ᠤᠶᠤᠡᠴᠢᠮᠡᠭ᠎ᠤᠨ ᠱᠢᠨ᠎ᠠ ᠠᠮᠢᠳᠤᠷᠡᠯ
2021-06-23 08:12:55
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠶᠤᠨᠴᠢᠮᠡᠭ ᠪᠤᠯ ᠱᠢᠨ᠎ᠠ ᠪᠠᠷᠭᠤ ᠵᠠᠬᠦᠨ ᠬᠤᠱᠢᠭᠤᠨ᠎ᠤ ᠠᠮᠤᠭᠤᠯᠠᠩ ᠪᠠᠯᠭᠠᠰᠤᠨ᠎ᠤ ᠬᠤᠨᠳᠤ ᠭᠠᠴᠠᠭᠠᠨ᠎ᠤ ᠮᠠᠯᠴᠢᠨ᠂ ᠭᠡᠳᠤᠨ ᠵᠢᠯ᠎ᠤᠨ ᠡᠮᠤᠨ᠎ᠠ ᠲᠠᠳᠡᠨ᠎ᠤ᠎ᠬᠢᠨ ᠰᠠᠭᠤᠬᠤ ᠭᠡᠷ ᠦᠬᠡᠢ᠂ ᠱᠢᠭᠢᠷ᠎ᠠ ᠮᠠᠯ ᠴᠤ᠌ ᠦᠭᠡᠢ ᠶᠡᠳᠠᠭᠤ ᠬᠦᠴᠢᠷᠳᠡᠯᠲᠡᠢ ᠠᠮᠢᠳᠤᠷᠠᠵᠦ᠍ ᠪᠠᠢᠵᠡᠢ᠃

ᠯᠠ ᠰᠠᠷ᠎ᠠ᠎ᠶ᠋ᠢᠨ ᠰᠡᠬᠦᠯᠴᠢ᠎ᠪᠠᠷ ᠰᠤᠷᠪᠤᠯᠵᠢᠯᠠᠭ᠍ᠴᠢ ᠤᠶᠤᠡᠴᠢᠮᠡᠭ᠎ᠤᠨ᠎ᠬᠢᠨ᠎ᠳᠤ ᠬᠦᠷᠪᠡᠯ ᠮᠡᠯ᠎ᠤᠨ ᠫᠸᠡᠭ ᠰᠠᠷᠡᠪᠴᠢ᠂ ᠮᠡᠱᠢᠨ ᠬᠤᠤᠡᠳᠤᠭ ᠵᠡᠷᠭᠡ ᠦᠢᠯᠡᠤᠡᠪᠤᠷᠢᠯᠡᠯ ᠠᠮᠢᠳᠤᠷᠡᠯ᠎ᠤᠨ ᠲᠦᠭᠦᠭᠡᠷᠤᠮᠵᠢ ᠪᠦᠷᠢᠨ ᠲᠦᠬᠦᠷ ᠪᠠᠢᠯ᠎ᠠ᠃ 《ᠡᠨᠡ ᠪᠤᠯ ᠪᠡᠳᠤᠯᠠᠪᠤᠷᠢ᠎ᠶ᠋ᠢᠨ ᠴᠢᠨᠡᠷᠳᠡᠢ ᠤᠷᠤᠨ ᠰᠠᠭᠤᠴᠠ᠂ ᠲᠤᠬᠠᠢ᠎ᠶ᠋ᠢᠨ ᠦᠶᠡᠰ ᠦᠪᠡᠷ᠎ᠲᠡᠭᠡᠨ ᠭᠠᠷᠭᠠᠬᠤ ᠬᠡᠰᠡᠭ ᠵᠤᠭᠤᠰ᠎ᠢ ᠭᠠᠷᠭᠠᠵᠤ ᠲᠠᠢᠯᠬᠦ᠌ ᠦᠭᠡᠢ ᠪᠤᠯᠬᠤᠷ ᠭᠠᠴᠠᠭᠠᠨ᠎ᠠᠴᠠ ᠭᠠᠷᠭᠠᠵᠤ ᠦᠭ᠌ᠬᠦᠭ᠌ᠰᠡᠨ ᠱᠢᠤ》 ᠬᠡᠵᠥ᠍ ᠤᠶᠤᠨᠴᠢᠮᠡᠭ ᠲᠡᠨᠢᠯᠴᠠᠭᠤᠯᠤᠨ᠎ᠠ᠃

ᠮᠠᠯ ᠦᠭᠡᠢ ᠪᠠᠢᠡᠡᠰᠡᠨ ᠤᠶᠤᠨᠴᠢᠮᠡᠭ ᠤᠳᠤ 11 ᠦᠭᠡᠷ᠎ᠲᠠᠢ ᠪᠤᠯᠵᠤ᠂ 70 ᠭᠠᠷᠤᠢ ᠲᠡᠭ᠌ᠰᠢ ᠲᠦᠷᠪᠡᠯᠵᠢᠨ ᠮᠧᠲᠷ᠎ᠤᠨ ᠲᠤᠭᠤᠰᠭᠠᠨ ᠭᠡᠷ᠎ᠲᠠᠢ ᠪᠤᠯᠵᠡᠢ᠃ ᠦᠢᠯᠡᠤᠡᠪᠤᠷᠢᠯᠡᠯ ᠠᠮᠢᠳᠤᠷᠡᠯ᠎ᠤᠨ ᠨᠦᠬᠦᠴᠡᠯ ᠴᠤ᠌ ᠰᠠᠢᠵᠢᠷᠠᠵᠤ᠂ ᠫᠸᠡᠭ ᠰᠠᠷᠡᠪᠴᠢ᠂ ᠮᠡᠱᠢᠨ ᠬᠤᠤᠡᠳᠤᠭ ᠵᠡᠷᠭᠡ ᠲᠦᠬᠦᠷᠵᠢᠵᠤ᠂ ᠤᠶᠤᠨᠴᠢᠮᠡᠭ᠎ᠤᠨ ᠠᠮᠢᠳᠤᠷᠡᠯ᠎ᠳᠤ ᠦᠨᠳᠤᠰᠤᠨ ᠬᠤᠪᠢᠷᠠᠯᠳᠡ ᠭᠠᠷᠴᠤ᠌᠂ ᠬᠦᠮᠥᠨ ᠲᠤᠮᠳᠠᠴᠢ᠎ᠶ᠋ᠢᠨ ᠵᠢᠯ᠎ᠤᠨ ᠴᠡᠪᠡᠷ ᠤᠷᠤᠯᠭ᠎ᠠ 4 ᠲᠦᠮᠡᠨ ᠲᠦᠬᠦᠷᠢᠭ ᠬᠦᠷᠴᠡᠢ᠃

3 ᠵᠢᠯ᠎ᠤᠨ ᠡᠮᠤᠨ᠎ᠠ ᠰᠤᠷᠪᠤᠯᠵᠢᠯᠬᠠᠴᠢ ᠲᠡᠳᠡᠨ᠎ᠤ᠎ᠬᠢᠨ᠎ᠢᠶᠠᠷ ᠬᠦᠷᠬᠦ᠌᠎ᠳᠤ ᠤᠶᠤᠨᠴᠢᠮᠡᠭ ᠦᠬᠡ ᠲᠠᠭᠤ ᠴᠦᠬᠡᠨᠳᠡᠢ ᠪᠠᠢᠪᠠ᠃ ᠲᠤᠬᠠᠢ᠎ᠶ᠋ᠢᠨ ᠦᠶᠡᠰ ᠠᠮᠢᠳᠤᠷᠡᠯ᠎ᠨᠢ ᠬᠦᠴᠢᠷᠳᠡᠯᠲᠡᠢ᠂ ᠡᠷ᠎ᠠ ᠨᠦᠬᠦᠷ᠎ᠨᠢ ᠪᠡᠰᠠ ᠵᠠᠮᠳᠡᠭ ᠪᠤᠯᠬᠤᠷ ᠠᠮᠢᠳᠤᠷᠠᠯ᠎ᠤᠨ᠎ᠢᠶᠠᠨ ᠲᠦᠯᠥᠬᠡ ᠠᠷᠭ᠎ᠠ ᠦᠬᠡᠢ ᠰᠠᠨᠠᠭ᠎ᠠ ᠪᠤᠯᠵᠤ ᠪᠠᠢᠵᠠᠢ᠃ ᠤᠳᠤ ᠲᠡᠷᠡ ᠨᠠᠯᠢᠶᠡᠤᠨ ᠶᠠᠷᠢᠶ᠎ᠠ ᠬᠦᠬᠡᠷᠦᠬᠡ᠎ᠲᠠᠢ ᠪᠤᠯᠵᠤ᠂ ᠦᠪᠡᠷ᠎ᠤᠨ ᠠᠵᠤ ᠠᠮᠢᠳᠤᠷᠠᠯ᠎ᠤᠨ᠎ᠢᠶᠠᠨ ᠬᠤᠪᠢᠷᠠᠯᠳᠡ ᠱᠢᠨᠡᠴᠢᠯᠡᠯᠳᠠ᠎ᠪᠠᠨ ᠶᠠᠷᠢᠵᠥ᠍ ᠯᠠ ᠪᠠᠢᠯ᠎ᠠ᠃ ᠦᠬᠢᠨ᠎ᠨᠢ ᠶᠡᠭᠡ ᠰᠤᠷᠭᠠᠭᠤᠯᠢ᠎ᠳᠤ ᠱᠢᠯᠭᠠᠵᠤ ᠤᠷᠤᠭᠠᠳ ᠶᠠᠳᠠᠭᠤ᠎ᠶ᠋ᠢ ᠲᠡᠤᠡᠬᠦᠬᠦ᠌ ᠲᠦᠷᠤ᠎ᠶ᠋ᠢᠨ ᠪᠤᠳᠤᠯᠭ᠎ᠠ᠎ᠶ᠋ᠢᠨ ᠠᠴᠢ᠎ᠪᠠᠷ ᠨᠢᠭᠡ ᠯᠡ ᠲᠡᠭᠡᠷ᠎ᠠ 3 ᠲᠦᠮᠡᠨ ᠲᠦᠬᠦᠷᠢᠭ᠎ᠤᠨ ᠨᠦᠬᠦᠪᠤᠷᠢ ᠤᠯᠤᠡᠡᠰᠡᠨ᠂ ᠬᠦᠤ᠎ᠨᠢ 1500 ᠲᠦᠬᠦᠷᠢᠭ᠎ᠤᠨ ᠰᠤᠷᠭᠠᠨ ᠬᠦᠮᠤᠵᠢᠯ᠎ᠤᠨ ᠲᠤᠰᠠᠯᠠᠮᠵᠢ ᠬᠦᠷᠳᠡᠭ᠌ᠰᠡᠡ᠂ ᠤᠳᠤ ᠦᠬᠢᠨ᠎ᠨᠢ ᠶᠡᠭᠡ ᠰᠤᠷᠭᠠᠭᠤᠯᠢ᠎ᠪᠠᠨ ᠲᠡᠬᠦᠰᠭᠡᠭᠡᠤᠨ ᠬᠠᠢᠯᠡᠷ᠎ᠤᠨ ᠨᠢᠭᠡᠨ ᠭᠡᠤᠭᠡᠤᠨ᠎ᠤᠨ ᠴᠡᠴᠡᠷᠯᠢᠭ᠎ᠲᠤ ᠠᠵᠢᠯᠯᠠᠵᠤ ᠪᠠᠢᠬᠤ᠂ ᠬᠤᠱᠢᠭᠤᠨ᠎ᠤ ᠶᠡᠳᠠᠭᠤ᠎ᠶ᠋ᠢ ᠲᠡᠤᠡᠬᠦᠬᠦ᠌ ᠠᠯᠪᠡᠨ ᠭᠡᠷ᠎ᠠᠴᠠ ᠲᠡᠳᠡᠨ᠎ᠳᠤ ᠡᠮ ᠡᠮᠨᠡᠯᠭᠡ᠎ᠶ᠋ᠢᠨ ᠲᠠᠭᠠᠤᠡᠬᠠᠯ᠂ ᠬᠦᠡᠳᠤ ᠡᠪᠡᠤᠡᠴᠢᠨ᠎ᠤ ᠲᠠᠭᠠᠤᠡᠬᠠᠯ᠂ ᠬᠤᠳᠡᠯᠳᠤᠭᠠᠨ᠎ᠤ ᠲᠠᠭᠠᠤᠡᠬᠠᠯ ᠵᠡᠷᠭᠡ᠎ᠶ᠋ᠢ ᠤᠷᠤᠯᠠᠨ ᠲᠤᠱᠢᠶᠠᠵᠤ ᠦᠭ᠌ᠬᠦᠭ᠌ᠰᠡᠨ᠎ᠢᠶᠠᠷ ᠡᠪᠡᠤᠡᠴᠢᠨ ᠦᠵᠡᠬᠦᠯᠬᠦ᠌᠎ᠳᠤ ᠵᠤᠪᠠᠭ᠍ᠤ ᠦᠭᠡᠢ ᠪᠤᠯᠤᠭ᠍ᠰᠠᠨ ᠮᠡᠳᠦᠴᠢᠯᠡᠨ ᠪᠤᠳᠤᠵᠥ᠍ ᠰᠠᠨᠠᠭ᠍ᠰᠠᠠ᠎ᠢᠶᠠᠨ ᠪᠦᠬᠦᠨ᠎ᠢ ᠠᠭᠤᠳᠠᠯᠵᠥ᠍ ᠭᠠᠷᠤᠯ᠎ᠠ᠃

《ᠡᠨᠡ ᠪᠦᠬᠦᠨ ᠪᠦᠷ ᠨᠠᠮ᠎ᠤᠨ ᠠᠴᠢ ᠱᠢᠤ》 ᠬᠡᠵᠥ᠍ ᠤᠶᠤᠨᠴᠢᠮᠡᠭ ᠠᠭᠤᠤ ᠨᠠᠮ᠎ᠳᠠᠭᠠᠨ ᠴᠢᠩ ᠰᠡᠳᠭᠢᠯ᠎ᠠᠴᠠ᠎ᠪᠠᠨ ᠲᠠᠯᠠᠷᠬᠠᠨ᠎ᠠ᠃ ᠡᠨᠠ ᠬᠤᠶᠡᠷ ᠵᠢᠯ ᠲᠡᠷᠡ ᠴᠢᠯᠤᠭᠡ ᠵᠠᠪ᠎ᠢᠶᠠᠷ᠎ᠢᠶᠠᠨ ᠭᠠᠴᠠᠭᠠᠨ᠎ᠳᠠᠭᠠᠨ ᠲᠤᠰᠠ᠎ᠲᠠᠢ ᠠᠵᠢᠯ ᠬᠢᠳᠡᠭ ᠪᠦᠬᠡᠳ ᠨᠢᠳᠤᠨᠤᠨ ᠬᠠᠪᠤᠷ᠎ᠤᠨ ᠬᠢᠵᠢᠭ᠎ᠤᠨ ᠪᠠᠢᠳᠡᠯ᠎ᠢ ᠰᠡᠷᠭᠡᠢᠯᠡᠨ ᠡᠵᠡᠮᠳᠡᠬᠦ᠌ ᠠᠵᠢᠯ᠎ᠳᠤ ᠢᠳᠡᠪᠬᠢᠳᠡᠢ ᠤᠷᠤᠯᠴᠡᠬ᠍ᠰᠠᠠ᠎ᠢᠶᠠᠷ ᠦᠡᠭ᠌ᠭᠡ ᠭᠡᠷᠡᠯᠳᠡᠢ᠎ᠪᠠᠷ ᠪᠡᠯᠡᠤᠡᠭᠡᠯ ᠨᠡᠮ᠎ᠤᠨ ᠭᠡᠱᠢᠬᠦᠨ ᠪᠤᠯᠵᠡᠢ᠃

ᠬᠤᠨᠳᠤ ᠭᠠᠴᠠᠭ᠎ᠠ ᠬᠠᠮᠳᠤ ᠨᠠᠢᠳᠡ᠎ᠶ᠋ᠢᠨ ᠠᠵᠤ ᠠᠬᠤᠢ᠎ᠶ᠋ᠢ ᠬᠦᠭ᠌ᠵᠢᠬᠦᠯᠬᠦ᠌ ᠦᠶᠡᠰ ᠭᠠᠴᠠᠭᠠᠨ᠎ᠤ 60 ᠦᠨᠢᠶ᠎ᠠ᠎ᠪᠠᠨ 12 ᠶᠡᠳᠠᠭᠤ ᠬᠦᠴᠢᠷᠳᠡᠯᠲᠡᠢ ᠡᠷᠤᠭᠡ᠎ᠳᠤ ᠬᠤᠪᠢᠶᠠᠠ ᠲᠠᠭᠠᠭᠠᠴᠢᠯᠡᠭᠤᠯᠪᠠ᠂ ᠡᠬᠦᠨ᠎ᠤ ᠲᠤᠳᠤᠷ᠎ᠠ ᠤᠶᠤᠡᠴᠢᠮᠡᠭ ᠪᠠᠢᠯ᠎ᠠ᠃ ᠲᠠᠷᠠ ᠪᠡᠯᠡᠤᠡᠭᠡᠯ ᠨᠠᠮ᠎ᠤᠨ ᠭᠡᠱᠢᠬᠦᠨ ᠪᠤᠯᠤᠡᠡᠰᠡᠨ᠎ᠤ ᠰᠡᠬᠦᠯᠡᠷ ᠲᠠᠭᠠᠭᠠᠴᠢᠯᠬᠠᠰᠡᠨ ᠦᠨᠢᠶ᠎ᠠ᠎ᠪᠠᠨ ᠰᠠᠨᠠᠭᠠᠴᠢᠯᠠᠭ᠎ᠠ᠎ᠠᠴᠠ᠎ᠪᠠᠨ ᠪᠤᠴᠠᠭᠠᠨ ᠦᠭ᠌ᠴᠤ᠂ ᠬᠠᠮᠳᠤ ᠨᠠᠢᠳᠡ᠎ᠠᠴᠠ ᠤᠯᠭᠤᠬᠤ 《ᠲᠡᠮᠵᠢᠯᠬᠡ》 ᠎ᠶ᠋ᠢ ᠪᠤᠰᠤᠤᠨ ᠶᠡᠳᠠᠭᠤ ᠬᠦᠴᠢᠷᠳᠡᠯᠲᠡᠢ ᠡᠷᠤᠭᠡ᠎ᠳᠤ ᠤᠯᠭᠤᠬᠤ᠎ᠶ᠋ᠢ ᠬᠦᠰᠡᠪᠡ᠃ ᠬᠦᠳᠡᠯᠮᠤᠷᠢᠴᠢ ᠬᠤᠶᠡᠷ ᠭᠠᠷ᠎ᠲᠠᠭᠠᠨ ᠲᠦᠱᠢᠭ᠌ᠯᠡᠵᠤ᠂ ᠠᠮᠢᠳᠤᠷᠡᠯ᠎ᠢᠶᠠᠨ ᠨᠡᠩ ᠰᠠᠢᠨ ᠰᠠᠢᠬᠠᠨ ᠪᠤᠯᠭᠠᠨ᠎ᠠ ᠬᠡᠳᠡᠭ᠎ᠲᠡᠭᠡᠨ ᠲᠡᠷᠡ ᠪᠡᠳᠤ ᠢᠳᠡᠭᠡᠯ᠎ᠲᠠᠢ᠃

《ᠬᠠᠮᠤᠭ᠎ᠤᠨ ᠶᠠᠳᠠᠭᠤ ᠭᠠᠴᠢᠭ᠎ᠲᠠᠢ ᠦᠶ᠎ᠠ᠎ᠳᠤ ᠨᠠᠮ ᠵᠠᠰᠠᠭ᠎ᠠᠴᠠ ᠬᠠᠢᠷ᠎ᠠ ᠬᠠᠯᠠᠮᠵᠢ ᠢᠪᠡᠬᠡᠵᠥ᠍᠂ ᠮᠠᠨ᠎ᠳᠤ ᠰᠠᠢᠨ ᠰᠠᠢᠬᠠᠠ ᠠᠮᠢᠳᠤᠷᠡᠯ᠎ᠢ ᠤᠯᠭᠤᠵᠡᠢ᠃ ᠪᠢ ᠵᠡᠪᠡᠯ ᠴᠢᠷᠮᠠᠢᠨ ᠠᠵᠢᠯᠯᠠᠵᠤ᠂ ᠰᠠᠢᠨ ᠠᠮᠢᠳᠤᠷᠡᠯ᠎ᠢᠶᠠᠨ ᠲᠠᠪᠡᠳᠡᠢ ᠡᠳ᠋ᠯᠡᠵᠤ᠂ ᠰᠠᠢᠨ ᠮᠠᠯᠴᠢᠨ᠂ ᠬᠢᠷᠢ ᠲᠡᠩᠴᠡᠭ᠌ᠰᠡᠨ ᠨᠡᠮ᠎ᠤᠨ ᠭᠡᠱᠢᠬᠦᠨ ᠪᠤᠯᠬᠤ᠎ᠪᠠᠷ ᠴᠢᠷᠮᠠᠢᠨ᠎ᠠ》 ᠭᠡᠵᠤ ᠤᠶᠤᠡᠴᠢᠮᠡᠭ ᠵᠤᠷᠢᠭ᠎ᠢᠶᠠᠨ ᠢᠯᠡᠳᠭᠡᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号