ᠠᠯᠢᠶ᠎ᠠ ᠪᠠᠭ᠎ᠠ᠎ᠶ᠋ᠢᠨ ᠬᠦᠰᠡᠯ᠎ᠳᠤ ᠤᠷᠭᠤᠬ᠍ᠰᠠᠨ ᠠᠯᠤᠰ ᠬᠡᠳᠤ᠎ᠶ᠋ᠢᠨ ᠵᠤᠷᠢᠯᠳᠠ — ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠲᠠᠯ᠎ᠠ ᠨᠤᠲᠤᠭ᠎ᠤᠨ ᠡᠬᠦᠯᠡ · 《ᠲᠠᠨ᠎ᠳᠤ ᠲᠤᠰᠠᠯᠠᠶ᠎ᠠ》 ᠨᠠᠮ᠎ᠤᠨ ᠡᠭᠦᠷ᠎ᠤᠨ ᠦᠢᠯᠡᠴᠢᠯᠡᠭᠡᠨ᠎ᠤ ᠠᠩᠭᠢ᠎ᠶ᠋ᠢᠨ ᠬᠦᠬᠡᠬᠤᠳᠠ᠎ᠶ᠋ᠢᠨ ᠳ᠋ᠦᠩ ᠴᠧᠨ ᠰᠤᠷᠭᠠᠭᠤᠯᠢ᠎ᠳᠤ ᠬᠦᠷᠴᠦ᠍ ᠠᠵᠢᠯᠯᠠᠭ᠎ᠠ ᠦᠷᠨᠢᠬᠦᠯᠦᠭ᠌ᠰᠡᠨ ᠪᠤᠳᠠᠳᠤ ᠲᠡᠮᠳᠡᠭ᠌ᠯᠡᠯ
2021-05-28 09:10:31
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠡᠤᠬᠡᠳ᠎ᠤᠳ᠎ᠤᠨ ᠬᠦᠬᠡᠷᠦᠬᠦᠨ ᠬᠦᠰᠡᠯ


ᠪᠢ ᠬᠦᠭᠡ ᠦᠡᠭ᠌ᠭᠡ᠎ᠶ᠋ᠢ ᠪᠠᠭ᠍ᠠᠷᠠᠬ᠍ᠨ᠎ᠠ᠂ ᠤᠰᠤᠨ ᠪᠤᠳᠤᠭ᠎ᠤᠨ ᠦᠨᠤᠷ᠎ᠲᠤ ᠲᠤᠷᠠᠳᠠᠢ᠂ ᠱᠢᠨ᠎ᠠ ᠪᠤᠯᠤᠳ ᠪᠢᠷ᠎ᠲᠠᠢ ᠪᠤᠯᠵᠤ᠂ ᠨᠡᠩ ᠤᠯᠠᠨ ᠮᠡᠳᠡᠯᠭᠡ ᠰᠤᠷᠬᠤ᠎ᠶ᠋ᠢ ᠬᠦᠰᠡᠨ᠎ᠠ᠃

         — ᠮᠠ ᠱᠢᠶᠤᠤ ᠯᠦᠡᠭ᠂ ᠯᠦ᠍ ᠱᠢᠨ ᠭᠤᠤ ᠱᠢᠶᠠᠩ᠂ ᠯᠢ ᠽᠢ ᠬᠤᠤ

 

ᠲᠡᠯᠡᠭᠡᠢ᠎ᠶ᠋ᠢᠨ ᠪᠦᠮᠪᠦᠷᠴᠡᠭ᠎ᠤᠨ ᠵᠠᠬ᠍ᠪᠤᠷ᠎ᠲᠠᠢ ᠪᠤᠯᠵᠤ᠂ ᠲᠡᠯᠡᠭᠡᠢ᠎ᠶ᠋ᠢᠨ ᠡᠯ᠎ᠠ ᠭᠠᠵᠠᠷ᠎ᠢ ᠲᠠᠨᠢᠵᠤ ᠮᠡᠳᠡᠬᠦ᠌᠎ᠶ᠋ᠢ ᠵᠤᠷᠢᠨ᠎ᠠ᠃

         — ᠯᠢᠤ ᠢ ᠴᠢᠩ

 

ᠪᠢ ᠬᠤᠵᠢᠮ ᠨᠢᠰᠭᠡᠭ᠌ᠴᠢ ᠪᠤᠯᠬᠤ ᠬᠦᠰᠡᠯ᠎ᠲᠠᠢ᠂ ᠡᠢᠮᠤ᠎ᠠᠴᠠ ᠵᠢᠯᠤᠭᠤᠴᠢ ᠦᠬᠡᠢ ᠲᠤᠬ᠍ᠯᠠᠭᠠᠮ᠎ᠤᠨ ᠨᠢᠰᠭᠡᠯ᠎ᠲᠠᠢ ᠪᠤᠯᠬᠤ᠎ᠶ᠋ᠢ ᠪᠤᠳᠤᠳᠠᠭ᠃ 

         — ᠸᠧᠨ ᠺᠧ ᠹᠠᠨ᠂ ᠯᠦ᠍ ᠺᠧ ᠡᠾᠧᠩ

 

ᠪᠢ ᠰᠡᠯᠡᠬᠦᠤ ᠴᠠᠭ᠎ᠲᠠᠭᠠᠨ ᠰᠠᠬ᠍ᠰᠦᠨ ᠪᠦᠮᠪᠦᠭᠡ ᠨᠠᠭᠠᠳᠭᠤ ᠲᠤᠷᠠᠳᠠᠢ᠂ ᠰᠠᠬ᠍ᠰᠤᠨ ᠪᠦᠮᠪᠦᠭᠡ᠎ᠲᠠᠢ ᠪᠤᠯᠪᠠᠯ ᠶᠠᠮᠠᠷ ᠰᠠᠢᠬᠠᠨ ᠪᠤᠢ⁈

         — ᠯᠢ ᠪᠢᠡᠭ᠂ ᠯᠢᠤᠢ ᠳ᠋ᠦᠩ ᠴᠧᠨ᠂ ᠯᠢ ᠵᠢᠶᠠ ᠱᠢᠩ᠂ ᠵᠠᠩ ᠢᠤᠢ᠂ ᠯᠢ ᠪᠢᠡᠭ ᠴᠢ᠂ ᠬᠠᠨ ᠢᠤᠢ ᠱᠢᠤᠸᠠᠨ

 

ᠪᠢ ᠨᠢᠭᠡᠨ ᠱᠢᠨ᠎ᠠ ᠪᠢᠷ᠎ᠤᠨ ᠪᠤᠬ᠍ᠴᠤ᠎ᠲᠠᠢ ᠪᠤᠯᠵᠤ᠂ ᠪᠢᠷ ᠬᠠᠷᠠᠨᠳᠠ᠎ᠪᠠᠨ ᠪᠤᠭ᠍ᠴᠤᠯᠠᠵᠤ ᠶᠠᠪᠤᠬᠤ᠎ᠶ᠋ᠢ ᠰᠠᠨᠠᠨ᠎ᠠ᠃         

         — ᠯᠢ ᠯᠧ᠂ ᠭᠦᠸᠧ ᠡᠯ ᠯᠧ

 

ᠪᠢ ᠭᠤᠴᠢᠨ ᠵᠢᠷᠭᠤᠭᠠᠨ ᠦᠡᠭ᠌ᠭᠡᠳᠦ ᠤᠰᠤᠨ ᠪᠤᠳᠤᠭ᠎ᠤᠨ ᠪᠢᠷ᠎ᠲᠠᠢ ᠪᠤᠯᠵᠤ᠂ ᠰᠤᠷᠤᠯᠭ᠎ᠠ ᠠᠮᠢᠳᠤᠷᠠᠯ᠎ᠤᠨ ᠪᠠᠢᠳᠠᠯ᠎ᠢᠶᠠᠨ ᠰᠤᠯᠤᠩᠭᠠᠨ ᠦᠡᠭ᠌ᠭᠡ᠎ᠪᠠᠷ ᠲᠡᠮᠳᠡᠭ᠌ᠯᠡᠬᠦ᠌᠎ᠶ᠋ᠢ ᠪᠤᠳᠤᠨ᠎ᠠ᠃

          — ᠸᠧᠢ ᠱᠢᠶᠠᠩ

ᠪᠢ ᠪᠦᠵᠢᠭ ᠲᠠᠭᠤᠤ᠎ᠳᠤ ᠠᠪᠢᠶᠠᠰ᠎ᠲᠠᠢ᠂ ᠪᠠᠰᠠ ᠰᠤᠷᠤᠯᠴᠠᠬᠤ ᠲᠤᠷᠠᠳᠠᠢ᠂ ᠪᠢᠴᠢᠭ᠎ᠤᠨ ᠬᠡᠷᠡᠭ᠌ᠰᠡᠯ᠎ᠤᠨ ᠪᠡᠯᠡᠭ ᠤᠯᠬᠤ᠎ᠶ᠋ᠢ ᠬᠦᠰᠡᠵᠦ᠍ ᠪᠠᠢᠨ᠎ᠠ᠃ — ᠯᠢ ᠵᠢᠶᠠ᠎ᠨᠢ

 

 

《ᠪᠢ ᠬᠦᠭᠡ ᠦᠡᠭ᠌ᠭᠡ᠎ᠶ᠋ᠢ ᠪᠠᠭ᠍ᠠᠷᠠᠬ᠍ᠨ᠎ᠠ᠂ ᠤᠰᠤᠨ ᠪᠤᠳᠤᠭ᠎ᠤᠨ ᠦᠨᠤᠷ᠎ᠲᠤ ᠲᠤᠷᠠᠳᠠᠢ᠂ ᠱᠢᠨ᠎ᠠ ᠪᠤᠯᠤᠳ ᠪᠢᠷ᠎ᠲᠠᠢ ᠪᠤᠯᠵᠤ᠂ ᠨᠡᠩ ᠤᠯᠠᠨ ᠮᠡᠳᠡᠯᠭᠡ ᠰᠤᠷᠬᠤ᠎ᠶ᠋ᠢ ᠬᠦᠰᠡᠨ᠎ᠠ》᠃  

《ᠲᠡᠯᠡᠭᠡᠢ᠎ᠶ᠋ᠢᠨ ᠪᠦᠮᠪᠦᠷᠴᠡᠭ᠎ᠤᠨ ᠵᠠᠬ᠍ᠪᠤᠷ᠎ᠲᠠᠢ ᠪᠤᠯᠵᠤ᠂ ᠲᠡᠯᠡᠭᠡᠢ᠎ᠶ᠋ᠢᠨ ᠡᠯ᠎ᠠ ᠭᠠᠵᠠᠷ᠎ᠢ ᠲᠠᠨᠢᠵᠤ ᠮᠡᠳᠡᠬᠦ᠌᠎ᠶ᠋ᠢ ᠵᠤᠷᠢᠨ᠎ᠠ》᠃

《ᠪᠢ ᠬᠤᠵᠢᠮ ᠨᠢᠰᠭᠡᠭ᠌ᠴᠢ ᠪᠤᠯᠬᠤ ᠬᠦᠰᠡᠯ᠎ᠲᠠᠢ᠂ ᠡᠢᠮᠤ᠎ᠠᠴᠠ ᠵᠢᠯᠤᠭᠤᠴᠢ ᠦᠬᠡᠢ ᠲᠤᠬ᠍ᠯᠠᠭᠠᠮ᠎ᠤᠨ ᠨᠢᠰᠭᠡᠯ᠎ᠲᠠᠢ ᠪᠤᠯᠬᠤ᠎ᠶ᠋ᠢ ᠪᠤᠳᠤᠳᠠᠭ》᠃

ᠡᠨᠡ ᠪᠣᠯ 36 ᠬᠡᠦᠬᠡᠳ᠎ᠤᠨ ᠠᠳᠠᠯᠢ ᠪᠤᠰᠤ ᠦᠩᠭᠡ᠎ᠶ᠋ᠢᠨ ᠴᠠᠭᠠᠰᠤᠨ᠎ᠳᠤ ᠪᠢᠴᠢᠭ᠌ᠰᠡᠨ ᠬᠦᠬᠡᠷᠦᠬᠦᠨ ᠬᠦᠰᠡᠯ ᠶᠤᠮᠰᠠᠨ᠃


ᠵᠤᠨ᠎ᠤ ᠡᠬᠢᠨ᠎ᠤ ᠬᠦᠬᠡ ᠣᠭ᠍ᠲᠠᠷᠭᠤᠢ᠎ᠳᠤ ᠬᠦᠪᠤᠩ ᠴᠠᠭᠠᠨ ᠡᠭᠦᠯᠡᠰ ᠬᠥᠪᠥᠯᠵᠡᠨ᠎ᠡ᠃ 5 ᠰᠠᠷ᠎ᠠ᠎ᠶ᠋ᠢᠨ 27 ᠎ᠤ ᠦᠳᠡ᠎ᠶ᠋ᠢᠨ ᠬᠤᠢᠨ᠎ᠠ᠂ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠲᠠᠯ᠎ᠠ ᠨᠤᠲᠤᠭ᠎ᠤᠨ ᠡᠬᠦᠯᠡ · 《ᠲᠠᠨ᠎ᠳᠤ ᠲᠤᠰᠠᠯᠠᠶ᠎ᠠ》 ᠨᠠᠮ᠎ᠤᠨ ᠡᠭᠦᠷ᠎ᠤᠨ ᠦᠢᠯᠡᠴᠢᠯᠡᠭᠡᠨ᠎ᠤ ᠠᠩᠭᠢ᠎ᠶ᠋ᠢᠨ᠎ᠬᠢᠨ ᠬᠥᠬᠡᠬᠤᠲᠠ᠎ᠶ᠋ᠢᠨ ᠳ᠋ᠦᠩ ᠴᠧᠨ ᠰᠤᠷᠭᠠᠭᠤᠯᠢ᠎ᠳᠤ ᠬᠦᠷᠴᠦ᠍᠂ 《ᠲᠠᠨ᠎ᠳᠤ ᠲᠤᠰᠠᠯᠠᠶ᠎ᠠ — ᠬᠡᠷ᠎ᠲᠡᠭᠡᠨ ᠬᠤᠴᠤᠷᠤᠬ᠍ᠰᠠᠨ ᠬᠡᠥᠬᠡᠳ᠎ᠤᠳ᠎ᠢ ᠬᠠᠯᠠᠮᠵᠢᠯᠠᠨ ᠬᠠᠢᠷᠠᠯᠠᠵᠤ ᠬᠡᠦᠬᠡᠳ᠎ᠤᠨ ᠰᠡᠳᠭᠢᠯ᠎ᠢ ᠳᠤᠯᠠᠭᠠᠴᠠᠭᠤᠯᠬᠤ》 ᠰᠠᠢᠨ ᠳᠤᠷ᠎ᠠ᠎ᠶ᠋ᠢᠨ ᠠᠵᠢᠯᠯᠠᠭ᠎ᠠ ᠥᠷᠨᠢᠭᠦᠯᠵᠤ᠂ ᠨᠤᠮ ᠬᠠᠨᠳᠢᠪᠯᠠᠨ ᠤᠳᠭ᠎ᠠ ᠠᠭᠤᠯᠭ᠎ᠠ᠎ᠲᠠᠢ ᠶᠠᠷᠢᠶ᠎ᠠ ᠢᠯᠡᠳᠭᠡᠯ ᠬᠢᠵᠤ᠂ ᠵᠣᠬᠢᠶᠠᠨ ᠪᠢᠴᠢᠬᠦ᠌ ᠬᠠᠪᠰᠤᠷᠤᠨ ᠵᠢᠯᠣᠭᠤᠳᠭᠤ ᠬᠢᠴᠢᠶᠡᠯ ᠤᠷᠤᠵᠤ᠂ ᠭᠡᠷ᠎ᠲᠡᠭᠡᠨ ᠬᠤᠴᠣᠷᠤᠭ᠍ᠰᠠᠨ ᠬᠡᠦᠬᠡᠳ᠎ᠤᠳ᠎ᠢ ᠬᠠᠪᠰᠤᠷᠴᠦ᠍ ᠬᠦᠬᠡᠷᠦᠬᠦᠨ ᠬᠦᠰᠡᠯ᠎ᠢ᠎ᠨᠢ ᠪᠠᠶᠡᠯᠡᠬᠦᠯᠬᠦ᠌᠎ᠶ᠋ᠢ ᠵᠤᠷᠢᠨ᠎ᠠ᠃

ᠡᠨᠡ ᠪᠣᠯ ᠨᠢᠬᠡᠨ 6 ᠤᠨ᠂ 6 ᠠᠩᠭᠢ᠂ 240 ᠭᠠᠷᠤᠶ ᠰᠣᠷᠣᠭ᠍ᠴᠢ᠎ᠲᠠᠢ ᠪᠠᠢᠷᠢ᠎ᠳᠤ ᠰᠠᠭᠤᠬᠤ ᠳᠦᠷᠢᠮᠲᠦ ᠠᠷᠠᠳ᠎ᠠᠴᠠ ᠡᠷᠭᠢᠯᠡᠭ᠌ᠰᠡᠨ ᠪᠠᠭ᠎ᠠ ᠰᠤᠷᠭᠠᠭᠤᠯᠢ ᠪᠢᠯᠡ᠃ ᠣᠯᠠᠩᠬᠢ ᠰᠣᠷᠣᠭ᠍ᠴᠢ᠎ᠨᠢ ᠭᠠᠳᠠᠨ᠎ᠠ ᠭᠠᠵᠠᠷ᠎ᠠᠴᠠ ᠢᠷᠡᠭ᠌ᠰᠡᠨ ᠬᠥᠯᠥᠰᠥᠨ ᠲᠠᠷᠢᠶᠠᠴᠢᠨ᠎ᠤ ᠬᠡᠦᠬᠡᠳ ᠪᠠ ᠣᠢᠷ᠎ᠠ ᠬᠠᠪᠢ᠎ᠶ᠋ᠢᠨ ᠱᠢᠶᠠᠩ ᠪᠠᠯᠭᠠᠰᠤᠨ᠎ᠤ ᠬᠡᠷ᠎ᠲᠡᠭᠡᠨ ᠬᠤᠴᠣᠷᠤᠭ᠍ᠰᠠᠨ ᠬᠡᠦᠬᠡᠳ ᠪᠠᠢᠵᠤ᠂ ᠮᠠᠰᠢ ᠤᠯᠠᠨ ᠬᠡᠦᠬᠡᠳ᠎ᠤᠨ ᠬᠡᠷ ᠪᠦᠯᠢ᠎ᠨᠢ ᠬᠦᠴᠢᠷᠳᠡᠯ᠎ᠲᠠᠢ ᠪᠠᠢᠵᠤ᠂ ᠵᠠᠷᠢᠮ᠎ᠨᠢ ᠥᠨᠥᠴᠢᠨ ᠥᠷᠥᠭᠡᠰᠦᠨ ᠬᠡᠷ ᠪᠦᠯᠢ᠎ᠶ᠋ᠢᠨ ᠬᠡᠤᠬᠡᠳ ᠪᠠ ᠵᠡᠮᠳᠡᠭ ᠬᠡᠤᠬᠡᠳ ᠪᠤᠯᠤᠨ᠎ᠠ᠃


ᠦᠵᠡᠭ᠌ᠳᠡᠯ ᠨᠢᠭᠡ᠄ ᠰᠤᠷᠭᠠᠭᠤᠯᠢ᠎ᠶ᠋ᠢᠨ ᠶᠣᠰᠣᠯᠠᠯ᠎ᠤᠨ ᠲᠠᠩᠬᠢᠮ


《ᠬᠡᠦᠬᠡᠳ᠎ᠤᠳ ᠡ᠂ ᠵᠢᠷᠭᠤᠭᠠᠨ ᠰᠠᠷ᠎ᠠ᠎ᠶ᠋ᠢᠨ ᠨᠢᠭᠡᠨ᠎ᠤ ᠬᠡᠤᠬᠡᠳ᠎ᠤᠨ ᠪᠠᠶᠠᠷ᠎ᠤᠨ ᠡᠳᠦᠷ ᠤᠳᠠᠯ ᠦᠭᠡᠢ ᠬᠦᠷᠴᠦ᠍ ᠢᠷᠡᠬᠦ᠌ ᠪᠣᠯᠤᠯ᠎ᠠ᠂ ᠲᠠ ᠨᠠᠷ᠎ᠲᠤ ᠳᠤᠮᠳᠠᠳᠤ ᠭᠠᠳᠠᠭᠠᠳᠤ᠎ᠶ᠋ᠢᠨ ᠰᠤᠩᠭᠤᠳᠠᠭ ᠪᠦᠲᠦᠭᠡᠯ᠂ ᠵᠢᠷᠤᠭ᠍ᠲᠤ ᠳᠡᠪᠲᠡᠷ ᠪᠣᠯᠤᠨ ᠱᠤᠭ ᠵᠢᠷᠤᠭ᠎ᠢ ᠠᠪᠴᠢᠷᠠᠯ᠎ᠠ》 ᠬᠡᠰᠡᠨ ᠦᠢᠯᠡᠴᠢᠯᠡᠭᠡᠨ᠎ᠤ ᠠᠩᠭᠢ᠎ᠶ᠋ᠢᠨ ᠪᠦᠷᠢᠯᠳᠦᠬᠦᠨ ᠭᠦᠸᠧ ᠬᠤᠢ ᠴᠤᠤ᠎ᠶ᠋ᠢᠨ ᠦᠬᠡ᠎ᠶ᠋ᠢ ᠰᠤᠨᠤᠰᠭᠤ᠎ᠲᠠᠢ ᠵᠡᠷᠭᠡ ᠶᠣᠰᠣᠯᠠᠯ᠎ᠤᠨ ᠲᠠᠩᠬᠢᠮ᠎ᠳᠤ ᠬᠦᠷ ᠨᠠᠷᠬᠢᠶᠠᠨ᠎ᠢᠶᠠᠷ ᠪᠢᠯᠬᠠᠵᠤ᠂ ᠬᠡᠤᠬᠡᠳ᠎ᠤᠨ ᠴᠢᠷᠠᠢ᠎ᠳᠤ ᠪᠠᠶᠠᠷ ᠵᠢᠷᠭᠠᠯ ᠲᠣᠳᠣᠷᠠᠨ᠎ᠠ᠃

ᠡᠲᠡᠭᠡᠷ 500 ᠭᠠᠷᠤᠶ ᠨᠤᠮ ᠪᠢᠴᠢᠭ᠎ᠤᠨ ᠨᠢᠭᠡ ᠪᠦᠯᠦᠭ᠎ᠨᠢ ᠪᠤᠯ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠺᠠᠳ᠋ᠷ ᠠᠵᠢᠯᠲᠠᠨ᠎ᠤ ᠬᠦᠷᠬᠡᠭ᠌ᠰᠡᠨ ᠬᠢᠴᠢᠶᠡᠯ᠎ᠤᠨ ᠭᠠᠳᠠᠨᠠᠬᠢ ᠤᠩᠱᠢᠬᠤ ᠪᠢᠴᠢᠭ᠂ ᠨᠥᠭᠦᠭᠡ ᠪᠦᠯᠦᠭ᠎ᠨᠢ ᠪᠤᠯ ᠬᠠᠯᠠᠭᠤᠨ ᠰᠡᠳᠭᠢᠯᠳᠦ ᠠᠵᠤ ᠠᠬᠤᠢᠯᠠᠯ ᠹᠠᠨ ᠳ᠋ᠧᠩ ᠨᠣᠮ᠎ᠤᠨ ᠳᠡᠯᠭᠡᠭᠦᠷ᠎ᠤᠨ ᠪᠡᠯᠡᠭ᠌ᠯᠡᠭ᠌ᠰᠡᠨ ᠨᠣᠮ᠎ᠤᠳ ᠪᠠᠢᠵᠤ᠂ ᠥᠯᠢᠭᠡᠷ ᠲᠡᠦᠬᠡ᠂ ᠱᠢᠨᠵᠢᠯᠡᠬᠦ᠌ ᠤᠬᠠᠭᠠᠨ᠂ ᠬᠡᠷᠡᠯ ᠵᠢᠷᠤᠭ ᠵᠡᠷᠭᠡ ᠤᠯᠠᠨ ᠲᠥᠷᠥᠯ᠎ᠢ ᠬᠠᠮᠤᠷᠤᠬ᠍ᠰᠠᠨ ᠪᠠᠢᠨ᠎ᠠ᠃

ᠬᠡᠦᠬᠡᠳ᠎ᠤᠳ ᠦᠪᠡᠷ᠎ᠤᠨ ᠨᠠᠨᠳᠢᠩᠨᠠᠨ ᠬᠠᠢᠷᠠᠯᠠᠳᠠᠭ ᠤᠯᠠᠭᠠᠨ ᠪᠦᠴᠡ᠎ᠪᠠᠨ ᠦᠢᠯᠡᠴᠢᠯᠡᠭᠡᠨ᠎ᠤ ᠠᠩᠭᠢ᠎ᠶ᠋ᠢᠨ ᠬᠥᠮᠦᠨ ᠪᠦᠷᠢ᠎ᠳᠤ ᠬᠠᠷᠢᠭᠤ ᠪᠡᠯᠡᠭ ᠪᠤᠯᠭᠠᠨ ᠵᠡᠭᠦᠯᠭᠡᠯ᠎ᠠ᠃ ᠰᠤᠷᠤᠭ᠍ᠴᠢᠳ᠎ᠤᠨ ᠲᠥᠯᠥᠭᠡᠯᠡᠭ᠌ᠴᠢ ᠰᠦ᠋ ᠶᠢᠩ ᠴᠢ ᠤᠷᠢᠳ᠎ᠢᠶᠠᠷ ᠪᠠᠭᠠᠴᠤᠳ᠎ᠤᠨ ᠬᠤᠱᠢᠭᠤᠴᠢ ᠠᠩᠭᠢ᠎ᠶ᠋ᠢᠨ ᠶᠣᠰᠣ ᠬᠢᠭ᠌ᠰᠡᠨ᠎ᠤ ᠲᠠᠷᠠᠭ᠎ᠠ᠂ 《ᠨᠡᠢᠭᠡᠮ ᠨᠡᠢᠳᠡ᠎ᠶ᠋ᠢᠨ ᠬᠠᠢᠷ᠎ᠠ ᠬᠠᠯᠠᠮᠵᠢ ᠪᠣᠯ ᠪᠢᠳᠡᠨ᠎ᠤ ᠴᠢᠷᠮᠠᠢᠨ ᠰᠤᠷᠤᠯᠴᠠᠬᠤ ᠬᠥᠳᠡᠯᠭᠡᠬᠦ᠌ ᠬᠦᠴᠦᠨ ᠮᠦᠨ᠂ ᠪᠢᠳᠡ ᠠᠯᠤᠰ ᠬᠡᠳᠦ᠎ᠶ᠋ᠢᠨ ᠬᠦᠰᠡᠯᠡᠩ ᠡᠪᠤᠷᠯᠡᠨ ᠱᠢᠷᠭᠠᠭᠤ ᠬᠠᠲᠠᠭᠤᠵᠢᠯᠲᠠᠶ ᠰᠤᠷᠤᠯᠴᠠᠵᠤ᠂ ᠭᠡᠷ᠎ᠤᠨ ᠠᠬᠠᠮᠠᠳ᠂ ᠰᠤᠷᠭᠠᠭᠤᠯᠢ ᠪᠠ ᠨᠡᠢᠭᠡᠮ ᠨᠡᠢᠳᠡ᠎ᠶ᠋ᠢᠨ ᠬᠦᠰᠡᠯ ᠡᠷᠡᠮᠡᠯᠵᠡᠯ᠎ᠢ ᠬᠥᠰᠡᠷᠳᠡᠭᠦᠯᠬᠦ᠌ ᠦᠭᠡᠢ ᠶᠤᠮ》 ᠭᠡᠵᠦ᠍ ᠰᠡᠳᠭᠢᠯ ᠬᠥᠳᠡᠯᠦᠨ ᠬᠡᠯᠡᠨ᠎ᠠ᠃

ᠰᠠᠢᠨ ᠳᠤᠷ᠎ᠠ᠎ᠶ᠋ᠢᠨ ᠯᠧᠺᠲ᠋ᠣᠷ᠂ ᠵᠠᠯᠠᠭᠤᠴᠤᠳ ᠪᠠᠭᠠᠴᠤᠳ᠎ᠤᠨ ᠪᠡᠶ᠎ᠡ ᠰᠡᠳᠭᠢᠴᠡ᠎ᠶ᠋ᠢᠨ ᠵᠥᠪᠯᠡᠭ᠌ᠴᠢ ᠵᠠᠩ ᠱᠦ᠍ ᠪᠢᠴᠢᠬᠠᠨ ᠰᠤᠷᠤᠭ᠍ᠴᠢᠳ᠎ᠲᠤ 《ᠦᠪᠡᠷ᠎ᠤᠨ ᠪᠠᠶᠠᠷ ᠪᠠᠶᠠᠰᠤᠯ᠎ᠳᠠᠭᠠᠨ ᠡᠵᠡᠨ ᠰᠠᠭᠤᠶ᠎ᠠ》 ᠭᠡᠬᠦ᠌ ᠣᠨᠴᠠᠯᠢᠭ᠍ᠲᠤ ᠲᠠᠢᠯᠤᠮᠵᠢ ᠬᠢᠵᠤ ᠦᠭ᠌ᠭᠦᠯ᠎ᠠ᠃ 《ᠣᠯᠠᠨ᠎ᠢᠶᠠᠷ᠎ᠢᠶᠠᠨ ᠬᠤᠶᠠᠷ ᠭᠠᠷ᠎ᠢᠶᠠᠨ ᠳᠣᠷᠣᠭ᠍ᠰᠢ ᠬᠠᠨᠳᠤᠭᠤᠯᠵᠤ᠂ ᠨᠢᠭᠡ ᠨᠢᠭᠡ᠎ᠪᠠᠨ ᠳᠠᠷᠠᠭᠠᠯᠠᠨ ᠲᠠᠯᠪᠢ᠃ ᠵᠡᠭᠦᠨ ᠭᠠᠷ᠎ᠢᠶᠠᠷ᠎ᠢᠶᠠᠨ ᠪᠠᠷᠢᠵᠤ᠂ ᠪᠠᠷᠠᠭᠤᠨ ᠭᠠᠷ᠎ᠢᠶᠠᠷ᠎ᠢᠶᠠᠨ ᠳᠠᠯᠳᠠᠯᠠᠵᠤ ᠪᠠᠢᠭᠠᠷᠠᠢ》᠃ 《ᠪᠠᠭ᠍ᠰᠢ ᠡ᠂ ᠪᠢ ᠪᠠᠷᠢᠵᠤ ᠠᠪᠤᠯ᠎ᠠ!》 ᠬᠡᠤᠬᠡᠳ᠎ᠤᠳ᠎ᠤᠨ ᠬᠦᠬᠡᠷᠤᠬᠦᠨ ᠢᠨᠢᠶᠡᠳᠦ ᠶᠤᠰᠤᠯᠠᠯ᠎ᠤᠨ ᠲᠠᠩᠭᠢᠮ᠎ᠢᠶᠠᠷ ᠪᠢᠯᠬᠠᠨ᠎ᠠ᠃

ᠵᠠᠩ ᠱᠦ᠍᠄ 《ᠨᠡᠢᠭᠡᠮ ᠳᠡᠭᠡᠷ᠎ᠡ ᠵᠠᠷᠢᠮ ᠬᠡᠦᠬᠡᠳ ᠦᠷᠭᠦᠯᠵᠢ ᠤᠷᠮ᠎ᠠ ᠮᠠᠭᠤᠲᠠᠶ ᠪᠠᠢᠳᠠᠭ᠂ ᠡᠨᠡ ᠡᠳᠤᠷ ᠪᠢ ᠬᠡᠦᠬᠡᠳ᠎ᠤᠳ᠎ᠲᠤ ᠤᠷᠮ᠎ᠠ ᠦᠬᠡᠢ ᠦᠶ᠎ᠠ᠎ᠳᠤ ᠦᠪᠡᠷ᠎ᠢ᠎ᠪᠠᠨ ᠪᠠᠶᠠᠷᠯᠠᠭᠤᠯᠬᠤ ᠲᠦᠭᠦᠮ ᠠᠷᠭ᠎ᠠ ᠵᠢᠭᠠᠵᠤ ᠦᠭ᠌ᠬᠦᠯ᠎ᠠ》 ᠭᠡᠵᠦ᠍ ᠬᠡᠯᠡᠨ᠎ᠠ᠃

QQ图片20210528085555.png


ᠰᠠᠢᠨ ᠳᠤᠷ᠎ᠠ᠎ᠶ᠋ᠢᠨ ᠯᠧᠺᠲ᠋ᠣᠷ ᠵᠠᠩ ᠱᠦ᠍ ᠪᠢᠴᠢᠬᠠᠨ ᠰᠤᠷᠤᠭ᠍ᠴᠢᠳ᠎ᠲᠤ ᠣᠨᠴᠠᠯᠢᠭ᠍ᠲᠤ ᠲᠠᠢᠯᠤᠮᠵᠢ ᠬᠢᠵᠤ ᠦᠭ᠌ᠭᠦᠨ᠎ᠡ


QQ图片20210528085602.png


ᠰᠤᠷᠤᠬ᠍ᠴᠢ᠎ᠶ᠋ᠢᠨ ᠲᠦᠯᠦᠭᠡᠯᠡᠭ᠌ᠴᠢ ᠠᠪᠠᠭ᠎ᠠ ᠠᠨᠢᠶ᠎ᠠ ᠨᠠᠷ᠎ᠲᠠᠭᠠᠨ ᠲᠠᠯᠠᠷᠬᠠᠯ᠎ᠢᠶᠠᠨ ᠲᠡᠪᠱᠢᠬᠦᠯᠦᠨ᠎ᠠ


QQ图片20210528085607.png


ᠹᠠᠨ ᠳ᠋ᠧᠩ ᠨᠤᠮ᠎ᠤᠨ ᠳᠡᠯᠬᠡᠬᠦᠷ᠎ᠤᠨ ᠬᠠᠷᠢᠭᠤᠴᠠᠯᠭᠠᠲᠠᠨ ᠰᠤᠷᠤᠬ᠍ᠴᠢᠳ᠎ᠲᠤ ᠬᠢᠴᠢᠶᠡᠯ᠎ᠤᠨ ᠭᠠᠳᠠᠨᠠᠬᠢ ᠤᠩᠱᠢᠬᠤ ᠨᠤᠮ ᠬᠦᠷᠭᠡᠨ᠎ᠡ


QQ图片20210528085613.png

ᠢᠳᠡᠪᠬᠢᠲᠡᠢ᠎ᠪᠠᠷ ᠦᠭᠡ ᠬᠡᠯᠡᠨ᠎ᠡ



ᠦᠵᠡᠭ᠌ᠳᠡᠯ ᠬᠤᠶᠠᠷ᠄ ᠲᠠᠪᠤᠳᠤᠭᠠᠷ ᠣᠨ᠎ᠤ ᠠᠩᠭᠢ᠎ᠶ᠋ᠢᠨ ᠬᠡᠷ


ᠲᠠᠪᠤᠳᠤᠭᠠᠷ ᠣᠨ᠎ᠤ ᠠᠩᠭᠢ᠎ᠶ᠋ᠢᠨ ᠬᠡᠷ᠎ᠲᠤ ᠰᠣᠨᠢᠷᠬᠠᠯᠲᠠᠶ ᠵᠣᠬᠢᠶᠠᠨ ᠪᠢᠴᠢᠯᠭᠡ᠎ᠶ᠋ᠢᠨ ᠬᠢᠴᠢᠶᠡᠯ ᠶᠠᠪᠤᠭ᠍ᠳᠠᠨ᠎ᠠ᠃ ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭ᠍ᠴᠢ᠂ ᠨᠠᠮ᠎ᠤᠨ ᠡᠭᠦᠷ᠎ᠤᠨ ᠦᠢᠯᠡᠴᠢᠯᠡᠭᠡᠨ᠎ᠤ ᠠᠩᠭᠢ᠎ᠶ᠋ᠢᠨ ᠪᠦᠷᠢᠯᠳᠦᠬᠦᠨ ᠶᠤᠸᠠᠨ ᠱᠢᠤ ᠴᠢᠨ ᠬᠡᠦᠬᠡᠳ᠎ᠤᠨ ᠪᠠᠭ᠍ᠠᠷᠬᠠᠳᠠᠭ ᠺᠠᠷᠲ᠋ᠣᠨ ᠺᠢᠨᠣ᠋᠎ᠶ᠋ᠢ ᠠᠱᠢᠬ᠍ᠯᠠᠨ ᠰᠤᠷᠤᠬ᠍ᠴᠢᠳ᠎ᠲᠤ ᠬᠢᠴᠢᠶᠡᠯ ᠤᠷᠤᠵᠤ ᠪᠠᠢᠯ᠎ᠠ᠃

ᠭᠦᠸᠧ ᠧᠨ ᠬᠤᠢ ᠲᠡᠮᠳᠡᠭ᠌ᠯᠡᠯ᠎ᠤᠨ ᠲᠡᠪᠳᠡᠷ᠎ᠲᠡᠭᠡᠨ ᠬᠢᠨᠠᠮᠠᠭᠠᠢ ᠲᠡᠮᠳᠡᠭ᠌ᠯᠡᠨ᠎ᠠ᠂ ᠲᠡᠷᠡ᠄ 《ᠶᠤᠸᠠᠨ ᠪᠠᠭ᠍ᠰᠢ᠎ᠶ᠋ᠢᠨ ᠶᠠᠷᠢᠭ᠍ᠰᠠᠨ 〈ᠵᠣᠬᠢᠶᠠᠯ᠎ᠤᠨ ᠲᠠᠪᠤᠨ ᠡᠯᠧᠮᠧᠨ᠋ᠲ〉 ᠎ᠨᠢ ᠨᠠᠳᠠ᠎ᠳᠤ ᠮᠠᠰᠢ ᠶᠡᠭᠡ ᠰᠡᠩᠭᠡᠷᠡᠬᠦᠯᠦᠯ ᠦᠭ᠌ᠴᠡᠢ᠂ ᠬᠤᠢᠱᠢᠳᠠ ᠪᠢ ᠵᠣᠬᠢᠶᠠᠯ ᠪᠢᠴᠢᠬᠦ᠌᠎ᠳᠡᠭᠡᠨ ᠡᠨᠡ ᠭᠦ᠌ ᠰᠡᠳᠭᠢᠴᠡ᠎ᠪᠠᠷ ᠪᠢᠴᠢᠨ᠎ᠡ᠂ ᠪᠢ ᠬᠤᠵᠢᠮ ᠪᠠᠭ᠍ᠰᠢ ᠪᠤᠯᠬᠤ ᠬᠦᠰᠡᠯ᠎ᠲᠠᠢ》 ᠭᠡᠵᠦ᠍ ᠨᠢᠭᠤᠯ ᠦᠬᠡᠢ ᠬᠡᠯᠡᠨ᠎ᠠ᠃

40 ᠮᠢᠨᠦ᠋ᠲ᠎ᠤᠨ ᠬᠢᠴᠢᠶᠡᠯ ᠤᠳᠠᠯ ᠦᠭᠡᠢ ᠳᠠᠭᠤᠰᠴᠢᠬᠠᠯ᠎ᠠ᠃ ᠠᠪᠤ ᠡᠵᠢ᠎ᠨᠢ ᠪᠦᠷ ᠪᠠᠭ᠍ᠰᠢ᠎ᠶ᠋ᠢᠨ ᠠᠵᠢᠯ ᠠᠯᠪᠠ᠎ᠲᠠᠢ ᠶᠤᠸᠠᠨ ᠱᠢᠤ ᠴᠢᠨ ᠠᠪᠤ ᠡᠵᠢ᠎ᠶ᠋ᠢᠨ᠎ᠢᠶᠠᠨ ᠠᠵᠢᠯ᠎ᠤᠨ ᠠᠮᠵᠢᠯᠲᠠ᠎ᠳᠠᠭᠠᠨ ᠤᠮᠤᠬ᠍ᠰᠢᠨ ᠪᠠᠭ᠍ᠠᠳᠤᠬᠤ ᠰᠡᠳᠭᠢᠯᠭᠡ᠎ᠶ᠋ᠢ ᠡᠨᠡ ᠤᠳᠠᠭ᠎ᠠ ᠠᠩᠬᠠᠯᠠᠨ ᠣᠢᠯᠠᠭᠠᠵᠠᠢ᠃ 《ᠡᠭᠦᠨ᠎ᠠᠴᠠ ᠬᠤᠢᠰᠢ ᠪᠢ ᠨᠡᠩ ᠤᠯᠠᠨ ᠭᠡᠷ᠎ᠲᠡᠭᠡᠨ ᠬᠤᠴᠣᠷᠤᠭ᠍ᠰᠠᠨ ᠬᠡᠦᠬᠡᠳ᠎ᠲᠠᠢ ᠲᠠᠨᠢᠯᠴᠠᠨ ᠲᠠᠰᠤᠯᠴᠠᠵᠦ᠍᠂ ᠪᠠᠶᠠᠷ ᠪᠠᠶᠠᠰᠤᠯ ᠪᠣᠯᠤᠨ ᠠᠮᠢᠳᠤᠷᠠᠯ᠎ᠤᠨ ᠲᠤᠷᠱᠢᠯᠭ᠎ᠠ᠎ᠪᠠᠨ ᠳᠡᠳᠡᠨ᠎ᠲᠠᠢ ᠬᠤᠪᠢᠶᠠᠯᠴᠠᠨ᠎ᠠ》 ᠬᠡᠵᠤ ᠶᠤᠸᠠᠨ ᠱᠢᠤ ᠴᠢᠨ ᠪᠤᠳᠤᠯ᠎ᠢᠶᠠᠨ ᠶᠠᠷᠢᠨ᠎ᠠ᠃


ᠦᠵᠡᠭ᠌ᠳᠡᠯ ᠭᠤᠷᠪᠠ᠄ ᠵᠢᠷᠭᠤᠳᠤᠭᠠᠷ ᠤᠨ᠎ᠤ ᠠᠩᠭᠢ᠎ᠶ᠋ᠢᠨ ᠭᠡᠷ ᠪᠤᠯᠤᠨ ᠬᠤᠷᠠᠯ᠎ᠤᠨ ᠭᠡᠷ


ᠵᠢᠷᠭᠤᠳᠤᠭᠠᠷ ᠣᠨ᠎ᠤ ᠠᠩᠭᠢ᠎ᠶ᠋ᠢᠨ ᠭᠡᠷ᠎ᠲᠤ ᠬᠡᠦᠬᠡᠳ᠎ᠤᠳ ᠰᠡᠳᠭᠢᠯ᠎ᠤᠨ ᠦᠭᠡ᠎ᠪᠠᠨ ᠳᠡᠯᠭᠡᠵᠦ᠍᠂ ᠴᠠᠭᠠᠰᠤᠨ ᠳᠡᠭᠡᠷ᠎ᠡ ᠥᠪᠡᠷ᠎ᠤᠨ ᠬᠦᠰᠡᠯ᠎ᠢᠶᠠᠨ ᠪᠢᠴᠢᠵᠦ᠍ ᠪᠠᠢᠯ᠎ᠠ᠃ ᠡᠨᠡ ᠪᠣᠯ ᠳᠠᠷᠤᠶ ᠬᠦᠰᠡᠯ᠎ᠢᠶᠠᠨ ᠪᠢᠴᠢᠭ᠌ᠰᠡᠨ ᠲᠡᠳᠡᠭᠡᠷ 36 ᠬᠡᠦᠬᠡᠳ᠎ᠤᠨ ᠠᠩᠭᠢ᠎ᠶ᠋ᠢᠨ ᠭᠡᠷ ᠶᠤᠮ᠃ ᠡᠲᠡᠭᠡᠷ ᠬᠡᠦᠬᠡᠳ᠎ᠤᠳ ᠰᠤᠷᠭᠠᠭᠤᠯᠢ᠎ᠳᠤ ᠢᠳᠡᠵᠦ᠍ ᠬᠤᠨᠣᠵᠤ᠂ ᠭᠠᠷᠠᠭ᠎ᠲᠤ ᠨᠢᠭᠡ ᠯᠡ ᠤᠳᠠᠭ᠎ᠠ ᠬᠡᠷ᠎ᠲᠡᠭᠡᠨ ᠬᠠᠷᠢᠵᠦ᠍᠂ ᠦᠶ᠎ᠡ ᠬᠤᠷᠠᠭ ᠨᠠᠰᠤᠨ᠎ᠤ ᠬᠡᠦᠬᠡᠳ᠎ᠠᠴᠠ᠎ᠪᠠᠨ ᠲᠤᠮᠤᠭᠠᠲᠠᠢᠬᠠᠨ ᠬᠠᠷᠠᠬ᠍ᠳᠠᠨ᠎ᠠ᠃

《ᠮᠢᠨᠦ᠍ ᠢᠵᠢ ᠪᠦᠷᠢᠨ 〈ᠳᠤᠮᠳᠠᠳᠤ᠎ᠶ᠋ᠢᠨ ᠡᠷᠳᠡᠨᠢ ᠬᠠᠢᠭ᠍ᠰᠠᠨ ᠲᠡᠮᠳᠡᠭ᠌ᠯᠡᠯ〉 ᠭᠡᠭᠦ᠌ ᠨᠤᠮ᠎ᠲᠠᠢ ᠪᠤᠯᠬᠤ᠎ᠶ᠋ᠢ ᠬᠦᠰᠡᠨ᠎ᠠ᠂ ᠡᠨᠡ ᠢᠵᠢ ᠨᠣᠮ᠎ᠳᠤ ᠡᠬᠡ ᠤᠯᠤᠰ᠎ᠤᠨ ᠡᠯ᠎ᠡ ᠭᠠᠵᠠᠷ᠎ᠤᠨ ᠭᠠᠵᠠᠷ ᠵᠦᠶ᠂ ᠰᠣᠶᠣᠯ᠎ᠤᠨ ᠪᠠᠢᠳᠠᠯ᠎ᠢ ᠲᠡᠮᠳᠡᠭ᠌ᠯᠡᠵᠦ᠍ ᠪᠠᠢᠳᠠᠭ᠂ ᠪᠢ ᠬᠤᠵᠢᠮ ᠲᠡᠷᠡ ᠪᠦᠬᠦᠳᠡ᠎ᠶ᠋ᠢ ᠣᠴᠢᠵᠤ ᠦᠵᠡᠬᠦ᠌ ᠰᠠᠨᠠᠭ᠎ᠠ᠎ᠲᠠᠢ》 ᠭᠡᠵᠦ᠍ ᠭᠤᠤ ᠶᠤᠸᠠᠨ ᠬᠡᠯᠡᠨ᠎ᠠ᠃

ᠠᠪᠤ᠎ᠪᠠᠨ ᠳᠠᠭᠠᠵᠤ ᠯᠦᠸᠧᠶᠠᠩ᠎ᠠᠴᠠ ᠬᠥᠬᠡᠬᠤᠲᠠ᠎ᠳᠤ ᠢᠷᠡᠵᠦ᠍ ᠠᠮᠢᠳᠤᠷᠠᠭ᠍ᠰᠠᠨ ᠭᠤᠤ ᠽᠢ ᠱᠢᠨ᠎ᠤ ᠬᠦᠰᠡᠯ ᠪᠣᠯ ᠺᠠᠷᠲ᠋ᠤᠨ ᠬᠦᠮᠦᠨ᠎ᠤ ᠲᠤᠬ᠍ᠯᠠᠭᠠᠮ ᠠᠪᠬᠤ ᠶᠠᠪᠤᠳᠠᠯ ᠪᠣᠯᠤᠨ᠎ᠠ᠂ ᠲᠡᠭᠦᠨ᠎ᠤ ᠠᠪᠤ᠎ᠨᠢ ᠡᠳᠦᠷ ᠪᠦᠷᠢ ᠠᠴᠢᠶᠠᠨ᠎ᠤ ᠮᠠᠱᠢᠨ ᠲᠡᠷᠭᠡ ᠵᠢᠯᠣᠭᠤᠳᠴᠤ᠌ ᠭᠠᠵᠠᠷ ᠪᠣᠯᠭᠠᠨ᠎ᠳᠤ ᠪᠠᠷᠠᠭ᠎ᠠ ᠬᠤᠳᠠᠯᠳᠤᠳᠠᠭ᠃ 《ᠠᠪᠤ ᠮᠢᠨᠢ ᠮᠢᠨᠤ ᠡᠳᠡᠭᠡᠷ ᠶᠠᠭᠤᠮ᠎ᠠ᠎ᠶ᠋ᠢ ᠬᠤᠳᠠᠯᠳᠤᠨ ᠠᠪᠴᠦ᠍ ᠬᠠᠳᠠᠭᠠᠯᠠᠬᠤ᠎ᠶ᠋ᠢ ᠳᠡᠮᠵᠢᠳᠡᠭ》 ᠭᠡᠵᠦ᠍ ᠲᠡᠷᠡ ᠤᠷᠤᠭᠤᠯ ᠴᠤᠷᠪᠤᠢᠯᠭᠠᠨ ᠶᠠᠷᠢᠨ᠎ᠠ᠃

ᠵᠡᠷᠭᠡᠯᠡᠳᠡᠭᠡ ᠬᠤᠷᠠᠯ᠎ᠤᠨ ᠭᠡᠷ᠎ᠲᠤ ᠰᠤᠷᠭᠠᠭᠤᠯᠢ᠎ᠶ᠋ᠢᠨ ᠵᠠᠬᠢᠷᠤᠯ ᠸᠠᠩ ᡁᠢ ᠹᠧᠩ᠄ 《ᠰᠤᠷᠭᠠᠭᠤᠯᠢ ᠨᠣᠮ᠎ᠤᠨ ᠰᠠᠩ ᠪᠠᠢᠭᠤᠯᠬᠤ ᠰᠠᠨᠠᠭ᠎ᠠ᠎ᠲᠠᠢ᠂ ᠨᠠᠩ ᠣᠯᠠᠨ ᠬᠦᠮᠦᠨ᠎ᠤ ᠨᠣᠮ ᠰᠤᠳᠤᠷ ᠬᠠᠨᠳᠢᠪᠯᠠᠬᠤ᠎ᠶ᠋ᠢ ᠬᠦᠰᠡᠵᠦ᠍ ᠪᠠᠢᠨ᠎ᠠ᠃ ᠡᠭᠦᠨ᠎ᠠᠴᠠ ᠭᠠᠳᠠᠨ᠎ᠠ ᠡᠮᠡᠭ᠌ᠲᠡᠢ ᠰᠤᠷᠤᠭ᠍ᠴᠢ᠎ᠶ᠋ᠢᠨ ᠪᠠᠢᠷᠢ᠎ᠳᠤ ᠱᠢᠨ᠎ᠠ᠎ᠪᠠᠷ 120 ᠢᠵᠢ ᠣᠷᠣ ᠨᠡᠮᠡᠵᠦ᠍ ᠥᠭ᠌ᠬᠦ᠎ᠶ᠋ᠢ ᠬᠦᠰᠡᠵᠦ᠍ ᠪᠠᠢᠨ᠎ᠠ᠂ ᠪᠠᠷᠤᠭ 4 ᠲᠦᠮᠡᠨ ᠲᠥᠭᠦᠷᠢᠭ᠎ᠲᠠᠢ ᠪᠤᠯ ᠡᠳᠡᠬᠡᠷ ᠤᠷᠤ᠎ᠶ᠋ᠢ ᠪᠠᠵᠠᠭᠠᠴᠢᠬᠠᠨ᠎ᠠ》 ᠬᠡᠵᠤ ᠥᠪᠡᠷ᠎ᠤᠨ ᠬᠦᠰᠡᠯ᠎ᠢᠶᠠᠨ ᠳᠡᠯᠭᠡᠨ᠎ᠠ᠃

ᠥᠪᠥᠷ ᠮᠣᠩᠭᠤᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶ᠋ᠢᠨ ᠦᠢᠯᠡᠴᠢᠯᠡᠭᠡᠨ᠎ᠤ ᠠᠩᠬᠢ᠎ᠶ᠋ᠢ ᠳᠠᠭᠠᠭᠤᠯᠤᠭ᠍ᠰᠠᠨ ᠤᠳᠤᠷᠢᠳᠤᠯᠭ᠎ᠠ᠄ 《ᠲᠤᠰ ᠤᠳᠠᠭ᠎ᠠ᠎ᠶ᠋ᠢᠨ ᠠᠵᠢᠯᠯᠠᠭ᠎ᠠ ᠪᠣᠯ ᠰᠣᠨᠢᠨ᠎ᠤ ᠬᠤᠷᠢᠶ᠎ᠠ᠎ᠶ᠋ᠢᠨ ᠪᠣᠳᠠᠲᠤ ᠪᠠᠢᠳᠠᠯ᠎ᠲᠠᠢ᠎ᠪᠠᠨ ᠤᠶᠠᠯᠳᠤᠭᠤᠯᠵᠤ᠂ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠢ ᠰᠤᠷᠤᠬ᠍ᠴᠢ ᠵᠢᠴᠢ ᠭᠡᠷ᠎ᠤᠨ ᠠᠬᠠᠮᠠᠳ᠎ᠤᠨ ᠪᠣᠳᠠᠲᠠᠢ ᠬᠦᠴᠢᠷᠳᠡᠯ᠎ᠢ ᠱᠢᠢᠳᠪᠦᠷᠢᠯᠡᠬᠦ᠌᠎ᠲᠠᠢ ᠤᠶᠠᠯᠳᠤᠭᠤᠯᠵᠤ ᠥᠷᠨᠢᠭᠦᠯᠦᠭ᠌ᠰᠡᠨ ᠠᠵᠢᠯᠯᠠᠭ᠎ᠠ ᠪᠣᠯᠤᠨ᠎ᠠ᠃ ᠪᠢᠳᠡ ᠰᠤᠷᠭᠠᠭᠤᠯᠢ ᠪᠣᠯᠤᠨ ᠬᠡᠦᠬᠡᠳ᠎ᠤᠳ᠎ᠤᠨ ᠬᠦᠰᠡᠯ ᠨᠢᠬᠡ ᠪᠦᠷᠢ᠎ᠶ᠋ᠢ ᠬᠦᠯᠢᠶᠡᠨ ᠠᠪᠬᠤ᠎ᠶ᠋ᠢᠨ ᠬᠠᠮᠳᠤ ᠨᠡᠢᠭᠡᠮ᠎ᠤᠨ ᠡᠯ᠎ᠡ ᠡᠲᠡᠭᠡᠳ᠎ᠤᠨ ᠬᠦᠴᠦᠨ᠎ᠢ ᠳᠠᠢᠴᠢᠯᠠᠵᠤ ᠲᠠ ᠨᠠᠷ᠎ᠢ ᠬᠠᠪᠰᠤᠷᠤᠨ ᠬᠦᠰᠡᠯ᠎ᠢ ᠴᠢᠨᠢ ᠪᠡᠶᠡᠯᠡᠭᠦᠯᠦᠨ᠎ᠡ》 ᠭᠡᠵᠦ᠍ ᠢᠯᠡᠳᠭᠡᠯ᠎ᠡ᠃ 


QQ图片20210528085621.png


ᠰᠤᠷᠪᠤᠯᠵᠢᠯᠠᠬ᠍ᠴᠢ ᠪᠢᠴᠢᠬᠠᠨ ᠰᠤᠷᠤᠬ᠍ᠴᠢᠳ᠎ᠲᠤ ᠵᠤᠬᠢᠶᠠᠨ ᠪᠢᠴᠢᠯᠭᠡ᠎ᠶ᠋ᠢᠨ ᠪᠤᠯᠪᠠᠰᠤᠷᠠᠯ ᠬᠦᠷᠲᠡᠭᠡᠨ᠎ᠡ


QQ图片20210528085629.png


ᠰᠤᠷᠤᠬ᠍ᠴᠢᠳ᠎ᠲᠤ ᠨᠤᠮ ᠬᠠᠨᠳᠢᠪᠯᠠᠨ᠎ᠠ


QQ图片20210528085658.png


ᠰᠤᠷᠪᠤᠯᠵᠢᠯᠠᠬ᠍ᠴᠢ ᠎ᠶ᠋ᠢᠨ ᠠᠰᠠᠭᠤᠯᠳᠠ᠎ᠶ᠋ᠢ ᠬᠠᠷᠢᠭᠤᠯᠤᠨ᠎ᠠ


QQ图片20210528085712.png


ᠳ᠋ᠦᠩ ᠴᠧᠨ ᠰᠤᠷᠭᠠᠭᠤᠯᠢ᠎ᠶ᠋ᠢᠨ ᠴᠡᠴᠡᠷᠯᠢᠭ᠎ᠤᠨ ᠬᠡᠤᠬᠡᠳ ᠬᠠᠮᠳᠦ᠎ᠶ᠋ᠢᠨ ᠰᠡᠬᠦᠳᠡᠷ ᠳᠠᠳᠠᠭᠤᠯᠵᠦ᠍ ᠲᠤᠷᠠᠰᠭᠠᠯ ᠦᠯᠡᠳᠡᠭᠡᠨ᠎ᠡ


 

ᠵᠤᠬᠢᠶᠠᠯ᠄ ᠰᠤᠷᠪᠤᠯᠵᠢᠯᠠᠬ᠍ᠴᠢ ᠰᠦᠨ ᠯᠢ ᠶᠢᠩ ᠰᠠᠴᠤᠷᠠᠯ ᠯᠢ ᠴᠢᠶᠠᠨ

ᠵᠢᠷᠤᠭ᠄ ᠰᠤᠷᠪᠤᠯᠵᠢᠯᠠᠬ᠍ᠴᠢ ᠲᠤᠩᠭᠠᠯᠠᠭ ᠮᠦᠡᠭ᠌ᠭᠡᠴᠢᠯᠠᠭᠤ ᠯᠢᠤ ᠮᠦᠸᠧ ᠮᠦᠸᠧ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号