠦᠯᠪᠡ
2021-05-26 09:43:51
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠳ᠋ᠦᠩᠱᠧᠩ ᠲᠤᠭᠤᠷᠢᠬ᠎ᠤᠨ ᠨᠠᠮ᠎ᠤᠨ ᠬᠤᠷᠢᠶᠠᠨ᠎ᠤ ᠨᠠᠮ᠎ᠤᠨ ᠲᠡᠤᠬᠡ᠎ᠶ᠋ᠢᠨ ᠰᠤᠷᠤᠯᠴᠠᠯᠭ᠎ᠠ ᠬᠦᠮᠦᠵᠢᠯ᠎ᠤᠨ ᠤᠳᠤᠷᠢᠳᠭᠤ ᠲᠤᠭᠤᠢ᠍ᠢᠯᠠᠩ᠎ᠤᠨ ᠠᠯᠪᠠᠨ ᠬᠡᠷ᠎ᠤᠨ 《ᠲᠦᠷᠪᠡᠨ ᠲᠦᠪ》 ᠎ᠢ ᠠᠭᠤᠰᠤᠯᠴᠠᠭᠤᠯᠬᠤ ᠲᠤᠰᠭᠠᠢ ᠠᠩᠬᠢ᠎ᠶ᠋ᠢᠨ ᠤᠳᠤᠷᠢᠳᠭᠤ ᠲᠤᠭᠤᠢ᠍ᠢᠯᠠᠩ

ᠤᠢ᠍ᠢᠷ᠎ᠠ᠎ᠳᠤ᠂ ᠤᠷᠳᠤᠰ ᠬᠤᠳᠠ᠎ᠶ᠋ᠢᠨ ᠳ᠋ᠦᠩᠱᠧᠩ ᠲᠤᠭᠤᠷᠢᠬ᠎ᠤᠨ ᠲᠢᠶᠠᠨ ᠵᠢᠶᠤᠤ ᠵᠡᠭᠡᠯᠢ ᠭᠤᠳᠤᠮᠵᠢ᠎ᠶ᠋ᠢᠨ ᠠᠨᠳᠠ ᠨᠡᠢᠭᠡᠮ ᠲᠤᠭᠤᠷᠢᠬ᠎ᠤᠨ ᠰᠠᠭᠤᠭᠠᠯᠢ ᠠᠷᠠᠳ ᠳ᠋ᠦᠩᠱᠧᠩ ᠲᠤᠭᠤᠷᠢᠬ᠎ᠤᠨ ᠬᠠᠮ ᠵᠠᠭᠤᠴᠢᠯᠠᠭᠤᠷ᠎ᠤᠨ ᠲᠦᠪ᠎ᠤᠨ 《ᠤᠯᠠᠨ ᠲᠦᠮᠡᠨ᠎ᠳᠤ ᠪᠤᠳᠠᠳᠤ ᠶᠠᠪᠤᠳᠠᠯ ᠬᠢᠵᠤ ᠦᠭ᠌ᠭᠦᠶ᠎ᠠ》 ᠲᠠᠪᠴᠠᠩ᠎ᠳᠤ ᠦᠭᠡ ᠦᠯᠡᠳᠡᠭᠡᠵᠦ᠍᠂ ᠰᠠᠭᠤᠭᠠᠯᠢ ᠠᠷᠠᠳ᠎ᠤᠨ ᠲᠤᠭᠤᠷᠢᠭ᠎ᠤᠨ ᠭᠠᠵᠠᠷ ᠲᠤᠤᠷᠠᠬᠢ ᠲᠡᠷᠭᠡᠨ ᠬᠦᠮᠦᠷᠭᠡ᠎ᠶ᠋ᠢᠨ ᠳ᠋ᠧᠩ᠎ᠤᠨ ᠬᠡᠷᠡᠯ ᠬᠡᠳᠦ ᠪᠦᠳᠡᠬᠢ᠂ ᠬᠦᠮᠦᠰ᠎ᠲᠤ ᠠᠮᠤᠷ ᠲᠦᠪᠱᠢᠨ ᠪᠤᠰᠤ ᠰᠠᠨᠠᠭ᠍ᠳᠠᠭᠤᠯᠵᠤ ᠪᠠᠢᠨ᠎ᠠ᠂ ᠱᠢᠢᠳᠪᠦᠷᠢᠯᠡᠵᠦ᠍ ᠦᠭ᠌ᠭᠦ᠎ᠶ᠋ᠢ ᠬᠦᠰᠡᠵᠤ ᠪᠠᠢᠨ᠎ᠠ ᠬᠡᠰᠡᠨ ᠪᠠᠢᠯ᠎ᠠ᠃

ᠠᠷᠠᠳ᠎ᠤᠨ ᠠᠮᠢᠳᠤᠷᠠᠯ ᠎ᠳᠤ ᠪᠠᠭ᠎ᠠ  ᠶᠠᠪᠤᠳᠠᠯ ᠬᠡᠵᠦ᠍ ᠦᠭᠡᠢ᠂ ᠠᠷᠠᠳ ᠲᠦᠮᠡᠨ ᠎ᠤ  ᠠᠱᠢᠬ  ᠲᠤᠰᠠ ᠎ᠶ᠋ᠢ  ᠤᠷᠢᠳ ᠎ᠢᠶᠠᠷ ᠪᠤᠳᠤᠯᠬᠢᠯᠠᠬᠤ  ᠬᠡᠷᠡᠭ᠌ᠲᠡᠢ᠃ ᠤᠯᠠᠨ ᠲᠦᠮᠡᠨ᠎ᠤ ᠬᠦᠰᠡᠯ ᠱᠠᠭᠠᠷᠳᠠᠯᠭ᠎ᠠ ᠪᠤᠯ ᠲᠠᠷᠤᠢ ᠵᠠᠷᠯᠢᠬ ᠮᠦᠨ᠂ ᠦᠯᠡᠳᠡᠭᠡᠭ᠌ᠰᠡᠨ ᠦᠭᠡ᠎ᠶ᠋ᠢ ᠤᠯᠤᠬ᠍ᠰᠠᠨ᠎ᠤ ᠲᠠᠷᠠᠭ᠎ᠠ᠂ 《ᠤᠯᠠᠨ ᠲᠦᠮᠡᠨ᠎ᠳᠤ ᠪᠤᠳᠠᠳᠦ ᠶᠠᠪᠤᠳᠠᠯ ᠬᠢᠵᠦ᠍ ᠦᠭ᠌ᠬᠦᠶ᠎ᠠ》 ᠲᠠᠪᠴᠠᠩ᠎ᠨᠢ ᠤᠯᠠᠨ ᠲᠦᠮᠡᠨ᠎ᠤ ᠬᠦᠰᠡᠯ ᠱᠠᠭᠠᠷᠳᠠᠯᠭ᠎ᠠ᠎ᠶ᠋ᠢ ᠲᠠᠷᠡ ᠲᠠᠷᠤᠢ᠎ᠳᠤᠨᠢ ᠲᠢᠶᠠᠨ ᠵᠢᠶᠤᠤ ᠵᠡᠭᠡᠯᠢ ᠭᠤᠳᠤᠮᠵᠢ᠎ᠶ᠋ᠢᠨ ᠨᠠᠮ᠎ᠤᠨ ᠬᠡᠱᠢᠬᠦᠨ ᠤᠯᠠᠨ ᠲᠦᠮᠡᠨ᠎ᠤ ᠦᠢᠯᠡᠴᠢᠯᠡᠭᠡᠨ᠎ᠤ ᠲᠦᠪ᠎ᠲᠤ ᠲᠠᠮᠵᠢᠭᠤᠯᠤᠨ ᠦᠭ᠌ᠴᠤ᠂ ᠲᠢᠶᠠᠨ ᠵᠢᠶᠤᠤ ᠵᠡᠭᠡᠯᠢ ᠭᠤᠳᠤᠮᠵᠢ᠎ᠶ᠋ᠢᠨ ᠨᠠᠮ᠎ᠤᠨ ᠬᠡᠱᠢᠬᠦᠨ ᠤᠯᠠᠨ ᠲᠦᠮᠡᠨ᠎ᠤ ᠦᠢᠯᠡᠴᠢᠯᠡᠭᠡᠨ᠎ᠤ ᠲᠦᠪ ᠲᠡᠷᠡ ᠲᠠᠷᠤᠢ᠎ᠳᠤᠨᠢ ᠠᠰᠠᠭᠤᠳᠠᠯ᠎ᠢ ᠨᠡᠢᠭᠡᠮ ᠲᠤᠭᠤᠷᠢᠬ᠎ᠲᠤ ᠬᠠᠷᠢᠭᠤ ᠲᠤᠰᠭᠠᠬ᠍ᠰᠠᠨ ᠪᠠᠢᠨ᠎ᠠ᠃ ᠨᠡᠢᠭᠡᠮ ᠲᠤᠭᠤᠷᠢᠬ᠎ᠤᠨ ᠬᠠᠷᠢᠭᠤᠴᠠᠯᠭᠠᠲᠠᠨ ᠲᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠍᠂ ᠲᠠᠷᠦ᠋ᠢᠬᠠᠨ ᠠᠳᠠᠯ ᠠᠬᠤᠢ᠎ᠶ᠋ᠢᠨ ᠠᠯᠪᠠᠨ ᠬᠡᠷ᠎ᠠᠴᠠ ᠲᠤᠰᠭᠠᠢ ᠬᠦᠮᠦᠨ ᠲᠤᠮᠢᠯᠠᠨ ᠲᠤᠬᠠᠢ᠎ᠶ᠋ᠢᠨ ᠲᠠᠯᠠᠪᠤᠷ᠎ᠲᠤ ᠤᠴᠢᠭᠤᠯᠤᠭᠠᠳ᠂ ᠲᠡᠷᠭᠡᠨ ᠬᠦᠮᠦᠷᠭᠡ᠎ᠶ᠋ᠢᠨ ᠬᠡᠷᠡᠯᠳᠦᠭᠦᠯᠭᠡ᠎ᠶ᠋ᠢᠨ ᠳ᠋ᠧᠩ᠎ᠤᠨ ᠬᠡᠷᠡᠯ᠎ᠤᠨ ᠱᠤᠭᠤᠮ ᠪᠦᠳᠡᠬᠢ᠂ ᠰᠠᠭᠤᠭᠠᠯᠢ ᠠᠷᠠᠳ ᠰᠦᠨᠢ᠎ᠪᠠᠷ ᠲᠡᠷᠭᠡ ᠵᠤᠬ᠍ᠰᠤᠬᠤ᠂ ᠶᠠᠪᠤᠵᠤ ᠰᠠᠭᠤᠬᠤ᠎ᠳᠤ ᠮᠠᠰᠢ ᠲᠦᠭᠦᠮ ᠦᠭᠡᠢ ᠪᠠᠢᠬᠤ ᠵᠢᠴᠢ ᠵᠠᠷᠢᠮ᠎ᠳᠠᠭᠠᠨ ᠪᠠᠰᠠ ᠬᠡᠤᠬᠡᠳ ᠤᠢ᠍ᠢᠷ᠎ᠠ ᠬᠠᠪᠢ᠎ᠪᠠᠷ᠎ᠨᠢ ᠨᠠᠭᠠᠳᠴᠤ᠌ ᠲᠤᠬ᠍ᠯᠠᠳᠠᠬ ᠪᠤᠯᠬᠤᠷ ᠮᠠᠱᠢᠨ ᠲᠡᠷᠭᠡ ᠤᠷᠤᠵᠤ ᠭᠠᠷᠬᠤ᠎ᠳᠤ ᠠᠮᠠᠷᠬᠠᠨ ᠠᠳᠡᠯ ᠭᠠᠷᠴᠤ᠌᠂ ᠠᠮᠤᠷ ᠲᠦᠪᠱᠢᠨ᠎ᠤ ᠲᠠᠯᠲᠠ ᠬᠡᠮ ᠤᠷᠤᠱᠢᠵᠤ ᠪᠠᠢᠭ᠎ᠠ᠎ᠶ᠋ᠢ ᠤᠢ᠍ᠢᠯᠠᠭᠠᠬ᠍ᠰᠠᠨ ᠪᠠᠢᠨ᠎ᠠ᠃

ᠪᠠᠢᠳᠠᠯ ᠦᠨᠡᠨ ᠪᠤᠳᠠᠳᠠᠢ ᠪᠤᠯᠬᠤ᠎ᠶ᠋ᠢ ᠨᠤᠲᠠᠯᠠᠬ᠍ᠰᠠᠨ᠎ᠤ ᠲᠠᠷᠠᠭ᠎ᠠ᠂ ᠠᠨᠳᠠ ᠨᠡᠢᠭᠡᠮ ᠲᠤᠭᠤᠷᠢᠬ᠎ᠤᠨ ᠬᠠᠷᠢᠭᠤᠴᠠᠯᠭᠠᠲᠠᠨ ᠨᠡᠢᠭᠡᠮ ᠲᠤᠭᠤᠷᠢᠭ᠎ᠤᠨ ᠠᠳᠠᠯ ᠠᠬᠤᠢ᠎ᠶ᠋ᠢᠨ ᠬᠠᠮᠢᠶᠠᠷᠤᠯᠲᠠ᠎ᠶ᠋ᠢᠨ ᠠᠵᠢᠯᠲᠠᠳ᠎ᠲᠠᠢ ᠬᠠᠷᠢᠯᠴᠠᠵᠤ᠂ ᠲᠤᠰ ᠡᠳᠦᠷ᠎ᠲᠤ ᠮᠠᠱᠢᠨ ᠲᠡᠷᠭᠡᠨ᠎ᠤ ᠬᠦᠮᠦᠷᠭᠡ᠎ᠶ᠋ᠢᠨ ᠬᠡᠷᠡᠯᠳᠦᠭᠦᠯᠭᠡ᠎ᠶ᠋ᠢᠨ ᠠᠰᠠᠭᠤᠳᠠᠯ᠎ᠢ ᠱᠢᠢᠳᠪᠦᠷᠢᠯᠡᠭ᠌ᠰᠡᠨ ᠪᠠᠢᠨ᠎ᠠ᠃

ᠯᠢ ᠨᠠᠰᠤᠲᠠᠨ᠄ 《ᠦᠨᠡᠭᠡᠷ ᠴᠠᠬ᠎ᠢ ᠪᠠᠷᠢᠮᠳᠠᠯᠠᠳᠠᠬ ᠬᠦᠮᠦᠰ ᠶᠤᠮ ᠪᠠᠢᠨ᠎ᠠ᠂ ᠪᠢᠳᠡ ᠦᠴᠦᠭᠡᠳᠦᠷ ᠰᠠᠶᠢ ᠲᠠᠪᠴᠠᠩ ᠲᠡᠭᠡᠷ᠎ᠡ ᠦᠭᠡ ᠦᠯᠡᠳᠡᠭᠡᠭ᠌ᠰᠡᠨ ᠱᠢᠦ᠂ ᠦᠨᠦᠳᠦᠷ ᠪᠢᠳᠡᠨ᠎ᠳᠤ ᠵᠠᠰᠠᠭᠠᠳ ᠦᠭ᠌ᠭᠦᠴᠢᠭᠡᠯ᠎ᠡ᠃ ᠭᠠᠵᠠᠷ ᠲᠤᠤᠷᠠᠬᠢ ᠮᠠᠱᠢᠨ ᠲᠡᠷᠭᠡᠨ᠎ᠤ ᠬᠦᠮᠦᠷᠭᠡ ᠬᠡᠬᠡ᠎ᠲᠠᠢ ᠪᠤᠯᠤᠯ᠎ᠠ᠂ 〈ᠤᠯᠠᠨ ᠲᠦᠮᠡᠨ᠎ᠳᠤ ᠪᠤᠳᠠᠳᠦ ᠶᠠᠪᠤᠳᠠᠯ ᠬᠢᠵᠦ᠍ ᠦᠭ᠌ᠬᠦᠶ᠎ᠠ〉 ᠲᠠᠪᠴᠠᠩ᠎ᠳᠤ ᠲᠠᠯᠠᠷᠬᠠᠵᠤ ᠪᠠᠢᠨ᠎ᠠ᠂ ᠪᠢᠳᠡ ᠬᠡᠷ᠎ᠠᠴᠠ᠎ᠪᠠᠨ ᠭᠠᠷᠤᠬ᠍ᠰᠠᠨ ᠦᠭᠡᠢ᠎ᠪᠠᠷ ᠠᠮᠢᠳᠤᠷᠠᠯ ᠲᠤᠮᠳᠠ ᠲᠤᠯᠭᠠᠷᠠᠬ᠍ᠰᠠᠨ ᠠᠰᠠᠭᠤᠳᠠᠯ᠎ᠢᠶᠠᠨ ᠱᠢᠢᠳᠪᠦᠷᠢᠯᠡᠭᠦᠯᠴᠢᠭᠡᠯ᠎ᠡ!》 ᠬᠡᠵᠦ᠍ ᠮᠠᠬ᠍ᠳᠠᠵᠤ ᠭᠠᠷᠤᠯ᠎ᠠ᠃

ᠤᠢ᠍ᠢᠯᠠᠭᠠᠬ᠍ᠰᠠᠨ᠎ᠢᠶᠠᠷ᠂ 《ᠤᠯᠠᠨ ᠲᠦᠮᠡᠨ᠎ᠳᠤ ᠪᠤᠳᠠᠳᠦ ᠶᠠᠪᠤᠳᠠᠯ ᠬᠢᠵᠦ᠍ ᠦᠭ᠌ᠬᠦᠶ᠎ᠠ》 ᠲᠠᠪᠴᠠᠩ᠎ᠨᠢ ᠡᠨᠡ ᠵᠢᠯ᠎ᠤᠨ 4 ᠰᠠᠷ᠎ᠠ᠎ᠶ᠋ᠢᠨ ᠡᠬᠢ᠎ᠪᠠᠷ 《ᠦᠵᠡᠰᠭᠦᠯᠡᠩᠲᠤ ᠰᠠᠢᠬᠠᠨ ᠳ᠋ᠦᠩᠱᠧᠩ》 ᠬᠡᠬᠦ᠌ ᠱᠢᠯᠵᠢᠶ᠎ᠡ᠎ᠳᠤ ᠨᠡᠢᠲᠡᠯᠡᠭ᠌ᠳᠡᠭ᠌ᠰᠡᠨ᠎ᠠᠴᠠ ᠨᠠᠭᠠᠰᠢ᠂ ᠨᠢᠭᠡᠨᠲᠠ ᠤᠯᠠᠨ ᠲᠦᠮᠡᠨ᠎ᠤ ᠲᠤᠰᠭᠠᠬ᠍ᠰᠠᠨ 329 ᠠᠰᠠᠭᠤᠳᠠᠯ᠎ᠢ ᠱᠢᠢᠳᠪᠦᠷᠢᠯᠡᠭ᠌ᠰᠡᠨ ᠪᠠᠢᠨ᠎ᠠ᠃ 32 ᠱᠢᠶᠠᠨ ᠭᠠᠵᠠᠷ᠎ᠤᠨ ᠲᠡᠰ᠎ᠤᠨ ᠤᠳᠤᠷᠢᠳᠭᠤ ᠺᠠᠳ᠋ᠷ ᠠᠷᠠᠳ᠎ᠤᠨ ᠠᠮᠢᠳᠤᠷᠠᠯ᠎ᠤᠨ 47 ᠪᠤᠳᠠᠳᠤ ᠶᠠᠪᠤᠳᠠᠯ᠎ᠢ ᠰᠠᠨᠠᠭᠠᠴᠢᠯᠠᠭ᠎ᠠ᠎ᠠᠴᠠ᠎ᠪᠠᠨ ᠡᠭᠦᠷᠭᠡᠯᠡᠵᠦ᠍᠂ 《ᠪᠢ ᠪᠤᠯ ᠡᠪ ᠬᠠᠮᠲᠤ ᠨᠠᠮ᠎ᠤᠨ ᠬᠡᠱᠢᠭᠦᠨ᠂ ᠲᠠᠨ᠎ᠳᠤ ᠲᠤᠰᠠᠯᠠᠶ᠎ᠠ》᠂ 《ᠪᠢ ᠪᠤᠯ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠬᠡᠱᠢᠭᠦᠨ᠂ ᠲᠠᠨ᠎ᠳᠤ ᠲᠤᠰᠠᠯᠠᠶ᠎ᠠ》᠂ 《ᠲᠠᠨ᠎ᠳᠤ ᠲᠤᠰᠠᠯᠠᠶ᠎ᠠ᠂ ᠬᠠᠢᠷ᠎ᠠ᠎ᠶ᠋ᠢ ᠬᠤᠷᠠᠮᠳᠤᠭᠤᠯᠤᠨ ᠬᠦᠰᠡᠯ᠎ᠢ ᠴᠢᠨᠢ ᠲᠡᠷᠭᠡᠯᠱᠢᠬᠦᠯᠦᠶ᠎ᠡ》 ᠵᠡᠷᠭᠡ ᠰᠠᠢᠨ ᠲᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ᠎ᠶ᠋ᠢ 163 ᠤᠳᠠᠭ᠎ᠠ ᠦᠷᠨᠢᠭᠦᠯᠦᠭ᠌ᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号