ᠤᠷᠤᠬ᠍ᠰᠢᠯᠠᠯᠳᠠ᠎ᠶ᠋ᠢᠨ ᠵᠠᠮ᠎ᠢ ᠭᠡᠷᠡᠯᠲᠦᠭᠦᠯᠦᠭ᠌ᠰᠡᠨ ᠮᠣᠷᠢᠨ ᠳ᠋ᠧᠩ
2021-06-18 19:48:04
ᠵᠣᠬᠢᠶᠠᠭ᠍ᠴᠢ᠄
ᠯᠢᠦ ᡁᠢ ᠴᠢᠶᠠᠩ
ᠣᠩᠱᠢᠭ᠍ᠰᠠᠨ ᠣᠳᠠᠭ᠎ᠠ᠄
★★★☆☆

ᠭᠦᠢᠵᠧᠦ ᠮᠤᠵᠢ᠎ᠶ᠋ᠢᠨ ᠽᠦᠨ ᠢ ᠬᠤᠳᠠ᠎ᠶ᠋ᠢᠨ ᠪᠥᠸᠧ ᠵᠧᠦ ᠲᠣᠭᠤᠷᠢᠭ᠎ᠤᠨ ᠹᠧᠩ ᠱᠢᠶᠠᠩ ᠪᠠᠯᠭᠠᠰᠤᠨ᠎ᠤ ᠭᠸᠤ ᠪᠠ ᠲᠣᠰᠭᠤᠨ᠎ᠳᠤ ᠨᠢᠭᠡᠨ ᠤᠯᠠᠭᠠᠨ ᠴᠡᠷᠢᠭ᠎ᠤᠨ ᠮᠤᠷᠢᠨ ᠳ᠋ᠧᠩ᠎ᠤᠨ ᠣᠷᠳᠣᠨ ᠪᠠᠢᠵᠤ᠂ ᠠᠳᠡ 30 ᠮᠤᠷᠢᠨ ᠳ᠋ᠧᠩ᠎ᠢ ᠳᠡᠯᠭᠡᠨ ᠦᠵᠡᠭᠦᠯᠵᠦ᠍ ᠪᠤᠢ᠃ ᠮᠣᠷᠢᠨ ᠳ᠋ᠧᠩ᠎ᠤᠳ᠎ᠤᠨ ᠬᠡᠯᠪᠡᠷᠢ ᠳᠦᠷᠰᠦ᠎ᠨᠢ ᠤᠨᠳᠤᠤ᠂ ᠤᠨ ᠵᠢᠯ᠎ᠤᠨ ᠲᠡᠦᠬᠡ᠎ᠶ᠋ᠢᠨ ᠰᠠᠯᠬᠢ ᠪᠣᠷᠣᠭᠠᠨ᠎ᠢ ᠦᠡᠭ᠌ᠭᠡᠷᠡᠬᠦᠯᠦᠭ᠌ᠰᠡᠨ᠎ᠨᠢ ᠢᠯᠡᠭᠡᠨ ᠪᠠᠢᠪᠠ᠃

ᠮᠤᠷᠢᠨ ᠳ᠋ᠧᠩ ᠨᠢᠬᠡ ᠪᠦᠷᠢ᠎ᠨᠢ 80 ᠭᠠᠷᠤᠢ ᠵᠢᠯ᠎ᠤᠨ ᠡᠮᠦᠨᠡᠬᠢ ᠬᠤᠪᠣᠷ ᠨᠠᠨᠳᠢᠨ ᠲᠡᠦᠬᠡ᠎ᠶ᠋ᠢ ᠭᠡᠷᠡᠴᠢᠯᠡᠵᠤ ᠪᠤᠢ᠃

1935 ᠣᠨ᠎ᠤ 2 ᠰᠠᠷ᠎ᠠ᠎ᠶ᠋ᠢᠨ ᠰᠡᠭᠦᠯᠴᠢ᠎ᠪᠠᠷ᠂ ᠲᠥᠪ᠎ᠤᠨ ᠤᠯᠠᠭᠠᠨ ᠴᠡᠷᠢᠭ ᠊ᠤᠣᠢ ᠱᠦᠢ ᠡᠾᠧ ᠭᠤᠣᠯ᠎ᠢ ᠬᠤᠶᠠᠷᠳᠠ ᠭᠡᠲᠦᠯᠵᠦ᠍᠂ ᠽᠦᠨ ᠢ᠎ᠶ᠋ᠢ ᠳᠠᠬᠢᠨᠲᠠ ᠡᠵᠡᠯᠡᠪᠡ᠃ 3 ᠰᠠᠷ᠎ᠠ᠎ᠶ᠋ᠢᠨ 10 ᠎ᠤ ᠡᠳᠦᠷ᠎ᠤᠨ ᠥᠷᠯᠥᠭᠡ᠂ ᠲᠥᠪ᠎ᠤᠨ ᠬᠤᠪᠢᠰᠭᠠᠯᠲᠤ ᠴᠡᠷᠢᠭ᠎ᠤᠨ ᠶᠠᠪᠤᠳᠠᠯ᠎ᠤᠨ ᠬᠤᠷᠢᠶ᠎ᠠ ᠤᠯᠠᠭᠠᠨ ᠨᠢᠭᠡᠳᠦᠭᠡᠷ ᠨᠢᠭᠡᠳᠭᠡᠯ ᠠᠷᠮᠢ᠎ᠶ᠋ᠢᠨ ᠪᠠᠴᠢᠮ ᠴᠠᠬᠢᠯᠭᠠᠨ ᠮᠡᠳᠡᠭᠡ᠎ᠶ᠋ᠢ ᠣᠯᠵᠤ᠂ ᠳ᠋ᠠ ᠭᠦ᠋ ᠱᠢᠨ ᠴᠠᠩ (ᠤᠳᠤ᠎ᠶ᠋ᠢᠨ ᠭᠦᠢᠵᠧᠦ᠎ᠶ᠋ᠢᠨ ᠵᠢᠨᠱᠠ ᠱᠢᠶᠠᠨ) ᠎ᠤᠨ ᠰᠠᠬᠢᠭᠤᠯ ᠳᠠᠢᠰᠤᠨ᠎ᠢ ᠳᠠᠭᠠᠷᠢᠨ ᠴᠣᠬᠢᠬᠤ᠎ᠶ᠋ᠢ ᠭᠤᠶᠤᠴᠢᠯᠠᠪᠠ᠃ ᠳ᠋ᠠ ᠬᠦ᠋ ᠱᠢᠨ ᠴᠠᠩ᠎ᠤᠨ ᠪᠠᠬᠢᠯᠡᠯᠲᠡ᠎ᠨᠢ ᠪᠠᠲᠤ ᠪᠠᠬᠢ ᠪᠠᠢᠵᠤ ᠰᠠᠬᠢᠬᠤ᠎ᠳᠤ ᠠᠮᠠᠷ ᠳᠠᠭᠠᠷᠢᠬᠤ᠎ᠳᠤ ᠬᠦᠴᠢᠷ ᠪᠠᠢᠪᠠ᠃ 1935 ᠣᠨ᠎ᠤ 3 ᠰᠠᠷ᠎ᠠ᠎ᠶ᠋ᠢᠨ 10 ᠎ᠤ ᠡᠳᠦᠷ᠎ᠠᠴᠠ 11 ᠎ᠤ ᠡᠳᠦᠷ ᠪᠣᠯᠲᠠᠯ᠎ᠠ᠂ ᠲᠥᠪ᠎ᠤᠨ ᠤᠯᠠᠭᠠᠨ ᠴᠡᠷᠢᠭ ᠭᠧᠤ ᠪᠠ ᠲᠣᠰᠭᠤᠨ᠎ᠳᠤ ᠥᠷᠭᠡᠳᠭᠡᠭ᠌ᠰᠡᠨ ᠬᠤᠷᠠᠯ ᠬᠢᠵᠦ᠍᠂ ᠲᠠᠢᠰᠤᠨ᠎ᠢ ᠪᠠᠢᠯᠳᠤᠬᠤ ᠡᠰᠡᠬᠦ᠌᠎ᠶ᠋ᠢᠨ ᠲᠣᠭᠤᠷᠢᠨ᠎ᠳᠤ ᠱᠢᠷᠦᠭᠦᠨ ᠮᠠᠷᠭᠤᠯᠳᠤᠭᠠᠨ ᠥᠷᠨᠢᠭᠦᠯᠵᠠᠢ᠃

ᠡᠭᠦᠨ᠎ᠤ ᠲᠤᠬᠠᠢ᠂ ᠲᠥᠪ᠎ᠤᠨ ᠨᠠᠮ᠎ᠤᠨ ᠲᠡᠦᠬᠡ ᠰᠤᠳᠤᠯᠬᠤ ᠲᠠᠰᠤᠭ᠎ᠤᠨ ᠤᠤᠯ᠎ᠤᠨ ᠳᠡᠳ᠋ ᠡᠷᠬᠢᠯᠡᠭ᠌ᠴᠢ ᠱ᠌ᠢ ᠵᠦᠩ ᠴᠢᠤᠸᠠᠨ 《ᠤᠷᠳᠤ ᠵᠠᠮ᠎ᠤᠨ ᠠᠶᠠᠨ ᠲᠠᠢᠨ᠎ᠤ ᠠᠶᠠᠯᠠᠯ》 ᠭᠡᠬᠦ᠌ ᠨᠣᠮ᠎ᠳᠠᠭᠠᠨ᠄ ᠪᠦᠬᠦᠯᠢ ᠨᠢᠭᠡ ᠡᠳᠦᠷ ᠬᠤᠷᠠᠯ ᠬᠢᠵᠦ᠍᠂ ᠮᠠᠰᠢ ᠱᠢᠷᠦᠭᠦᠨ ᠮᠠᠷᠭᠤᠯᠳᠤᠪᠠ᠂ ᠭᠠᠭ᠍ᠴᠠ ᠮᠠᠤ ᠽᠧ ᠳ᠋ᠦᠩ ᠯᠡ ᠲᠠᠢᠰᠤᠨ᠎ᠢ ᠴᠣᠬᠢᠬᠤ᠎ᠶ᠋ᠢ ᠵᠥᠪᠱᠢᠶᠡᠷᠡᠬᠦ᠌ ᠦᠭᠡᠢ ᠪᠠᠢᠵᠤ᠂ ᠪᠠᠬᠢᠯᠡᠨ ᠰᠠᠬᠢᠵᠤ ᠪᠠᠢᠭ᠎ᠠ ᠳᠠᠢᠰᠤᠨ᠎ᠢ ᠴᠣᠬᠢᠵᠤ ᠪᠣᠯᠬᠤ ᠦᠭᠡᠢ᠂ ᠲᠡᠢᠯᠬᠦ᠌᠎ᠳᠤ ᠪᠡᠷᠬᠡ ᠲᠠᠢᠨ᠎ᠢ ᠬᠢᠵᠤ ᠪᠣᠯᠬᠤ ᠦᠭᠡᠢ᠂ ᠬᠠᠷᠢᠨ ᠬᠥᠳᠡᠯᠭᠡᠭᠡᠨᠲᠦ ᠪᠠᠢᠯᠳᠤᠭᠠᠨ᠎ᠤ ᠳᠤᠮᠳᠠ ᠳᠠᠢᠰᠤᠨ᠎ᠢ ᠤᠰᠠᠳᠭᠠᠪᠡᠯ ᠵᠤᠬᠢᠨ᠎ᠡ ᠭᠡᠵᠦ᠍ ᠲᠠᠬᠢᠨ ᠳᠠᠪᠲᠠᠨ ᠴᠢᠬᠤᠯᠠᠴᠢᠯᠠᠪᠠ᠃

ᠵᠧᠦ ᠡᠸᠨ ᠯᠠᠶ 《ᠨᠠᠮ᠎ᠤᠨ ᠲᠡᠦᠬᠡᠨ ᠰᠤᠷᠭᠠᠮᠵᠢ》 ᠬᠡᠬᠦ᠌ ᠪᠦᠳᠦᠬᠡᠯ᠎ᠳᠡᠭᠡᠨ᠄ 《ᠪᠤᠰᠤᠳ ᠬᠥᠮᠦᠰ᠎ᠨᠢ ᠰᠠᠨᠠᠯ ᠨᠢᠭᠡᠳᠦᠯᠲᠡᠶ᠎ᠪᠠᠷ ᠲᠠᠢᠰᠤᠨ᠎ᠢ ᠴᠣᠬᠢᠬᠤ᠎ᠪᠠᠷ ᠪᠤᠯᠤᠬ᠍ᠰᠠᠨ ᠁ ᠬᠡᠪᠡᠴᠤ᠌ ᠮᠠᠤ ᠲᠡᠷᠢᠭᠦᠯᠡᠭ᠌ᠴᠢ ᠬᠠᠷᠢᠭᠠᠳ ᠮᠥᠨ ᠯᠡ ᠰᠠᠨᠠᠭ᠎ᠠ ᠠᠮᠤᠷ ᠦᠭᠡᠢ᠂ ᠢᠩᠭᠢᠵᠦ᠍ ᠬᠢᠬᠦ᠌᠎ᠨᠢ ᠲᠠᠭᠠᠷᠠᠬᠤ ᠦᠭᠡᠢ ᠭᠡᠮᠨᠨ ᠪᠤᠳᠤᠵᠦ᠍᠂ ᠰᠥᠨᠢ ᠳᠦᠯᠢ᠎ᠪᠠᠷ ᠳ᠋ᠧᠩ ᠠᠰᠠᠭᠠᠵᠤ ᠪᠠᠰᠠ ᠯᠠ ᠮᠢᠨᠦ᠍ ᠲᠡᠨᠳᠡ ᠬᠦᠷᠴᠤ᠌᠂ ᠨᠠᠳᠠ᠎ᠶ᠋ᠢ ᠲᠠᠢᠨ ᠬᠢᠬᠦ᠌ ᠵᠠᠷᠯᠢᠭ᠎ᠢᠶᠠᠨ ᠲᠦᠷ ᠬᠤᠢᠱᠢᠯᠠᠭᠤᠯᠵᠤ ᠪᠠᠢᠭᠠᠳ ᠪᠠᠭᠤᠯᠭ᠎ᠠ᠂ ᠬᠠᠱᠢᠯᠠ ᠪᠠᠰᠠ ᠪᠤᠳᠤᠵᠤ ᠦᠵᠡᠬᠦ᠌ ᠬᠡᠷᠡᠭ᠌ᠳᠡᠢ ᠭᠡᠪᠠ᠃ ᠪᠢ ᠮᠠᠤ ᠲᠡᠷᠢᠭᠦᠯᠡᠭ᠌ᠴᠢ᠎ᠶ᠋ᠢᠨ ᠰᠠᠨᠠᠯ᠎ᠢ ᠬᠦᠯᠢᠶᠡᠨ ᠠᠪᠴᠤ᠌᠂ ᠲᠡᠷᠠᠭ᠎ᠠ ᠥᠷᠯᠥᠭᠡ ᠡᠷᠲᠡ᠎ᠨᠢ ᠲᠠᠬᠢᠨ ᠬᠤᠷᠠᠯ ᠬᠢᠵᠤ ᠪᠠᠢᠭᠠᠳ ᠤᠯᠠᠨ᠎ᠢ ᠬᠡᠯᠡᠵᠦ᠍ ᠪᠢᠱᠢᠷᠡᠭᠦᠯᠦᠭ᠌ᠰᠡᠨ ᠶᠤᠮ》 ᠭᠡᠵᠤ ᠡᠷᠬᠢᠴᠠᠬᠦᠯᠪᠠ᠃

ᠬᠤᠵᠢᠮ᠎ᠨᠢ ᠤᠯᠵᠤ ᠮᠡᠳᠡᠭ᠌ᠰᠡᠨ᠎ᠢᠶᠠᠷ᠂ ᠲᠤᠬᠠᠢ᠎ᠶ᠋ᠢᠨ ᠦᠶ᠎ᠠ᠎ᠳᠤ ᠵᠢᠶᠠᠩ ᠵᠢᠶᠧ ᠱ᠌ᠢ ᠨᠢᠬᠡᠨᠳᠡ ᠶᠡᠭᠡ ᠴᠡᠷᠢᠭ᠎ᠢᠶᠠᠷ ᠳ᠋ᠠ ᠬᠥ᠋ ᠱᠢᠨ ᠴᠠᠩ᠎ᠢ ᠴᠣᠬᠢᠭᠤᠯᠬᠤ᠎ᠪᠠᠷ ᠵᠠᠷᠯᠢᠭ᠍ᠳᠠᠬ᠍ᠰᠠᠨ ᠪᠠᠢᠨ᠎ᠠ᠂ ᠤᠯᠠᠭᠠᠨ ᠴᠡᠷᠢᠭ ᠨᠡᠭᠡᠷᠡᠨ ᠱᠢᠭᠤᠳ ᠳᠠᠭᠠᠷᠢᠯᠲᠠ ᠬᠢᠭ᠌ᠰᠡᠨ ᠪᠤᠯ ᠯᠠᠪᠲᠠᠶ ᠲᠠᠢᠰᠤᠨ᠎ᠤ ᠪᠦᠰᠡᠯᠡᠯᠲᠡ᠎ᠳᠤ ᠤᠷᠤᠬᠤ ᠪᠤᠯᠤᠨ᠎ᠡ᠃

3 ᠰᠠᠷ᠎ᠠ᠎ᠶ᠋ᠢᠨ ᠳᠤᠮᠳᠠᠴᠢ᠎ᠪᠠᠷ᠂ ᠲᠥᠪ ᠬᠤᠷᠢᠶ᠎ᠠ ᠮᠠᠤ ᠽᠧ ᠳ᠋ᠦᠩ᠂ ᠵᠧᠤ ᠡᠸᠨ ᠯᠠᠶ᠂ ᠸᠠᠩ ᠵᠢᠶᠠ ᠱᠢᠶᠠᠩ᠎ᠢᠶᠠᠷ ᠪᠦᠷᠢᠯᠳᠦᠭ᠌ᠰᠡᠨ ᠱᠢᠨ᠎ᠠ 《ᠭᠤᠷᠪᠠᠨ ᠬᠥᠮᠦᠨ᠎ᠤ ᠪᠦᠯᠬᠦᠮ》 ᠎ᠢ ᠪᠠᠢᠭᠤᠯᠵᠤ᠂ ᠵᠧᠦ ᠡᠸᠨ ᠯᠠᠶ᠎ᠪᠠᠷ ᠲᠦᠷᠦᠬᠦᠯᠡᠬᠦᠯᠵᠤ᠂ ᠪᠦᠬᠦ᠌ ᠴᠡᠷᠢᠭ᠎ᠤᠨ ᠴᠡᠷᠢᠭ᠎ᠤᠨ ᠶᠠᠪᠤᠳᠠᠯ᠎ᠤᠨ ᠠᠵᠢᠯᠯᠠᠭ᠎ᠠ᠎ᠶ᠋ᠢ ᠬᠠᠷᠢᠭᠤᠴᠠᠪᠠ᠃

ᠣᠳᠣ ᠭᠧᠦ ᠪᠠ ᠲᠤᠰᠭᠤᠨ᠎ᠳᠤ᠂ ᠲᠤᠬᠠᠶ᠎ᠶ᠋ᠢᠨ ᠵᠢᠯ ᠮᠠᠤ ᠽᠧ ᠳ᠋ᠦᠩ᠎ᠤᠨ ᠠᠯᠬᠤᠯᠠᠵᠤ ᠥᠩᠭᠡᠷᠡᠭ᠌ᠰᠡᠨ ᠵᠥᠷᠢᠭ ᠵᠠᠮ᠎ᠨᠢ 《ᠮᠠᠤ ᠽᠧ ᠳ᠋ᠦᠩ ᠵᠥᠷᠢᠭ》 ᠭᠡᠮᠡᠨ ᠨᠡᠷᠡᠯᠡᠭ᠌ᠳᠡᠪᠡ᠃ ᠮᠠᠤ ᠽᠧ ᠳ᠋ᠦᠩ᠎ᠤᠨ ᠲᠤᠬᠠᠢ᠎ᠶ᠋ᠢᠨ ᠵᠢᠯ᠎ᠤᠨ ᠰᠠᠭᠤᠭ᠎ᠠ ᠭᠠᠵᠠᠷ᠎ᠠᠴᠠ ᠮᠣᠷᠳᠠᠵᠤ᠂ ᠵᠧᠦ ᠧᠨ ᠯᠠᠢ᠎ᠶ᠋ᠢᠨ ᠰᠠᠭᠤᠵᠤ ᠪᠠᠢᠭ᠍ᠰᠠᠨ ᠲᠠᠪᠤᠨ ᠲᠠᠰᠤᠯᠭ᠎ᠠ ᠤᠷᠳᠤ ᠪᠠᠢᠱᠢᠩ ᠬᠦᠷᠳᠡᠯ᠎ᠡ ᠠᠯᠬᠤᠬᠤ᠎ᠳᠤ ᠪᠠᠷᠤᠭ 1.5 ᠺᠢᠯᠤᠮᠧᠳ᠋ᠷ᠎ᠤᠨ ᠵᠠᠮ᠃ ᠬᠥᠳᠡᠭᠡ᠎ᠶ᠋ᠢᠨ ᠡᠨᠡ ᠨᠠᠷᠢᠬᠠᠨ ᠵᠥᠷᠢᠭ᠂ ᠬᠥᠲᠥᠯ ᠳᠠᠪᠠᠭ᠎ᠠ ᠤᠯᠠᠨᠳᠠᠢ ᠪᠦᠭᠡᠳ ᠮᠤᠷᠤᠶ ᠰᠠᠷᠤᠶ᠃

《ᠭᠧᠤ ᠪᠠ᠎ᠶ᠋ᠢᠨ ᠬᠤᠷᠠᠯ ᠪᠣᠯ ᠮᠠᠨ᠎ᠤ ᠨᠠᠮ᠎ᠤᠨ ᠱᠢᠨᠵᠢᠯᠡᠬᠦ᠌ ᠤᠬᠠᠭᠠᠨᠴᠢ ᠠᠷᠠᠳᠴᠢᠯᠠᠯ ᠲᠥᠪᠯᠡᠷᠡᠯ᠎ᠤᠨ ᠶᠤᠰᠦ᠎ᠶ᠋ᠢ ᠰᠦᠪᠡᠭ᠌ᠴᠢᠯᠡᠭ᠌ᠰᠡᠨ ᠨᠢᠭᠡ ᠤᠳᠠᠭ᠎ᠠ᠎ᠶ᠋ᠢᠨ ᠴᠢᠬᠤᠯᠠ ᠦᠢᠯᠡᠳᠦᠯᠭᠡ ᠮᠥᠨ᠃ ᠭᠸᠤ ᠪᠠ᠎ᠶ᠋ᠢᠨ ᠬᠤᠷᠠᠯ᠎ᠨᠢ᠂ ᠡᠪ ᠬᠠᠮᠲᠤ ᠨᠠᠮ᠎ᠤᠨ ᠭᠡᠱᠢᠭᠦᠨ ᠶᠡᠭᠡ ᠲᠠᠯ᠎ᠠ᠎ᠶ᠋ᠢ ᠪᠤᠳᠤᠯᠬᠢᠯᠠᠵᠤ᠂ ᠬᠠᠷᠢᠭᠤᠴᠠᠯᠭ᠎ᠠ ᠡᠭᠦᠷᠭᠡᠯᠡᠵᠦ᠍᠂ ᠨᠠᠮ᠎ᠤᠨ ᠳᠣᠲᠣᠭᠠᠳᠤ᠎ᠶ᠋ᠢᠨ ᠠᠷᠠᠳᠴᠢᠯᠠᠯ᠎ᠢ ᠪᠠᠳᠠᠷᠠᠭᠤᠯᠵᠤ᠂ ᠡᠴᠦᠰ᠎ᠲᠡᠭᠡᠨ ᠪᠣᠳᠠᠲᠤ ᠪᠠᠢᠳᠠᠯ᠎ᠳᠤ ᠨᠡᠢᠴᠡᠭ᠌ᠰᠡᠨ ᠱᠢᠨᠵᠢᠯᠡᠬᠦ᠌ ᠤᠬᠠᠭᠠᠨᠴᠢ ᠱᠢᠢᠳᠪᠦᠷᠢᠲᠦ ᠪᠤᠳᠤᠯᠭ᠎ᠠ᠎ᠶ᠋ᠢ ᠲᠤᠬ᠍ᠳᠠᠭᠠᠵᠤ᠂ ᠵᠥᠪ ᠵᠠᠮ᠎ᠢᠶᠠᠷ ᠵᠠᠮᠨᠠᠬ᠍ᠰᠠᠨ᠎ᠢ ᠭᠡᠷᠡᠴᠢᠯᠡᠵᠡᠢ》 ᠭᠡᠵᠦ᠍ ᠽᠦᠨ ᠢ ᠬᠤᠲᠠ᠎ᠶ᠋ᠢᠨ ᠨᠠᠮ᠎ᠤᠨ ᠲᠡᠦᠬᠡ ᠰᠤᠳᠤᠯᠬᠤ ᠲᠠᠰᠤᠭ᠎ᠤᠨ ᠤᠤᠯ᠎ᠤᠨ ᠡᠷᠬᠢᠯᠡᠭ᠌ᠴᠢ ᠵᠠᠩ ᠴᠢᠶᠠᠨ ᠱᠧᠩ ᠶᠠᠷᠢᠵᠤ ᠪᠢᠯᠡ᠃

                   (ᠱᠢᠨᠬᠤᠸᠠ ᠬᠤᠷᠢᠶᠠᠨ᠎ᠤ ᠬᠦᠢᠶᠠᠩ᠎ᠤᠨ 6 ᠰᠠᠷ᠎ᠡ᠎ᠶ᠋ᠢᠨ 16 ᠎ᠤ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号