​ ᠰᠡᠢᠯᠦᠩᠬᠤᠸᠠᠷ᠄ 《ᠮᠠᠯᠴᠢᠨ ᠠᠢᠯ᠎ᠳᠠᠬᠢ ᠵᠢᠭᠤᠯᠴᠢᠯᠠᠯ》 ᠎ᠠᠴᠠ ᠴᠢᠨᠡᠭᠡᠯᠢᠭ᠌ᠵᠢᠯ᠎ᠤᠨ ᠵᠠᠮ ᠵᠤᠷᠠᠢᠨ᠎ᠠ
2021-06-18 17:20:49
ᠵᠣᠬᠢᠶᠠᠭ᠍ᠴᠢ᠄
​ ᠲᠡᠭᠦᠰᠪᠢᠯᠢᠭ ᠯᠢ ᠶᠠᠨ ᠾᠧ ᠱᠢᠶᠤᠤ ᠮᠢᠨ
ᠣᠩᠱᠢᠭ᠍ᠰᠠᠨ ᠣᠳᠠᠭ᠎ᠠ᠄
★★★☆☆

6 ᠰᠠᠷ᠎ᠠ᠎ᠶ᠋ᠢᠨ ᠤᠷᠠᠳ᠎ᠤᠨ ᠲᠠᠯ᠎ᠠ ᠨᠤᠲᠤᠭ ᠬᠦᠬᠡᠷᠡᠨ ᠨᠤᠭᠤᠭᠠᠷᠠᠵᠤ᠂ ᠦᠩᠭᠡ᠎ᠶ᠋ᠢᠨ ᠴᠡᠴᠡᠭ᠎ᠤᠨ ᠮᠢᠷᠠᠯᠵᠠᠭᠠᠨ᠎ᠨᠢ ᠬᠥᠮᠦᠰ᠎ᠢ ᠰᠣᠭ᠍ᠲᠣᠭᠤᠷᠠᠭᠤᠯᠤᠨ᠎ᠠ᠃ ᠤᠷᠠᠳ᠎ᠤᠨ ᠬᠤᠢᠲᠤ ᠬᠤᠱᠢᠭᠤᠨ᠎ᠤ ᠴᠤᠬᠠᠦ᠋ᠠᠳᠤᠷ ᠪᠠᠯᠭᠠᠰᠤᠨ᠎ᠤ ᠤᠯᠠᠭᠠᠨ ᠤᠪᠤᠭ᠎ᠠ ᠭᠠᠴᠠᠭ᠎ᠠ᠎ᠶ᠋ᠢᠨ 《ᠮᠠᠯᠴᠢᠨ ᠠᠢᠯ᠎ᠳᠠᠬᠢ ᠵᠢᠭᠤᠯᠴᠢᠯᠠᠯ》 ᠎ᠤᠨ ᠡᠵᠡᠨ ᠥᠷᠯᠥᠭᠡ ᠡᠷᠲᠡ᠎ᠠᠴᠠ ᠶᠠᠭᠠᠷᠠᠵᠤ᠂ ᠱᠠᠯᠠ ᠬᠦᠰᠡᠷ᠎ᠢᠶᠠᠨ ᠱᠦᠭᠦᠷᠳᠡᠵᠦ᠍ ᠵᠦᠯᠭᠦᠨ᠂ ᠬᠤᠭᠤᠯᠠᠨ᠎ᠤ ᠰᠠᠪᠠ ᠬᠡᠷᠡᠭ᠌ᠰᠡᠯ᠎ᠢᠶᠠᠨ ᠤᠬᠢᠶᠠᠨ ᠠᠷᠢᠭᠤᠳᠭᠠᠵᠤ ᠪᠠᠢᠯ᠎ᠠ᠃

《ᠲᠠ ᠰᠠᠢᠨ ᠤᠤ᠂ ᠪᠢ ᠪᠣᠯ ᠰᠡᠢᠯᠦᠩᠬᠤᠸᠠᠷ᠂ ᠲᠠ ᠬᠡᠳᠦᠬᠦᠯᠡ ᠢᠷᠡᠬᠦ᠌ ᠪᠤᠢ᠂ ᠶᠠᠮᠠᠷ ᠬᠤᠭᠤᠯᠠ ᠵᠡᠬᠢᠶᠠᠯᠡᠨ᠎ᠠ?》 ᠬᠡᠵᠤ 《ᠮᠠᠯᠴᠢᠨ ᠠᠢᠯ᠎ᠳᠠᠬᠢ ᠵᠢᠭᠤᠯᠴᠢᠯᠠᠯ》 ᠎ᠤᠨ ᠡᠵᠡᠨ ᠰᠡᠢᠯᠦᠩᠬᠤᠸᠠᠷ ᠬᠤᠶᠠᠷ ᠡᠳᠦᠷ᠎ᠤᠨ ᠳᠠᠷᠠᠭ᠎ᠠ ᠪᠡᠭᠡᠵᠢᠩ᠎ᠠᠴᠠ ᠢᠷᠡᠬᠦ᠌ ᠬᠡᠵᠤ ᠪᠠᠢᠭ᠎ᠠ ᠵᠢᠭᠤᠯᠴᠢᠯᠠᠬ᠍ᠰᠠᠳ᠎ᠲᠠᠢ᠎ᠪᠠᠨ ᠬᠠᠷᠢᠯᠴᠠᠵᠤ᠂ ᠶᠠᠮᠠᠷ ᠬᠤᠭᠤᠯᠠ ᠤᠮᠳᠠ ᠪᠠᠵᠠᠭᠠᠬᠤ᠎ᠪᠠᠨ ᠲᠤᠬ᠍ᠳᠠᠵᠤ ᠡᠳᠦᠷ᠎ᠤᠨ ᠠᠵᠢᠯ᠎ᠢᠶᠠᠨ ᠡᠬᠢᠯᠡᠬᠦᠯᠦᠯ᠎ᠡ᠃ 《ᠤᠯᠠᠨ ᠵᠢᠭᠤᠯᠴᠢᠯᠠᠬ᠍ᠰᠠᠳ ᠮᠢᠨᠦ᠍ ᠬᠢᠭ᠌ᠰᠡᠨ ᠮᠣᠩᠭᠤᠯ ᠬᠤᠭᠤᠯᠠ᠎ᠶ᠋ᠢ ᠢᠳᠡᠵᠦ᠍ ᠥᠩᠭᠡᠷᠡᠭ᠌ᠰᠡᠨ᠂ ᠲᠡᠬᠡᠬᠡᠳ ᠪᠠᠰᠠ ᠨᠠᠳᠠ᠎ᠳᠤ ᠦᠪᠡᠷ᠎ᠤᠨ ᠨᠠᠢᠵᠠ ᠨᠦᠬᠦᠳ᠎ᠢᠶᠠᠨ ᠲᠠᠨᠢᠯᠴᠠᠭᠤᠯᠵᠤ ᠥᠭ᠌ᠳᠡᠭ᠂ ᠰᠠᠶᠢ᠎ᠶ᠋ᠢᠨ ᠤᠳᠠᠰᠤ᠎ᠪᠠᠷ ᠶᠠᠷᠢᠬ᠍ᠰᠠᠨ ᠪᠡᠭᠡᠵᠢᠩ᠎ᠤᠨ ᠵᠢᠭᠤᠯᠴᠢᠯᠠᠬ᠍ᠴᠢ᠎ᠶ᠋ᠢ ᠴᠤ᠌ ᠮᠢᠨᠦ᠍ ᠠᠳᠡ ᠢᠷᠠᠵᠤ ᠦᠩᠬᠡᠷᠡᠭ᠌ᠰᠡᠨ ᠵᠣᠴᠢᠨ ᠲᠠᠨᠢᠯᠴᠠᠭᠤᠯᠵᠤ ᠦᠭ᠌ᠬᠦᠭ᠌ᠰᠡᠨ ᠶᠤᠮ》 ᠭᠡᠵᠦ᠍ ᠰᠡᠢᠯᠦᠩᠬᠤᠸᠠᠷ ᠢᠨᠢᠶᠡᠮᠰᠦᠭ᠌ᠯᠡᠨ ᠬᠡᠯᠡᠨ᠎ᠡ᠃

ᠰᠡᠢᠯᠦᠩᠬᠤᠸᠠᠷ᠎ᠤᠨ᠎ᠬᠢᠨ ᠱᠢᠨ᠎ᠡ ᠬᠡᠯᠪᠡᠷᠢ᠎ᠪᠠᠷ ᠪᠠᠢᠭᠤᠯᠵᠤ ᠴᠢᠮᠡᠭ᠌ᠯᠡᠭ᠌ᠰᠡᠨ ᠬᠤᠶᠠᠷ ᠮᠣᠩᠭᠤᠯ ᠬᠡᠷ᠎ᠲᠡᠭᠡᠨ 《ᠮᠠᠯᠴᠢᠨ ᠠᠢᠯ᠎ᠳᠠᠬᠢ ᠵᠢᠭᠤᠯᠴᠢᠯᠠᠯ》 ᠎ᠤᠨ ᠦᠢᠯᠡᠰ᠎ᠢ ᠡᠷᠬᠢᠯᠡᠬᠡᠳ ᠨᠢᠭᠡᠨᠲᠡ 6 ᠵᠢᠯ ᠱᠢᠬᠠᠮ ᠪᠤᠯᠵᠤ ᠪᠠᠢᠨ᠎ᠠ᠂ ᠤᠳᠤ ᠵᠢᠯ ᠪᠦᠷᠢ᠎ᠶ᠋ᠢᠨ ᠭᠥᠯᠢᠶᠡᠨ ᠠᠪᠬᠤ ᠵᠢᠭᠤᠯᠴᠢᠯᠠᠬ᠍ᠰᠠᠳ 3000 ᠬᠥᠮᠦᠨ (ᠤᠳᠠᠭ᠎ᠠ) ᠎ᠢ ᠳᠠᠪᠠᠵᠠᠢ᠃ ᠲᠡᠷᠡ᠄ 《ᠤᠳᠤ ᠵᠢᠯ᠎ᠤᠨ ᠣᠷᠣᠯᠭ᠎ᠠ ᠥᠩᠭᠡᠷᠡᠭ᠌ᠰᠡᠨ᠎ᠤ᠎ᠬᠢ᠎ᠠᠴᠠ ᠬᠤᠶᠠᠷ ᠲᠠᠬᠢᠨ ᠨᠡᠮᠡᠭ᠌ᠳᠡᠪᠡ᠂ ᠮᠢᠨᠦ᠍ ᠠᠮᠢᠳᠤᠷᠠᠯ᠎ᠳᠤ ᠡᠢᠮᠦ᠍ ᠶᠡᠭᠡ ᠬᠤᠪᠢᠷᠠᠯᠲᠠ ᠭᠠᠷᠤᠨ᠎ᠠ ᠭᠡᠵᠦ᠍ ᠦᠨᠡᠬᠡᠷ ᠪᠤᠳᠤᠵᠤ ᠤᠯᠤᠬ᠍ᠰᠠᠨ ᠦᠭᠡᠢ》 ᠬᠡᠪᠡ᠃ ᠬᠡᠳᠦ᠋ᠢᠪᠡᠷ ᠲᠤᠬᠠᠶ᠎ᠶ᠋ᠢᠨ ᠭᠠᠵᠠᠷ᠎ᠤᠨ ᠮᠠᠯᠴᠢᠨ ᠪᠣᠯᠪᠠᠴᠤ᠌᠂ ᠰᠡᠢᠯᠦᠩᠬᠤᠸᠠᠷ᠎ᠤᠨ᠎ᠬᠢᠨ ᠨᠤᠳᠤᠭ ᠪᠡᠯᠴᠢᠭᠡᠷ ᠬᠤᠪᠢᠳᠠᠨ ᠤᠯᠤᠭ᠍ᠰᠠᠨ ᠦᠭᠡᠢ ᠤᠴᠢᠷ ᠲᠡᠷᠡ ᠠᠳᠡ ᠲᠡᠨᠳᠡ ᠶᠠᠪᠤᠵᠤ ᠠᠷᠰᠠᠷ ᠠᠵᠢᠯ ᠬᠢᠵᠦ᠍ ᠠᠮᠢᠳᠦᠷᠠᠯ᠎ᠢᠶᠠᠨ ᠠᠷᠭᠠᠴᠠᠭᠠᠳᠠᠭ ᠪᠤᠯᠬᠤᠷ ᠠᠮᠢᠳᠤᠷᠠᠯ᠎ᠨᠢ ᠲᠤᠩ ᠬᠦᠴᠢᠷᠳᠡᠯᠳᠡᠢ ᠪᠠᠢᠬ᠍ᠰᠠᠨ ᠶᠤᠮ᠃

ᠥᠪᠡᠷ᠎ᠢᠶᠠᠨ ᠮᠠᠱᠢᠨ ᠵᠢᠯᠣᠭᠤᠳᠴᠤ᠌ ᠵᠢᠭᠤᠯᠴᠢᠯᠠᠬᠤ ᠬᠦᠮᠦᠰ ᠤᠯᠠᠱᠢᠷᠠᠬᠤ᠎ᠶ᠋ᠢ ᠳᠠᠭᠠᠯᠳᠤᠨ᠂ ᠤᠷᠠᠳ᠎ᠤᠨ ᠬᠤᠢᠲᠤ ᠬᠤᠱᠢᠭᠤᠨ᠎ᠤ ᠥᠷᠭᠡᠨ ᠠᠭᠤᠳᠠᠮ ᠲᠠᠯ᠎ᠠ ᠨᠤᠲᠤᠭ᠎ᠤᠨ ᠭᠠᠢᠬᠠᠮᠱᠢᠭ᠍ᠲᠤ ᠰᠠᠢᠬᠠᠨ ᠪᠠᠢᠭᠠᠯᠢ᠎ᠶ᠋ᠢᠨ ᠦᠵᠡᠮᠵᠢ᠎ᠨᠢ ᠠᠭᠠᠵᠢᠮ᠎ᠢᠶᠠᠷ ᠵᠢᠭᠤᠯᠴᠢᠯᠠᠬ᠍ᠰᠠᠳ᠎ᠤᠨ ᠲᠠᠭᠠᠱᠢᠶᠠᠯ᠎ᠢ ᠣᠯᠵᠠᠢ᠂ ᠡᠨᠡ ᠦᠶ᠎ᠠ᠎ᠳᠤ 《ᠮᠠᠯᠴᠢᠨ ᠠᠢᠯ᠎ᠳᠠᠬᠢ ᠵᠢᠭᠤᠯᠴᠢᠯᠠᠯ》 ᠎ᠤᠨ ᠦᠢᠯᠡᠰ ᠡᠷᠬᠢᠯᠡᠬᠦ᠌᠎ᠨᠢ ᠤᠷᠤᠯᠭ᠎ᠠ᠎ᠪᠠᠨ ᠨᠡᠮᠡᠭ᠌ᠳᠡᠬᠦᠯᠵᠤ ᠪᠤᠯᠬᠤ ᠰᠠᠢᠨ ᠲᠣᠬᠢᠶᠠᠯ ᠪᠤᠯᠤᠨ᠎ᠠ ᠬᠡᠳᠡᠭ᠎ᠢ ᠰᠡᠢᠯᠦᠩᠬᠤᠸᠠᠷ ᠣᠯᠵᠤ ᠮᠡᠳᠡᠵᠡᠢ᠃

ᠲᠡᠭᠡᠭᠡᠳ 2015 ᠣᠨ᠎ᠳᠤ᠂ ᠰᠡᠢᠯᠦᠩᠬᠤᠸᠠᠷ ᠵᠠᠰᠠᠭ᠎ᠤᠨ ᠤᠷᠳᠤᠨ᠎ᠤ ᠦᠢᠯᠡᠰ ᠪᠤᠰᠭᠠᠬᠤ ᠲᠤᠬᠠᠢ ᠲᠥᠷᠥᠯ ᠵᠦᠢᠯ᠎ᠤᠨ ᠨᠥᠬᠦᠪᠥᠷᠢ᠎ᠶ᠋ᠢ ᠬᠦᠷᠲᠡᠵᠦ᠍᠂ ᠲᠡᠭᠡᠷ᠎ᠡ᠎ᠨᠢ ᠪᠡᠰᠡ ᠵᠢᠭᠠᠬᠠᠨ ᠵᠣᠭᠤᠰ ᠵᠢᠭᠡᠯᠡᠵᠦ᠍᠂ ᠨᠢᠭᠡ ᠮᠣᠩᠭᠤᠯ ᠭᠡᠷ ᠪᠤᠰᠭᠠᠵᠤ᠂ 《ᠮᠠᠯᠴᠢᠨ ᠠᠢᠯ᠎ᠳᠠᠬᠢ ᠵᠢᠭᠤᠯᠴᠢᠯᠠᠯ》 ᠡᠷᠬᠢᠯᠡᠪᠡ᠃ 《ᠲᠠᠯ᠎ᠠ ᠨᠤᠳᠤᠭ᠎ᠤᠨ ᠣᠷᠴᠢᠨ ᠲᠣᠭᠤᠷᠢᠨ᠎ᠢᠶᠠᠨ ᠠᠷᠢᠭᠤᠨ ᠴᠡᠪᠡᠷ ᠪᠠᠢᠯᠭᠠᠨ᠎ᠠ᠂ ᠡᠶᠡᠯᠳᠡᠭ ᠤᠪᠤᠷ᠎ᠢᠶᠠᠷ ᠦᠢᠯᠡᠴᠢᠯᠡᠨ᠎ᠠ᠂ ᠵᠤᠴᠢᠳ᠎ᠢᠶᠠᠨ ᠲᠠᠢᠯᠠᠬᠤ ᠬᠤᠭᠤᠯᠠ ᠤᠮᠳᠠ᠎ᠪᠠᠨ ᠠᠮᠳᠠᠳᠠᠢ ᠪᠠᠵᠠᠭᠠᠨ᠎ᠠ ᠁》 ᠡᠨᠡ ᠪᠤᠯ ᠮᠠᠯᠴᠢᠨ ᠬᠦᠮᠦᠨ ᠪᠤᠯᠤᠬ᠍ᠰᠠᠨ ᠰᠡᠢᠯᠦᠩᠬᠤᠸᠠᠷ᠎ᠤᠨ 《ᠮᠠᠯᠴᠢᠨ ᠠᠢᠯ᠎ᠳᠠᠬᠢ ᠵᠢᠭᠤᠯᠴᠢᠯᠠᠯ》 ᠎ᠢ ᠡᠷᠬᠢᠯᠡᠬᠦ᠌ ᠦᠶ᠎ᠠ᠎ᠳᠤ ᠦᠪᠡᠷ᠎ᠤᠨ᠎ᠬᠢ᠎ᠳᠡᠭᠡᠨ ᠲᠤᠬ᠍ᠳᠠᠭᠠᠵᠤ ᠦᠭ᠌ᠬᠦᠭ᠌ᠰᠡᠨ ᠲᠦᠷᠢᠮ ᠪᠠᠢᠯ᠎ᠠ᠃

《〈ᠤᠳᠤ ᠮᠠᠯᠴᠢᠨ ᠠᠢᠯ᠎ᠳᠠᠬᠢ ᠵᠢᠭᠤᠯᠴᠢᠯᠠᠯ〉 ᠎ᠢ ᠡᠷᠬᠢᠯᠡᠬᠦ᠌᠎ᠳᠤ ᠥᠩᠭᠡᠷᠡᠭ᠌ᠰᠡᠨ᠎ᠤ᠎ᠬᠢ᠎ᠲᠠᠢ ᠠᠳᠠᠯᠢ ᠦᠭᠡᠢ ᠪᠣᠯᠵᠠᠢ᠂ ᠵᠢᠭᠤᠯᠴᠢᠯᠠᠭ᠍ᠰᠠᠳ᠎ᠲᠤ ᠬᠤᠭᠤᠯᠠ ᠤᠮᠳᠠ ᠪᠠᠵᠠᠭᠠᠬᠤ ᠲᠠᠯ᠎ᠠ᠎ᠪᠠᠷ ᠱᠢᠨ᠎ᠡ ᠡᠭᠦᠳᠦᠯᠲᠡ᠎ᠲᠠᠢ ᠪᠠᠢᠬᠤ ᠬᠡᠷᠡᠭ᠌ᠳᠡᠢ᠃ ᠵᠢᠭᠤᠯᠴᠢᠯᠠᠬ᠍ᠰᠠᠳ ᠮᠠᠨ᠎ᠤ ᠵᠢᠭᠤᠯᠴᠢᠯᠠᠯ᠎ᠤᠨ ᠴᠡᠭ᠎ᠤᠨ ᠤᠯᠠᠮᠵᠢᠯᠠᠯᠳᠤ ᠠᠷᠭ᠎ᠠ᠎ᠪᠠᠷ ᠬᠢᠭ᠌ᠰᠡᠨ ᠤᠨᠴᠠᠯᠢᠭ᠍ᠳᠤ ᠴᠠᠭᠠᠨ ᠢᠳᠡᠭᠡ᠂ ᠮᠢᠬ᠎ᠠ᠂ ᠬᠠᠭᠤᠷᠤᠭ᠍ᠰᠠᠨ ᠪᠤᠳᠠᠭ᠎ᠠ᠂ ᠥᠷᠥᠮ᠎ᠡ᠎ᠶ᠋ᠢᠨ ᠣᠷᠢᠶᠠᠮᠠᠭ ᠵᠡᠷᠭᠡ᠎ᠶ᠋ᠢ ᠮᠠᠰᠢ ᠪᠠᠭ᠍ᠠᠷᠬᠠᠵᠤ ᠲᠤᠷᠠᠳᠠᠢ ᠢᠳᠡᠳᠡᠭ》 ᠭᠡᠵᠦ᠍ ᠰᠡᠢᠯᠦᠩᠬᠤᠸᠠᠷ ᠶᠠᠷᠢᠨ᠎ᠠ᠃

《ᠮᠠᠯᠴᠢᠨ ᠠᠢᠯ᠎ᠳᠠᠬᠢ ᠵᠢᠭᠤᠯᠴᠢᠯᠠᠯ》 ᠎ᠢ ᠡᠷᠬᠢᠯᠡᠬᠡᠳ ᠠᠷᠠᠢ ᠬᠤᠶᠠᠷ ᠵᠢᠯ ᠪᠣᠯᠤᠭ᠎ᠠ ᠦᠭᠡᠢ᠎ᠪᠠᠷ ᠰᠡᠢᠯᠦᠩᠬᠤᠸᠠᠷ᠎ᠤᠨ ᠬᠦᠯᠢᠶᠡᠨ ᠠᠪᠬᠤ ᠵᠢᠭᠤᠯᠴᠢᠯᠠᠬ᠍ᠰᠠᠳ᠎ᠨᠢ ᠤᠯᠠᠮ᠎ᠢᠶᠠᠷ ᠨᠡᠮᠡᠭ᠌ᠳᠡᠵᠤ᠂ ᠨᠢᠬᠡ ᠮᠤᠩᠭᠤᠯ ᠬᠡᠷ᠎ᠲᠤ ᠪᠠᠭ᠍ᠳᠠᠭᠠᠬᠤ ᠦᠬᠡᠢ ᠪᠤᠯᠵᠠᠢ᠂ ᠲᠡᠬᠡᠬᠡᠳ ᠤᠤᠯ᠎ᠤᠨ ᠮᠤᠩᠭᠤᠯ ᠬᠡᠷ᠎ᠤᠨ᠎ᠢᠶᠠᠨ ᠬᠠᠵᠠᠭᠤ᠎ᠳᠤᠨᠢ ᠪᠠᠰᠠ ᠨᠢᠭᠡ ᠮᠣᠩᠭᠤᠯ ᠭᠡᠷ ᠪᠤᠰᠭᠠᠵᠠᠢ᠃ ᠵᠣᠴᠢᠨ ᠣᠯᠠᠨ ᠦᠶᠡᠰ᠂ ᠰᠡᠢᠯᠦᠩᠬᠤᠸᠠᠷ ᠭᠠᠭ᠍ᠴᠠᠭᠠᠷ᠎ᠢᠶᠠᠨ ᠠᠮᠵᠢᠬᠤ ᠦᠭᠡᠢ ᠪᠤᠯᠬᠤᠷ ᠬᠦᠷᠰᠢ ᠵᠡᠷᠭᠡᠯᠡᠳᠡᠭᠡ ᠠᠢᠯ᠎ᠤᠨ᠎ᠬᠢᠨ ᠢᠷᠡᠵᠦ᠍ ᠬᠠᠪᠰᠤᠷᠳᠠᠭ᠃ ᠲᠡᠭᠦᠨ᠎ᠤ 《ᠮᠠᠯᠴᠢᠨ ᠠᠢᠯ᠎ᠳᠠᠬᠢ ᠵᠢᠭᠤᠯᠴᠢᠯᠠᠯ》 ᠎ᠤᠨ ᠴᠡᠭ᠎ᠲᠤ ᠬᠡᠷᠡᠭ᠌ᠯᠡᠭ᠌ᠳᠡᠳᠡᠭ ᠦᠬᠡᠷ ᠬᠤᠨᠢᠨ ᠮᠢᠬ᠎ᠠ᠂ ᠴᠠᠭᠠᠨ ᠢᠳᠡᠭᠡ ᠵᠡᠷᠬᠡ᠎ᠶ᠋ᠢ ᠴᠦᠮ ᠤᠢ᠍ᠢᠷ᠎ᠠ ᠬᠠᠪᠢ᠎ᠶ᠋ᠢᠨ ᠮᠠᠯᠴᠢᠨ ᠠᠢᠯ᠎ᠠᠴᠠ᠎ᠪᠠᠨ ᠬᠤᠳᠠᠯᠳᠤᠨ ᠠᠪᠲᠠᠭ ᠪᠤᠯᠬᠤᠷ ᠤᠢ᠍ᠢᠷ᠎ᠠ ᠬᠠᠪᠢ᠎ᠶ᠋ᠢᠨ᠎ᠢᠶᠠᠨ ᠮᠠᠯᠴᠢᠳ᠎ᠤᠨ ᠤᠷᠤᠯᠭ᠎ᠠ᠎ᠶ᠋ᠢ ᠴᠤ᠌ ᠨᠡᠮᠡᠭ᠌ᠳᠡᠬᠦᠯᠦᠭ᠌ᠰᠡᠨ ᠪᠠᠢᠨ᠎ᠠ᠃

2018 ᠣᠨ᠎ᠳᠤ᠂ ᠰᠡᠢᠯᠦᠩᠬᠤᠸᠠᠷ ᠪᠠᠰᠠ ᠵᠢᠭᠤᠯᠴᠢᠯᠠᠯ᠎ᠤᠨ ᠦᠢᠯᠡᠴᠢᠯᠡᠬᠡᠨ᠎ᠤ ᠭᠠᠵᠠᠷ᠎ᠢ ᠪᠠᠢᠭᠤᠯᠵᠤ᠂ ᠪᠠᠭᠤᠳᠠᠯ ᠳᠠᠭᠠᠭᠠᠴᠢᠯᠠᠨ ᠠᠪᠴᠤ᠌᠂ ᠲᠠᠸᠠᠷ᠎ᠤᠨ ᠲᠡᠮᠳᠡᠭ ᠳᠠᠩᠰᠠᠯᠠᠭᠤᠯᠤᠨ᠂ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠴᠠᠭᠠᠨ ᠢᠳᠡᠭᠡ᠎ᠶ᠋ᠢ ᠬᠤᠳᠠᠯᠳᠤᠳᠠᠭ ᠪᠤᠯᠪᠠ᠃ ᠤᠯᠤᠰ᠎ᠤᠨ ᠲᠦᠷᠦ᠎ᠶ᠋ᠢᠨ ᠪᠤᠳᠤᠯᠭ᠎ᠠ᠎ᠶ᠋ᠢᠨ ᠰᠠᠢᠨ᠎ᠢᠶᠠᠷ᠂ ᠰᠡᠢᠯᠦᠩᠬᠤᠸᠠᠷ᠎ᠤᠨ᠎ᠬᠢᠨ᠎ᠤ ᠠᠮᠢᠳᠤᠷᠠᠯ ᠡᠳᠦᠷ᠎ᠠᠴᠠ ᠡᠳᠦᠷ ᠦᠬᠡᠳᠡᠯᠡᠨ ᠴᠢᠨᠡᠬᠡᠯᠢᠭ᠌ᠵᠢᠵᠤ ᠪᠠᠢᠨ᠎ᠠ᠃

 

4015630_wangyy_1623835878123_m.jpg

 

               ᠰᠡᠢᠯᠦᠩᠬᠤᠸᠠᠷ ᠮᠣᠩᠭᠤᠯ ᠭᠡᠷ᠎ᠤᠨ᠎ᠢᠶᠠᠨ ᠡᠮᠦᠨ᠎ᠡ


4015642_wangyy_1623835936723_m.jpg


              ᠰᠡᠢᠯᠦᠩᠬᠤᠸᠠᠷ ᠬᠤᠭᠤᠯᠠᠠ ᠱᠢᠷᠡᠭᠡ᠎ᠪᠠᠨ ᠴᠡᠪᠡᠷᠯᠡᠨ᠎ᠡ

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号