《ᠾᠧ ᠠᠪᠠᠭ᠎ᠠ ᠭᠡᠷ᠎ᠲᠡᠭᠡᠨ ᠪᠠᠢᠨ᠎ᠠ ᠤᠤ? ᠬᠢᠮᠢ᠎ᠶ᠋ᠢᠨ ᠪᠣᠷᠳᠣᠭᠤᠷ᠂ ᠲᠠᠷᠢᠶᠠᠨ ᠦᠷ᠎ᠡ᠎ᠶ᠋ᠢ ᠴᠢᠨᠢ ᠬᠦᠷᠭᠡᠵᠦ᠍ ᠢᠷᠡᠭ᠌ᠰᠡᠨ!》
ᠣᠢᠷ᠎ᠠ᠎ᠳᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠳᠥᠷᠤᠯ᠎ᠵᠢ ᠪᠠᠯᠭᠠᠰᠤᠨ᠎ᠤ ᠱᠤᠸᠠᠩ᠎ᠶ᠋ᠢᠨ ᠭᠠᠴᠠᠭᠠᠨ᠎ᠤ ᠾᠧ ᠲᠢᠶᠧ ᠱᠦᠨ ᠭᠠᠴᠠᠭᠠᠨ᠎ᠤ᠎ᠪᠠᠨ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠰᠠᠢᠨ ᠲᠤᠷᠠᠴᠤᠳ᠎ᠤᠨ ᠬᠦᠷᠭᠡᠵᠦ᠍ ᠢᠷᠡᠭ᠌ᠰᠡᠨ ᠪᠣᠷᠲᠣᠭᠤᠷ ᠪᠠ ᠲᠠᠷᠢᠶᠠᠨ ᠦᠷ᠎ᠡ᠎ᠶ᠋ᠢ ᠭᠠᠷᠳᠠᠪᠠ᠃
《ᠥᠴᠥᠭᠡᠳᠦᠷ ᠤᠲᠠᠰᠤᠳᠠᠭ᠍ᠰᠠᠨ ᠴᠢᠨᠢ ᠥᠨᠥᠳᠦᠷ ᠬᠠᠷᠢᠠ ᠬᠦᠷᠭᠡᠭᠡᠳ ᠢᠷᠡᠴᠢᠬᠡᠯᠠ᠂ ᠦᠨᠡᠬᠡᠷ ᠶᠠᠭᠠᠬᠢᠵᠤ ᠲᠠᠯᠠᠷᠬᠠᠬᠤ᠎ᠪᠠᠨ ᠤᠯᠬᠤ ᠦᠭᠡᠢ ᠪᠠᠢᠨ᠎ᠠ!》 ᠬᠡᠵᠥ᠍ ᠾᠧ ᠲᠢᠶᠧ ᠱᠦᠨ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠩᠭᠢᠶ᠋ᠢᠨᠬᠢᠨᠢ ᠮᠠᠭ᠍ᠲᠠᠨᠠ᠃
ᠬᠠᠪᠤᠷ᠎ᠠᠴᠠ ᠨᠠᠭᠠᠰᠢ᠂ ᠱᠤᠸᠠᠩ᠎ᠶ᠋ᠢᠨ ᠭᠠᠴᠠᠭ᠎ᠠ ᠤᠨᠴᠠᠯᠢᠬ᠍ᠳᠤ ᠤᠰᠤᠨ ᠲᠤᠲᠤᠷᠭ᠎ᠠ ᠳᠠᠷᠢᠬᠤ ᠪᠣᠳᠠᠲᠤ ᠪᠠᠢᠳᠠᠯ᠎ᠳᠠᠭᠠᠨ ᠰᠠᠭᠤᠷᠢᠯᠠᠵᠤ᠂ ᠲᠤᠲᠤᠷᠭ᠎ᠠ᠎ᠶ᠋ᠢᠨ ᠦᠷ᠎ᠡ᠎ᠶ᠋ᠢ 《ᠣᠷᠣᠯᠠᠨ ᠬᠤᠳᠠᠯᠳᠤᠨ ᠠᠪᠴᠤ᠌ ᠦᠭ᠌ᠬᠦ》 ᠠᠵᠢᠯᠯᠠᠭ᠎ᠠ ᠥᠷᠨᠢᠭᠦᠯᠵᠦ᠍᠂ ᠮᠠᠯᠴᠢᠨ ᠲᠠᠷᠢᠶᠠᠴᠢᠨ 《ᠵᠠᠬᠢᠶᠠᠯᠠᠭ᠎ᠠ ᠲᠤᠭ᠍ᠳᠠᠵᠥ᠍》᠂ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠩᠭᠢ᠎ᠶ᠋ᠢᠨ 《ᠣᠷᠣᠯᠠᠨ ᠬᠤᠳᠠᠯᠳᠤᠨ ᠠᠪᠴᠤ᠌ ᠦᠭ᠌ᠬᠦ》 ᠦᠢᠯᠡᠴᠢᠯᠡᠭᠡᠨ᠎ᠤ ᠵᠠᠭ᠍ᠪᠤᠷ᠎ᠢ ᠬᠡᠷᠡᠭ᠌ᠵᠢᠭᠦᠯᠵᠦ᠍᠂ ᠵᠢᠷᠬᠢᠶ᠎ᠠ᠎ᠪᠠᠷ ᠵᠠᠬᠢᠶᠠᠯᠠᠬᠤ᠂ ᠤᠲᠠᠰᠤ᠎ᠪᠠᠷ ᠪᠣᠯᠵᠣᠬᠤ᠂ ᠪᠠᠷᠠᠭ᠎ᠠ᠎ᠶ᠋ᠢ ᠬᠡᠷ᠎ᠲᠤ᠎ᠨᠢ ᠬᠦᠷᠭᠡᠬᠦ᠌ ᠦᠢᠯᠡᠴᠢᠯᠡᠭᠡ ᠬᠠᠨᠭ᠌ᠭᠠᠵᠥ᠍ ᠪᠠᠢᠨ᠎ᠠ᠃ 《ᠣᠷᠣᠯᠠᠨ ᠬᠤᠳᠠᠯᠳᠤᠨ ᠠᠪᠬᠤ》 ᠬᠡᠯᠪᠡᠷᠢ᠎ᠨᠢ ᠬᠢᠮᠳᠠ ᠦᠨ᠎ᠡ᠎ᠪᠠᠷ ᠴᠢᠨᠠᠷ ᠰᠠᠢᠨ ᠲᠠᠷᠢᠶᠠᠯᠠᠩ᠎ᠤᠨ ᠬᠡᠷᠡᠭ᠌ᠰᠡᠯ᠎ᠢ ᠬᠤᠳᠠᠯᠳᠤᠨ ᠠᠪᠴᠤ᠌ ᠴᠢᠳᠠᠬᠤ᠎ᠪᠠᠷ ᠪᠠᠷᠠᠬᠤ ᠦᠭᠡᠢ ᠪᠠᠰᠠ ᠲᠠᠷᠢᠶᠠᠴᠢᠠ ᠡᠷᠦᠬᠡ᠎ᠶ᠋ᠢᠨ ᠲᠡᠭᠡᠭᠡᠪᠦᠷᠢ᠎ᠶ᠋ᠢᠨ ᠵᠠᠷᠤᠳᠠᠯ᠎ᠢ ᠠᠷᠪᠢᠯᠠᠵᠤ᠂ ᠤᠯᠠᠨ ᠲᠦᠮᠡᠨ᠎ᠳᠤ ᠦᠢᠯᠡᠴᠢᠯᠡᠬᠦ᠌ 《ᠡᠴᠦᠰ᠎ᠤᠨ ᠨᠢᠭᠡ ᠺᠢᠯᠣᠮᠧᠲᠷ》 ᠢ ᠨᠡᠪᠲᠡᠷᠡᠭᠦᠯᠵᠠᠢ᠃
ᠲᠤᠰ ᠬᠤᠱᠢᠭᠤ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠲᠥᠪ᠎ᠲᠤ ᠲᠦᠱᠢᠭ᠌ᠯᠡᠨ᠂ 《ᠣᠯᠠᠨ ᠲᠦᠮᠡᠨ᠎ᠳᠤ ᠪᠣᠳᠠᠲᠤ ᠶᠠᠪᠤᠳᠠᠯ ᠬᠢᠵᠦ᠍ ᠥᠭ᠌ᠬᠦ》 ᠶ᠋ᠢ ᠦᠢᠯᠡᠳᠦᠯᠭᠡᠵᠢᠬᠦᠯᠬᠦ᠂ 《ᠪᠢ ᠲᠠᠨ᠎ᠢ ᠬᠠᠪᠰᠤᠷᠤᠶ᠎ᠠ》 ᠱᠢᠷᠢᠰ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ ᠥᠷᠨᠢᠭᠦᠯᠵᠦ᠍᠂ ᠨᠠᠮ᠎ᠤᠨ ᠲᠡᠦᠬᠡ᠎ᠶ᠋ᠢᠨ ᠰᠤᠷᠤᠯᠴᠠᠯᠭ᠎ᠠ ᠬᠥᠮᠦᠵᠢᠯ᠎ᠢ ᠪᠣᠳᠠᠲᠠᠶ ᠠᠰᠠᠭᠤᠳᠠᠯ᠎ᠢ ᠱᠢᠶᠳᠪᠦᠷᠢᠯᠡᠬᠦ᠌᠎ᠲᠠᠢ ᠤᠶᠠᠯᠳᠤᠭᠤᠯᠤᠨ᠂ ᠣᠯᠠᠨ ᠲᠦᠮᠡᠨ᠎ᠤ ᠪᠠᠴᠢᠮ ᠪᠠ ᠬᠦᠴᠢᠷ ᠲᠦᠪᠡᠭ᠎ᠲᠠᠢ ᠠᠰᠠᠭᠤᠳᠠᠯ᠎ᠢ ᠱᠢᠶᠳᠪᠦᠷᠢᠯᠡᠵᠦ᠍᠂ ᠬᠦᠷᠲᠡᠮᠵᠢ᠎ᠶ᠋ᠢᠨ ᠲᠥᠷᠥᠭ᠌ᠳᠡᠯ᠎ᠢ᠎ᠨᠢ ᠨᠡᠮᠡᠭ᠌ᠳᠡᠬᠦᠯᠵᠤ ᠪᠤᠢ᠃
ᠪᠠᠶᠠᠨᠬᠤᠱᠢᠭᠤ ᠪᠠᠯᠭᠠᠰᠤᠨ᠎ᠤ ᠤᠰᠤᠨ ᠭᠠᠴᠠᠭ᠎ᠠ 《ᠪᠢ ᠴᠢᠮᠠᠶ᠋ᠢ ᠬᠠᠪᠰᠤᠷᠤᠶ᠎ᠠ》 ᠭᠡᠬᠦ᠌ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ᠎ᠶ᠋ᠢ ᠭᠦᠨᠵᠡᠭᠡᠢᠷᠡᠬᠦᠯᠬᠦ᠌ᠶ᠋ᠢᠨ ᠲᠦᠯᠦᠭᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢ ᠲᠦᠭᠡᠮᠡᠯᠵᠢᠭᠦᠯᠬᠦ᠌ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠩᠭᠢ ᠪᠠᠢᠭᠤᠯᠵᠤ᠂ ᠰᠠᠢᠨ ᠳᠤᠷᠠᠴᠤᠳ ᠪᠠᠢᠴᠠᠭᠠᠨ ᠵᠠᠰᠠᠬᠤ᠂ ᠨᠠᠷᠢᠨ ᠲᠠᠢᠯᠪᠤᠷᠢᠯᠠᠬᠤ ᠪᠠ ᠪᠡᠶᠡᠴᠢᠯᠡᠨ ᠵᠢᠭᠠᠬᠤ ᠠᠷᠭ᠎ᠠ᠎ᠪᠠᠷ ᠲᠠᠷᠢᠶᠠᠯᠠᠩ᠎ᠤᠨ ᠮᠠᠱᠢᠨ ᠬᠡᠷᠡᠭ᠌ᠯᠡᠬᠦ᠂ ᠠᠷᠠᠴᠢᠯᠠᠨ ᠬᠠᠮᠠᠭᠠᠯᠠᠬᠤ ᠪᠠ ᠪᠠᠢᠴᠠᠭᠠᠨ ᠵᠠᠰᠠᠬᠤ ᠠᠵᠢᠯ᠎ᠢ ᠵᠡᠷᠭᠡᠯᠡᠳᠡᠭᠡ ᠲᠣᠰᠭᠤᠨ᠎ᠤ ᠲᠠᠷᠢᠶᠠᠴᠢᠨ ᠡᠷᠦᠬᠡ᠂ ᠲᠠᠷᠢᠶᠠᠨ ᠭᠠᠵᠠᠷ᠎ᠲᠤ ᠬᠦᠷᠭᠡᠵᠦ᠍᠂ ᠬᠠᠪᠤᠷ᠎ᠤᠨ ᠲᠠᠷᠢᠶᠠᠯᠠᠭ᠎ᠠ᠎ᠶ᠋ᠢᠨ ᠤᠷᠤᠭ᠍ᠰᠢᠲᠠᠢ ᠶᠠᠪᠤᠭ᠍ᠳᠠᠬᠤ᠎ᠶ᠋ᠢ ᠪᠠᠲᠤᠯᠠᠵᠤ ᠪᠤᠢ᠃
《ᠡᠨᠡ ᠳᠥᠷᠪᠡᠨ ᠬᠦᠷᠳᠦᠲᠦ ᠮᠠᠱᠢᠨ᠎ᠢ ᠤᠳᠠᠭᠠᠨ ᠵᠢᠯ ᠬᠡᠷᠡᠭ᠌ᠯᠡᠵᠥ᠍ ᠪᠠᠢᠬᠤ ᠪᠤᠯᠬᠤᠷ ᠵᠢᠯ ᠪᠦᠷᠢ᠎ᠶ᠋ᠢᠨ ᠬᠠᠪᠤᠷ᠎ᠤᠨ ᠲᠡᠷᠢᠶᠠᠯᠠᠭᠠᠠᠴᠠ ᠡᠮᠤᠨ᠎ᠠ ᠠᠷᠠᠴᠢᠯᠠᠵᠤ ᠬᠠᠮᠠᠭᠠᠯᠠᠳᠠᠭ᠂ ᠡᠨᠡ ᠦᠶ᠎ᠠ᠎ᠳᠤ ᠰᠡᠯᠪᠢᠨ ᠵᠠᠰᠠᠬᠤ ᠠᠵᠢᠯᠴᠢᠳ ᠶᠠᠭᠠᠷᠠᠦ᠂ ᠬᠡᠷ᠎ᠲᠤ ᠢᠷᠡᠵᠤ ᠵᠠᠰᠠᠵᠦ᠍ ᠦᠭ᠌ᠴᠦ ᠳᠡᠢᠯᠬᠦ᠌ ᠥᠬᠡᠶ᠂ ᠰᠡᠯᠪᠢᠨ ᠵᠠᠰᠠᠬᠤ ᠵᠠᠷᠤᠳᠠᠯ᠎ᠨᠢ ᠪᠠᠰᠠ ᠦᠨ᠎ᠠ᠎ᠲᠠᠢ ᠪᠤᠯᠬᠤᠷ ᠭᠠᠷᠭᠠᠵᠥ᠍ ᠲᠡᠢᠯᠬᠦ᠌ ᠦᠬᠡᠢ᠂ ᠡᠨᠡ ᠵᠢᠯ ᠦᠢᠯᠡᠴᠢᠯᠡᠬᠡᠡᠤ ᠰᠠᠢᠠ ᠲᠤᠷᠠᠴᠤᠳ᠎ᠲᠠᠢ ᠤᠲᠠᠰᠤ᠎ᠪᠠᠷ ᠪᠤᠯᠵᠤᠭ᠍ᠰᠠᠠᠳᠤ ᠳᠤᠤᠷ᠎ᠠ᠎ᠨᠢ ᠬᠡᠷ᠎ᠲᠤ ᠢᠷᠡᠭᠡᠳ 〈ᠠᠷᠠᠴᠢᠯᠠᠨ ᠬᠠᠮᠠᠭᠠᠯᠠᠬᠤ᠎ᠳᠤ ᠬᠦᠴᠢᠷ〉 ᠠᠰᠠᠭᠤᠳᠠᠯ᠎ᠤᠳ᠎ᠢ ᠱᠢᠢᠳᠪᠦᠷᠢᠯᠡᠨ ᠦᠭ᠌ᠴᠦ᠂ ᠰᠠᠳᠭᠢᠯ᠎ᠤᠨ ᠵᠤᠪᠠᠯᠠᠩ᠎ᠢ ᠠᠷᠢᠯᠭᠠᠭ᠍ᠰᠠᠨ ᠱᠢᠤ》 ᠭᠡᠵᠦ᠍ ᠤᠰᠤᠨ ᠭᠠᠴᠠᠭᠠᠨ᠎ᠤ ᠮᠠᠯᠴᠢᠨ ᠵᠤᠤ ᠮᠤᠤᠨᠤᠬᠠᠢ ᠶᠠᠷᠢᠨ᠎ᠠ᠃
3 ᠰᠠᠷ᠎ᠠ᠎ᠠᠴᠠ ᠬᠤᠷᠴᠢᠨ ᠪᠠᠷᠠᠭᠤᠨ ᠭᠠᠷᠤᠨ ᠳᠤᠮᠳᠠᠳᠤ ᠬᠤᠱᠢᠭᠤᠨ᠎ᠤ ᠱᠢᠨ᠎ᠡ ᠴᠠᠭ ᠦᠶ᠎ᠡ᠎ᠶ᠋ᠢᠨ ᠪᠣᠯᠪᠠᠰᠤᠨ᠎ᠤ ᠦᠢᠯᠡᠳᠦᠯᠭᠡ᠎ᠶ᠋ᠢᠨ ᠲᠥᠪ᠂ ᠪᠣᠯᠪᠠᠰᠤᠨ᠎ᠤ ᠦᠢᠯᠡᠳᠦᠯᠭᠡ᠎ᠶ᠋ᠢᠨ ᠭᠠᠵᠠᠷ (ᠥᠷᠲᠡᠭᠡ) 1250 ᠤᠳᠠᠭ᠎ᠠ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ ᠥᠷᠨᠢᠭᠦᠯᠵᠦ᠍᠂ ᠬᠤᠱᠢᠭᠤᠨ᠎ᠤ ᠱᠢᠭᠤᠳ ᠬᠠᠷᠢᠶ᠎ᠠ ᠪᠠᠢᠭᠤᠯᠭ᠎ᠠ ᠨᠢᠭᠡᠴᠢ 290 ᠤᠳᠠᠭ᠎ᠠ ᠡᠯ᠎ᠡ ᠵᠦᠢᠯ᠎ᠤᠨ ᠰᠠᠢᠨ ᠳᠤᠷ᠎ᠠ᠎ᠶ᠋ᠢᠨ ᠦᠢᠯᠡᠴᠢᠯᠡᠭᠡᠨ᠎ᠤ ᠠᠵᠢᠯᠯᠠᠭ᠎ᠠ ᠦᠷᠨᠢᠭᠦᠯᠪᠡ᠃ ᠲᠤᠰ ᠬᠤᠱᠢᠭᠤ ᠰᠤᠷᠤᠯᠴᠠᠯᠭ᠎ᠠ᠎ᠶ᠋ᠢᠨ ᠦᠷ᠎ᠡ ᠪᠦᠲᠦᠮᠵᠢ᠎ᠶ᠋ᠢ ᠠᠵᠢᠯ᠎ᠤᠨ᠎ᠢᠶᠠᠨ ᠬᠥᠳᠡᠯᠭᠡᠬᠦ᠌ ᠬᠦᠴᠦᠨ ᠪᠣᠯᠭᠠᠨ᠂ ᠣᠯᠠᠨ ᠵᠦᠶᠯ᠎ᠤᠨ ᠠᠷᠭ᠎ᠠ᠎ᠪᠠᠷ ᠲᠠᠮᠵᠢᠭᠤᠯᠤᠨ ᠠᠷᠠᠳ᠎ᠤᠨ ᠠᠮᠢᠳᠤᠷᠠᠯ᠎ᠤᠨ ᠬᠦᠴᠢᠷ ᠠᠰᠠᠭᠤᠳᠠᠯ᠎ᠢ ᠱᠢᠢᠳᠪᠦᠷᠢᠯᠡᠵᠦ᠍᠂ ᠣᠯᠠᠨ ᠲᠦᠮᠡᠨ᠎ᠳᠤ ᠦᠢᠯᠡᠴᠢᠯᠡᠬᠦ᠌ 《ᠡᠴᠦᠰ᠎ᠤᠨ ᠨᠢᠭᠡ ᠺᠢᠯᠣᠮᠧᠲᠷ》 ᠢ ᠨᠡᠪᠲᠡᠷᠡᠭᠦᠯᠵᠦ᠍ ᠪᠠᠢᠨ᠎ᠠ᠃