ᠲᠦᠷᠪᠡᠳ ᠬᠤᠱᠢᠭᠤ᠄ ᠲᠦᠬᠦᠮ ᠦᠵᠡᠬᠦᠯᠦᠭ᠌ᠰᠡᠨ ᠲᠦᠳᠡ ᠦᠢᠯᠡᠴᠢᠯᠡᠭᠡ
2021-05-26 09:43:14
ᠵᠣᠬᠢᠶᠠᠭ᠍ᠴᠢ᠄
ᠷᠧᠨ ᠵᠢᠶᠠ ᠴᠠᠨ᠎ᠠ
ᠣᠩᠱᠢᠭ᠍ᠰᠠᠨ ᠣᠳᠠᠭ᠎ᠠ᠄
★★★☆☆

ᠲᠦᠪᠱᠢᠨᠵᠢᠷᠭᠠᠯ ᠪᠤᠯ ᠤᠯᠠᠭᠠᠨᠴᠠᠪ ᠬᠤᠲᠠ᠎ᠶ᠋ᠢᠨ ᠲᠦᠷᠪᠡᠳ ᠬᠤᠱᠢᠭᠤᠨ᠎ᠤ ᠨᠤᠮᠤᠬᠠᠨ ᠰᠤᠮᠤ᠎ᠶ᠋ᠢᠨ ᠤᠯᠠᠭᠠᠨᠱᠢᠷᠡᠭᠡ ᠭᠠᠴᠠᠭᠠᠨ᠎ᠤ ᠮᠠᠯᠴᠢᠨ ᠪᠤᠯᠤᠨ᠎ᠠ᠃ ᠡᠨᠡ ᠵᠢᠯ᠎ᠤᠨ 4 ᠰᠠᠷ᠎ᠠ᠎ᠳᠤ᠂ ᠲᠡᠬᠦᠨ᠎ᠤ 5 ᠨᠠᠰᠤᠲᠠᠢ ᠬᠦᠦ᠎ᠨᠢ ᠬᠡᠨᠡᠳᠳᠡ ᠮᠠᠨᠠᠷᠠᠬ᠍ᠰᠠᠨ᠎ᠳᠤ ᠲᠦᠪᠱᠢᠨᠵᠢᠷᠭᠠᠯ ᠭᠡᠷᠭᠡᠢ᠎ᠲᠠᠢ᠎ᠪᠠᠨ ᠬᠤᠶᠠᠭᠤᠯᠠ ᠭᠡᠦᠭᠡᠳ᠎ᠢᠶᠠᠨ ᠠᠪᠤᠭᠠᠳ ᠬᠦᠬᠡᠬᠤᠲᠠ ᠪᠡᠭᠡᠵᠢᠩ᠎ᠢᠶᠠᠷ ᠡᠮᠨᠡᠬᠦᠯᠵᠡᠢ᠃ ᠬᠦᠦ᠎ᠨᠢ ᠲᠠᠷᠢᠬᠢᠨ᠎ᠤ ᠰᠠ ᠭᠡᠵᠦ᠍ ᠤᠨᠤᠱᠢᠯᠠᠬ᠍ᠲᠠᠬ᠍ᠰᠠᠨ᠎ᠤ ᠲᠠᠷᠠᠭ᠎ᠠ ᠲᠡᠲᠡ ᠦᠪᠦᠷ ᠮᠤᠩᠭᠤᠯ᠎ᠤᠨ ᠤᠯᠠᠨ ᠤᠯᠤᠰ᠎ᠤᠨ ᠮᠤᠩᠭᠤᠯ ᠡᠮᠨᠡᠯᠬᠡ᠎ᠶ᠋ᠢᠨ ᠬᠤᠷᠢᠶᠠᠨ᠎ᠳᠤ ᠡᠷᠡᠬᠦᠯᠵᠢᠯ᠎ᠤᠨ ᠵᠠᠰᠠᠯᠭ᠎ᠠ ᠬᠢᠭ᠌ᠰᠡᠨ ᠪᠠᠢᠨ᠎ᠠ᠃

ᠡᠮᠨᠡᠯᠬᠡ᠎ᠶ᠋ᠢᠨ ᠲᠠᠯ᠎ᠠ᠎ᠠᠴᠠ ᠲᠡᠬᠦᠨ᠎ᠳᠤ᠂ ᠬᠦᠦ᠎ᠶ᠋ᠢᠨ ᠬᠢᠨᠢ ᠪᠡᠶ᠎ᠡ᠎ᠶ᠋ᠢᠨ ᠦᠨᠡᠮᠯᠡᠯ ᠪᠠ ᠡᠮ ᠡᠮᠨᠡᠯᠬᠡ᠎ᠶ᠋ᠢᠨ ᠺᠠᠷᠲ ᠪᠠᠢᠪᠠᠯ 2 ᠲᠦᠮᠡᠨ ᠲᠦᠬᠦᠷᠢᠭ᠎ᠤᠨ ᠨᠦᠬᠦᠪᠦᠷᠢ ᠬᠦᠷᠳᠡᠵᠦ᠍ ᠪᠤᠯᠤᠨ᠎ᠠ ᠬᠡᠵᠦ᠍ ᠬᠡᠯᠡᠵᠦ᠍ ᠦᠭ᠌ᠬᠦᠭ᠌ᠰᠡᠨ ᠪᠠᠢᠨ᠎ᠠ᠃ ᠬᠡᠪᠡᠴᠦ᠍ ᠠᠩᠬ᠎ᠠ ᠤᠲᠠᠭ᠎ᠠ ᠪᠡᠶ᠎ᠡ᠎ᠶ᠋ᠢᠨ ᠦᠨᠡᠮᠯᠡᠯ ᠬᠦᠢᠴᠡᠳᠭᠡᠬᠦ᠌ ᠬᠡᠪᠡᠯ ᠵᠠᠪᠠᠯ ᠡᠷᠦᠬᠡ ᠠᠮᠠ᠎ᠶ᠋ᠢᠨ ᠲᠠᠩᠰᠠ ᠪᠠᠢᠭ᠎ᠠ ᠭᠠᠵᠠᠷ᠎ᠲᠠᠭᠠᠨ ᠬᠠᠷᠢᠵᠦ᠍ ᠬᠦᠢᠴᠡᠳᠭᠡᠬᠦ᠌ ᠭᠡᠷᠡᠭ᠌ᠳᠡᠢ᠂ ᠡᠨᠡ᠎ᠨᠢ ᠪᠡᠶ᠎ᠡ᠎ᠶ᠋ᠢᠨ ᠦᠨᠡᠮᠯᠡᠯ ᠵᠠᠷᠤᠬᠤ ᠭᠡᠳ ᠶᠠᠭᠠᠷᠠᠵᠦ᠍ ᠪᠠᠢᠬ᠍ᠰᠠᠨ ᠲᠦᠪᠱᠢᠨᠵᠢᠷᠭᠠᠯ᠎ᠢ ᠠᠷᠭ᠎ᠠ ᠮᠤᠬᠤᠷᠲᠠᠭᠤᠯᠪᠠ᠃ ᠬᠡᠪᠡᠴᠦ᠍ ᠵᠤᠯ᠎ᠢᠶᠠᠷ ᠲᠡᠲᠡ ᠲᠦᠷᠪᠡᠳ ᠬᠤᠱᠢᠭᠤᠨ᠎ᠤ ᠵᠠᠰᠠᠭ᠎ᠤᠨ ᠶᠠᠪᠤᠲᠠᠯ᠎ᠤᠨ ᠦᠢᠯᠡᠴᠢᠯᠡᠭᠡ᠎ᠶ᠋ᠢᠨ ᠲᠠᠩᠬᠢᠮ᠎ᠳᠤ ᠬᠦᠷᠦᠭᠡᠳ ᠲᠦᠷᠪᠡᠳ ᠬᠤᠱᠢᠭᠤᠨ᠎ᠤ ᠬᠠᠮ ᠵᠠᠭᠤᠴᠢᠯᠠᠭᠤᠷ᠎ᠤᠨ ᠲᠦᠪ᠎ᠤᠨ 《ᠲᠠᠨ᠎ᠳᠤ ᠲᠤᠰᠠᠯᠠᠶ᠎ᠠ》 ᠦᠢᠯᠡᠴᠢᠯᠡᠭᠡ᠎ᠶ᠋ᠢᠨ ᠮᠡᠳᠡᠭ᠌ᠳᠡᠯ᠎ᠢ ᠤᠯᠵᠦ᠍ ᠦᠵᠡᠭ᠌ᠰᠡᠨ ᠪᠤᠯᠬᠤᠷ ᠡᠨᠡ ᠶᠠᠪᠤᠲᠠᠯ ᠬᠢᠯᠪᠠᠷᠬᠠᠨ ᠪᠡᠶᠡᠯᠡᠭ᠌ᠳᠡᠪᠡ᠃ ᠲᠡᠲᠡ 《ᠲᠠᠨ᠎ᠳᠤ ᠲᠤᠰᠠᠯᠠᠶ᠎ᠠ》 ᠦᠢᠯᠡᠴᠢᠯᠡᠭᠡ᠎ᠶ᠋ᠢᠨ ᠠᠵᠢᠯᠲᠠᠳ᠎ᠲᠠᠢ ᠬᠠᠷᠢᠴᠠᠵᠦ᠍᠂ ᠲᠦᠷᠪᠡᠳ ᠬᠤᠱᠢᠭᠤᠨ᠎ᠤ ᠬᠢᠯᠢ᠎ᠶ᠋ᠢᠨ ᠬᠠᠮᠢᠶᠠᠷᠤᠯᠲᠠ᠎ᠶ᠋ᠢᠨ ᠶᠡᠭᠡ ᠠᠩᠬᠢ᠎ᠶ᠋ᠢᠨ ᠬᠢᠯᠢ᠎ᠶ᠋ᠢᠨ ᠬᠠᠮᠢᠶᠠᠷᠤᠯᠲᠠ ᠦᠢᠯᠡᠴᠢᠯᠡᠭᠡ᠎ᠶ᠋ᠢᠨ ᠲᠦᠪ᠎ᠲᠤ ᠮᠡᠳᠡᠭᠡ ᠵᠠᠩᠬᠢ᠎ᠪᠠᠨ ᠪᠢᠴᠢᠨ ᠤᠷᠤᠭᠤᠯᠵᠦ᠍᠂ ᠲᠠᠬᠢᠨ ᠵᠠᠰᠠᠭ᠎ᠤᠨ ᠶᠠᠪᠤᠲᠠᠯ᠎ᠤᠨ ᠦᠢᠯᠡᠴᠢᠯᠡᠭᠡ᠎ᠶ᠋ᠢᠨ ᠲᠠᠩᠬᠢᠮ᠎ᠳᠤ ᠬᠦᠷᠴᠦ᠍ ᠲᠦᠷ ᠴᠠᠭ᠎ᠤᠨ ᠪᠡᠶ᠎ᠡ᠎ᠶ᠋ᠢᠨ ᠦᠨᠡᠮᠯᠡᠯ ᠭᠤᠶᠤᠴᠢᠯᠠᠬ᠍ᠰᠠᠨ ᠪᠠᠢᠨ᠎ᠠ᠃ 5 ᠰᠠᠷ᠎ᠠ᠎ᠶ᠋ᠢᠨ 20 ᠎ᠤ ᠦᠳᠡ᠎ᠶ᠋ᠢᠨ ᠡᠮᠦᠨ᠎ᠡ᠂ ᠰᠤᠷᠪᠤᠯᠵᠢᠯᠠᠬ᠍ᠴᠢ ᠲᠦᠪᠱᠢᠨᠵᠢᠷᠭᠠᠯ᠎ᠤᠨ ᠭᠤᠷᠪᠠᠨ ᠠᠮᠠ ᠪᠦᠯᠢ᠎ᠲᠠᠢ ᠬᠠᠮᠲᠦ᠎ᠪᠠᠷ ᠲᠦᠷᠪᠡᠳ ᠬᠤᠱᠢᠭᠤᠨ᠎ᠤ ᠬᠢᠯᠢ᠎ᠶ᠋ᠢᠨ ᠬᠠᠮᠢᠶᠠᠷᠤᠯᠲᠠ᠎ᠶ᠋ᠢᠨ ᠶᠡᠭᠡ ᠠᠩᠬᠢ᠎ᠶ᠋ᠢᠨ ᠬᠢᠯᠢ᠎ᠶ᠋ᠢᠨ ᠬᠠᠮᠢᠶᠠᠷᠤᠯᠲᠠ ᠦᠢᠯᠡᠴᠢᠯᠡᠭᠡ᠎ᠶ᠋ᠢᠨ ᠲᠦᠪ᠎ᠲᠤ ᠢᠷᠡᠭ᠌ᠰᠡᠨ ᠪᠠᠢᠨ᠎ᠠ᠃ ᠡᠨᠡ ᠦᠶ᠎ᠡ᠎ᠳᠤ ᠲᠤᠰ ᠲᠦᠪ᠎ᠤᠨ ᠨᠠᠮ᠎ᠤᠨ ᠬᠡᠱᠢᠬᠦᠨ ᠰᠠᠢᠨ ᠲᠤᠷ᠎ᠠ᠎ᠶ᠋ᠢᠨ ᠠᠵᠢᠯᠲᠠᠨ ᠵᠠᠩ ᠶᠢᠦ ᠪᠢᠨ ᠪᠤᠯᠤᠨ ᠵᠤᠤ ᠶᠦᠩ ᠴᠢᠶᠠᠩ ᠬᠡᠲᠦᠢᠨ ᠦᠢᠯᠡᠴᠢᠯᠡᠬᠡᠨ᠎ᠤ ᠴᠤᠩᠬᠤᠪᠴᠢ᠎ᠳᠠᠭᠠᠨ ᠬᠦᠯᠢᠶᠡᠵᠦ᠍ ᠪᠠᠢᠯ᠎ᠠ᠃

《ᠰᠤᠮᠤ ᠭᠠᠴᠠᠭ᠎ᠠ᠎ᠶ᠋ᠢᠨ ᠤᠯᠠᠨ ᠲᠦᠮᠡᠨ᠎ᠳᠤ ᠲᠦᠬᠦᠮ ᠦᠵᠡᠬᠦᠯᠬᠦ᠌᠎ᠶ᠋ᠢᠨ ᠲᠤᠯᠠᠲᠠ ᠬᠢᠯᠢ᠎ᠶ᠋ᠢᠨ ᠬᠠᠮᠢᠶᠠᠷᠤᠯᠲᠠ ᠦᠢᠯᠡᠴᠢᠯᠡᠭᠡ᠎ᠶ᠋ᠢᠨ ᠲᠦᠪ᠎ᠨᠢ ᠡᠷᠦᠬᠡ ᠠᠮᠠ᠎ᠶ᠋ᠢᠨ ᠲᠠᠩᠰᠠ ᠪᠠᠢᠭ᠎ᠠ ᠲᠤᠮᠢᠯᠠᠬ᠍ᠰᠠᠨ ᠰᠠᠯᠪᠦᠷᠢ᠎ᠶ᠋ᠢᠨ ᠠᠵᠢᠯ ᠶᠠᠪᠤᠲᠠᠯ᠎ᠢ ᠴᠦ᠍ ᠬᠦᠯᠢᠶᠡᠨ ᠠᠪᠴᠦ᠍ ᠬᠦᠢᠴᠡᠳᠭᠡᠳᠡᠭ ᠶᠤᠮ᠃ ᠢᠡᠭ᠌ᠬᠢᠴᠢᠬᠡᠪᠡᠯ ᠲᠦᠪᠱᠢᠨᠵᠢᠷᠭᠠᠯ᠎ᠤᠨ᠎ᠬᠢᠨ 150 ᠺᠢᠯᠤᠮᠧᠲᠷ ᠬᠤᠯᠠ ᠪᠠᠢᠭ᠎ᠠ ᠨᠤᠲᠤᠭ᠎ᠲᠠᠭᠠᠨ ᠬᠠᠷᠢᠬ᠍ᠰᠠᠨ᠎ᠤ ᠴᠢᠬᠤᠯᠠ ᠦᠬᠡᠢ ᠪᠤᠯᠤᠨ᠎ᠠ》 ᠭᠡᠵᠦ᠍ ᠵᠠᠩ ᠶᠢᠦ ᠪᠢᠨ ᠰᠤᠷᠪᠤᠯᠵᠢᠯᠠᠬ᠍ᠴᠢ᠎ᠳᠤ ᠶᠠᠷᠢᠨ᠎ᠠ᠃

ᠲᠡᠲᠡ ᠲᠠᠬᠢᠨ ᠵᠠᠰᠠᠭ᠎ᠤᠨ ᠶᠠᠪᠤᠲᠠᠯ᠎ᠤᠨ ᠦᠢᠯᠡᠴᠢᠯᠡᠭᠡ᠎ᠶ᠋ᠢᠨ ᠲᠦᠪ᠎ᠲᠤ ᠢᠷᠡᠵᠦ᠍᠂ ᠬᠠᠭᠠᠰ ᠴᠠᠭ ᠪᠤᠯᠤᠭ᠍ᠰᠠᠨ ᠴᠦ᠍ ᠦᠬᠡᠢ᠎ᠪᠠᠷ 3 ᠰᠠᠷ᠎ᠠ᠎ᠶ᠋ᠢᠨ ᠬᠦᠴᠦᠨ᠎ᠲᠠᠢ ᠲᠦᠷ ᠴᠠᠭ᠎ᠤᠨ ᠪᠡᠶ᠎ᠡ᠎ᠶ᠋ᠢᠨ ᠦᠨᠡᠮᠯᠡᠯ᠎ᠢᠶᠠᠨ ᠬᠦᠢᠴᠡᠳᠭᠡᠵᠦ᠍ ᠲᠠᠭᠤᠰᠤᠭ᠍ᠰᠠᠨ ᠪᠠᠢᠨ᠎ᠠ᠃ 《〈ᠲᠠᠨ᠎ᠳᠤ ᠲᠤᠰᠠᠯᠠᠶ᠎ᠠ〉 ᠭᠡᠬᠦ᠌ ᠦᠢᠯᠡᠴᠢᠯᠡᠭᠡ ᠤᠯᠠᠨ ᠲᠦᠮᠡᠨ᠎ᠳᠤ ᠨᠡᠭᠡᠷᠡᠨ ᠲᠤᠰᠠᠯᠠᠵᠦ᠍ ᠪᠠᠢᠨ᠎ᠠ ᠱᠢᠦ!》 ᠭᠡᠵᠦ᠍ ᠲᠦᠪᠱᠢᠨᠵᠢᠷᠭᠠᠯ ᠶᠠᠷᠢᠨ᠎ᠠ᠃

ᠨᠠᠮ᠎ᠤᠨ ᠲᠡᠦᠭᠡ᠎ᠶ᠋ᠢᠨ ᠰᠤᠷᠤᠯᠴᠠᠯᠭ᠎ᠠ ᠬᠦᠮᠦᠵᠢᠯ ᠡᠬᠢᠯᠡᠭ᠌ᠰᠡᠨ᠎ᠠᠴᠠ ᠨᠠᠭᠠᠰᠢ᠂ ᠲᠦᠷᠪᠡᠳ ᠬᠤᠱᠢᠭᠤ᠎ᠨᠢ ᠨᠠᠮ᠎ᠤᠨ ᠲᠡᠦᠭᠡ᠎ᠶ᠋ᠢᠨ ᠰᠤᠷᠤᠯᠴᠠᠯᠭ᠎ᠠ ᠬᠦᠮᠦᠵᠢᠯ᠎ᠢ ᠤᠯᠠᠨ ᠲᠦᠮᠡᠨ᠎ᠤ ᠪᠤᠲᠠᠲᠦ ᠬᠦᠴᠢᠷᠳᠡᠯ᠎ᠢ ᠱᠢᠢᠳᠪᠦᠷᠢᠯᠡᠬᠦ᠌᠎ᠲᠠᠢ ᠬᠠᠷᠢᠯᠴᠠᠨ ᠤᠶᠠᠯᠲᠤᠭᠤᠯᠵᠦ᠍᠂ 《ᠤᠯᠠᠨ ᠲᠦᠮᠡᠨ᠎ᠳᠤ ᠪᠤᠲᠠᠲᠦ ᠶᠠᠪᠤᠲᠠᠯ ᠬᠢᠵᠦ᠍ ᠦᠭ᠌ᠬᠦᠶ᠎ᠡ》 ᠦᠢᠯᠡᠲᠦᠯᠭᠡ᠎ᠶ᠋ᠢ ᠢᠳᠡᠪᠬᠢᠳᠡᠢ ᠦᠷᠨᠢᠬᠦᠯᠦᠭ᠌ᠰᠡᠨ ᠶᠤᠮ᠃ ᠤᠲᠤᠬᠠᠨ᠎ᠳᠤ᠂ ᠦᠪᠡᠷᠳᠡᠭᠡᠨ ᠵᠠᠰᠠᠬᠤ ᠤᠷᠤᠨ᠎ᠤ 《ᠲᠠᠯ᠎ᠠ ᠨᠤᠲᠤᠭ᠎ᠤᠨ ᠡᠭᠦᠯᠡ》 ᠲᠠᠪᠴᠠᠩ᠎ᠳᠤ ᠲᠦᠱᠢᠭ᠌ᠯᠡᠨ᠂ ᠲᠦᠷᠪᠡᠳ ᠬᠤᠱᠢᠭᠤᠨ᠎ᠤ ᠬᠠᠮ ᠵᠠᠭᠤᠴᠢᠯᠠᠭᠤᠷ᠎ᠤᠨ ᠲᠦᠪ᠎ᠨᠢ ᠱᠢᠨ᠎ᠠ ᠴᠠᠭ ᠦᠶ᠎ᠡ᠎ᠶ᠋ᠢᠨ ᠪᠤᠯᠪᠠᠰᠤᠨ᠎ᠤ ᠦᠢᠯᠡᠲᠦᠯᠭᠡ᠎ᠶ᠋ᠢᠨ ᠲᠦᠪ᠂ ᠵᠠᠰᠠᠭ᠎ᠤᠨ ᠶᠠᠪᠤᠲᠠᠯ᠎ᠤᠨ ᠦᠢᠯᠡᠴᠢᠯᠡᠭᠡ᠎ᠶ᠋ᠢᠨ ᠲᠦᠪ᠂ ᠨᠠᠮ᠎ᠤᠨ ᠬᠡᠱᠢᠬᠦᠨ ᠤᠯᠠᠨ ᠲᠦᠮᠡᠨ᠎ᠤ ᠦᠢᠯᠡᠴᠢᠯᠡᠭᠡ᠎ᠶ᠋ᠢᠨ ᠲᠦᠪ᠎ᠲᠠᠢ ᠬᠠᠷᠢᠯᠴᠠᠨ ᠬᠠᠮᠵᠢᠯᠴᠠᠵᠦ᠍᠂ ᠤᠯᠠᠨ ᠲᠦᠮᠡᠨ᠎ᠤ ᠰᠠᠨᠲᠤᠷᠴᠦ᠍ ᠪᠠᠢᠭ᠎ᠠ᠂ ᠬᠦᠴᠢᠷᠳᠡᠵᠦ᠍ ᠪᠠᠢᠭ᠎ᠠ᠂ ᠵᠤᠪᠠᠨᠢᠵᠦ᠍ ᠪᠠᠢᠭ᠎ᠠ᠂ ᠬᠦᠰᠡᠵᠦ᠍ ᠪᠠᠢᠭ᠎ᠠ ᠠᠰᠠᠭᠤᠲᠠᠯ᠎ᠢ ᠱᠢᠢᠳᠪᠦᠷᠢᠯᠡᠬᠦ᠌᠎ᠪᠠᠷ ᠭᠠᠷᠲᠠᠴᠠ ᠪᠤᠯᠭᠠᠵᠦ᠍᠂ ᠪᠤᠲᠠᠲᠦ ᠠᠵᠢᠯᠯᠠᠭ᠎ᠠ᠎ᠪᠠᠷ᠎ᠢᠶᠠᠨ ᠨᠠᠮ᠎ᠤᠨ ᠲᠡᠦᠭᠡ᠎ᠶ᠋ᠢ ᠰᠤᠷᠴᠦ᠍᠂ ᠦᠵᠡᠯ ᠰᠠᠨᠠᠭ᠎ᠠ᠎ᠪᠠᠨ ᠰᠡᠭᠡᠭᠡᠷᠡᠬᠦᠯᠦᠨ᠂ ᠪᠤᠲᠠᠲᠦ ᠶᠠᠪᠤᠲᠠᠯ ᠬᠢᠵᠦ᠍᠂ ᠱᠢᠨ᠎ᠡ ᠪᠠᠢᠲᠠᠯ᠎ᠢ ᠡᠬᠦᠳᠴᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号